ᠨᠠᠰᠤᠨᠪᠥ᠋ᠬᠡ᠄ ᠡᠭᠡᠰᠢᠭ ᠳᠠᠭᠤᠤ ᠪᠠᠷ ᠢᠶᠠᠨ ᠳᠡᠯᠡᠬᠡᠢ ᠶᠢ ᠪᠠᠶᠠᠰᠬᠠᠵᠤ ᠡᠵᠢ ᠶᠢ ᠪᠠᠨ ᠵᠢᠷᠭᠠᠭᠠᠬᠤ ᠰᠠᠨ
ᠨᠡᠶᠢᠲᠡᠯᠡᠭᠰᠡᠨ ᠴᠠᠭ᠄
2023/4/26
        ᠬᠦᠰᠡᠯ ᠬᠥᠭᠡᠭᠡᠴᠡᠯᠳᠦᠯ ᠪᠣᠯ ᠬᠥᠮᠥᠨ ᠪᠦᠭᠦᠳᠡ ᠶᠢᠨ ᠶᠠᠷᠢᠬᠤ ᠳᠤᠷᠠᠲᠠᠢ ᠮᠥᠩᠬᠡ ᠶᠢᠨ ᠰᠡᠳᠦᠪ ᠰᠠᠨ᠃ ᠬᠥᠮᠥᠰ ᠥᠪᠡᠷ ᠥᠪᠡᠷ ᠤᠨ ᠬᠦᠰᠡᠯ ᠬᠥᠭᠡᠭᠡᠴᠡᠯᠳᠦᠯ ᠢᠶᠠᠨ ᠶᠠᠷᠢᠬᠤ ᠪᠠᠷ ᠨᠢᠳᠦ ᠨᠢ ᠭᠡᠷᠡᠯᠳᠦᠵᠦ᠂ ᠤᠷᠮ᠎ᠠ ᠰᠡᠳᠬᠢᠯᠭᠡ ᠨᠢ ᠬᠥᠭᠵᠢᠳᠡᠭ᠃ ᠬᠦᠰᠡᠯ ᠬᠥᠭᠡᠭᠡᠴᠡᠯᠳᠦᠯ ᠪᠣᠯ ᠪᠢᠳᠡ ᠪᠦᠭᠦᠨ ᠤ ᠤᠷᠤᠭᠰᠢ ᠲᠠᠪᠰᠢᠬᠤ ᠶᠢᠨ ᠡᠷᠴᠢ ᠬᠦᠴᠦ᠂ ᠬᠦᠰᠡᠯ ᠬᠥᠭᠡᠭᠡᠴᠡᠯᠳᠦᠯ ᠤᠨ ᠢᠶᠠᠨ ᠲᠥᠯᠥᠭᠡ ᠲᠡᠮᠡᠦᠯᠵᠦ ᠶᠠᠪᠤᠬᠤ ᠬᠤᠷᠣᠮ ᠪᠦᠭᠦᠨ ᠨᠢ ᠪᠢᠳᠡᠨ ᠳᠤ ᠮᠠᠷᠲᠠᠭᠳᠠᠰᠢ ᠦᠭᠡᠢ ᠳᠤᠷᠠᠰᠤᠮᠵᠢ ᠪᠣᠯᠵᠤ ᠦᠯᠡᠳᠡᠳᠡᠭ ᠰᠠᠨ᠃        ᠵᠠᠯᠠᠭᠤ ᠤᠷᠠᠯᠢᠭᠴᠢᠨ ᠨᠠᠰᠤᠨᠪᠥ᠋ᠬᠡ ᠪᠢᠳᠡ ᠬᠤᠶᠠᠭᠤᠯᠠ ᠶᠢᠨ ᠶᠠᠷᠢᠯᠴᠠᠭ᠎ᠠ ᠮᠥᠨ ᠯᠡ ︽ᠬᠦᠰᠡᠯ ᠬᠥᠭᠡᠭᠡᠴᠡᠯᠳᠦᠯ︾ ᠭᠡᠮᠡᠭᠦ ᠰᠡᠳᠦᠪ ᠢᠶᠠᠷ ᠡᠬᠢᠯᠡᠵᠦ ᠪᠢᠯᠡ᠃        ︽ᠡᠨᠡᠷᠢᠯᠲᠦ ᠡᠵᠢ ᠶᠢᠨ ᠢᠶᠠᠨ ᠦᠳᠡᠯᠦᠭᠡ ᠨᠠᠰᠤᠨ ᠤ ᠠᠮᠢᠳᠤᠷᠠᠯ ᠢ ᠵᠣᠯ ᠵᠢᠷᠭᠠᠯ ᠲᠠᠢ᠂ ᠡᠷᠡᠭᠦᠯ ᠡᠩᠬᠡ ᠪᠠᠶᠢᠯᠭᠠᠬᠤ ᠨᠢ ᠮᠢᠨᠤ ᠬᠠᠮᠤᠭ ᠤᠨ ᠶᠡᠭᠡ ᠬᠦᠰᠡᠯ ᠮᠥᠨ᠃ ᠲᠡᠭᠢᠪᠡᠯ᠂ ᠬᠢᠵᠦ ᠪᠠᠶᠢᠭ᠎ᠠ ᠠᠵᠢᠯ ᠦᠢᠯᠡᠰ ᠢᠶᠠᠨ ᠳᠡᠭᠡᠳᠦᠯᠡᠨ᠂ ᠡᠭᠡᠰᠢᠭ ᠳᠠᠭᠤᠤ ᠪᠠᠨ ᠨᠡᠩ ᠤᠯᠠᠨ ᠬᠥᠮᠥᠨ ᠤ ᠰᠣᠨᠣᠷ  ᠲᠤ ᠭᠦᠷᠭᠡᠭᠦ ᠨᠢ ᠮᠢᠨᠤ ᠤᠯᠠᠨ ᠵᠢᠯ ᠤᠨ ᠪᠠᠷᠢᠮᠲᠠᠯᠠᠵᠤ ᠢᠷᠡᠭᠰᠡᠨ ᠬᠦᠰᠡᠯ ᠬᠥᠭᠡᠭᠡᠴᠡᠯᠳᠦᠯ ᠪᠢᠯᠡ︾ ᠬᠡᠮᠡᠨ ᠰᠢᠨ᠎ᠡ ᠪᠠᠷᠭᠤ ᠵᠡᠭᠦᠨ ᠬᠤᠰᠢᠭᠤᠨ ᠤ ᠤᠯᠠᠭᠠᠨᠮᠥ᠋ᠴᠢᠷ ᠲᠤ ᠳᠠᠭᠤᠴᠢᠨ ᠢᠶᠠᠷ ᠠᠵᠢᠯᠯᠠᠵᠤ ᠶᠠᠪᠤᠭ᠎ᠠ ᠨᠠᠰᠤᠨᠪᠥ᠋ᠬᠡ ᠶᠠᠷᠢᠵᠤ ᠪᠠᠶᠢᠯ᠎ᠠ᠃        ᠲᠡᠷᠡ ᠪᠠᠷ 1990 ᠣᠨ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ ᠤᠤᠯ ᠤᠨ ᠲᠠᠰᠢᠮᠠᠭ ᠰᠤᠮᠤᠨ ᠤ ︵ᠤᠳᠤ ᠶᠢᠨ ᠬᠥᠯᠥᠨ ᠪᠠᠯᠭᠠᠰᠤ︶ ᠶᠡᠬᠡᠨᠠᠭᠤᠷ ᠭᠠᠴᠠᠭ᠎ᠠ ᠶᠢᠨ ᠭᠤᠴᠢᠳ ᠬᠠᠯᠠ ᠶᠢᠨ ᠭᠤᠮᠪᠣᠰᠦ᠋ᠷᠦᠩ ᠪᠣᠯᠣᠨ ᠣᠶᠤᠨᠪᠢᠯᠢᠭ᠌ ᠤᠨ ᠬᠦᠦ ᠪᠣᠯᠵᠤ ᠵᠠᠶᠠᠭᠠᠵᠠᠢ᠃ ᠨᠠᠰᠤᠨᠪᠥ᠋ᠬᠡ ᠬᠡᠳᠦᠶᠢᠪᠡᠷ ᠳᠡᠭᠡᠷ᠎ᠡ ᠪᠠᠨ ᠭᠤᠷᠪᠠᠨ ᠡᠭᠡᠴᠢ ᠲᠠᠢ᠂ ᠠᠶᠢᠯ ᠤᠨ ᠬᠠᠮᠤᠭ ᠪᠠᠭ᠎ᠠ ᠨᠢ ᠪᠤᠯᠪᠠᠴᠦ ᠡᠷᠬᠡ ᠲᠠᠩᠬᠢᠯ ᠥᠰᠦᠭᠰᠡᠨ ᠪᠤᠰᠤ᠃ ᠬᠠᠷᠢᠨ ᠬᠥᠳᠡᠭᠡ ᠶᠢᠨ ᠪᠣᠷᠣᠭᠵᠢᠭᠤᠨ ᠪᠣᠷᠣ ᠠᠮᠢᠳᠤᠷᠠᠯ ᠠᠴᠠ ᠤᠬᠠᠭᠠᠨ ᠲᠡᠭᠦᠵᠦ᠂ ᠠᠪᠤ ᠡᠵᠢ ᠶᠢᠨ ᠢᠶᠠᠨ ᠬᠠᠲᠠᠭᠤ ᠴᠢᠩᠭ᠎ᠠ ᠬᠠᠶᠢᠷ᠎ᠠ ᠬᠥᠮᠦᠵᠢᠯ ᠤᠨ ᠳᠣᠣᠷ᠎ᠠ ᠬᠥᠮᠥᠨ ᠪᠣᠯᠣᠨ ᠲᠣᠮᠣᠭᠠᠵᠢᠵᠤ ᠪᠢᠯᠡ᠃ ᠲᠡᠷᠡ ᠪᠠᠷ 1997 ᠣᠨ ᠳᠤ ᠲᠠᠰᠢᠮᠠᠭ ᠰᠤᠮᠤᠨ ᠤ ᠪᠠᠭ᠎ᠠ ᠰᠤᠷᠭᠠᠭᠤᠯᠢ ᠳᠤ ᠠᠩᠬᠠᠨ ᠤ ᠰᠤᠷᠤᠯᠭ᠎ᠠ ᠶᠢᠨ ᠮᠥᠷ ᠢᠶᠠᠨ ᠡᠬᠢᠯᠡᠭᠦᠯᠦᠨ᠂ 2002 - 2005 ᠣᠨ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ ᠨᠢᠭᠡᠳᠦᠭᠡᠷ ᠲᠤᠮᠳᠠᠳᠦ ᠰᠤᠷᠭᠠᠭᠤᠯᠢ ᠳᠤ  ᠰᠤᠷᠤᠯᠴᠠᠵᠠᠢ᠃        ᠨᠠᠰᠤᠨᠪᠥ᠋ᠬᠡ ᠳᠤᠷ᠎ᠠ ᠰᠣᠨᠢᠷᠬᠠᠯ ᠣᠯᠠᠨᠲᠠᠢ᠃ ᠲᠡᠷᠡ ᠪᠠᠷ ᠥᠪᠡᠷ ᠤᠨ ᠭᠠᠷᠮᠠᠭᠠᠢ ᠰᠠᠶᠢᠨ ᠬᠢᠵᠦ ᠴᠢᠳᠠᠳᠠᠭ ᠶᠠᠭᠤᠮ᠎ᠠ ᠪᠦᠭᠦᠨ ᠢᠶᠠᠨ ᠳᠤᠷ᠎ᠠ ᠪᠠᠬ᠎ᠠ ᠬᠡᠮᠡᠨ ᠣᠶᠢᠯᠠᠭᠠᠳᠠᠭ᠃ ᠤᠴᠢᠷ ᠨᠢ ᠳᠤᠷ᠎ᠠ ᠰᠣᠨᠢᠷᠬᠠᠯ ᠭᠡᠭᠴᠢ ᠲᠥᠷᠥᠯᠬᠢ ᠠᠪᠢᠶᠠᠰ ᠢᠶᠠᠷ ᠲᠤᠯᠭᠠᠭᠤᠷᠢᠯᠠᠯ ᠪᠤᠯᠭᠠᠬᠤ ᠪᠠᠷ ᠨᠡᠩ ᠤᠯᠠᠨ ᠦᠷ᠎ᠡ ᠵᠢᠮᠢᠰ ᠨᠠᠬᠢᠶᠠᠯᠠᠨ ᠪᠣᠯᠪᠠᠰᠤᠷᠠᠳᠠᠭ ᠠᠵᠢ᠃ ᠲᠡᠷᠡ ᠪᠠᠷ ᠳᠠᠭᠤᠤ ᠳᠠᠭᠤᠯᠠᠬᠤ ᠳᠤᠷᠠᠲᠠᠢ᠂ ᠪᠥᠮᠪᠥᠭᠡᠨ ᠤ ᠲᠦᠷᠦᠯ᠂ ᠬᠤᠯᠠ ᠭᠦᠶᠤᠭᠦ ᠵᠡᠷᠭᠡ ᠪᠡᠶ᠎ᠡ ᠶᠢᠨ ᠲᠠᠮᠢᠷ ᠤᠨ ᠬᠥᠳᠡᠯᠭᠡᠭᠡᠨ ᠳᠤ ᠪᠠᠭ᠋ᠠᠲᠠᠢ᠃ ᠤᠷ᠎ᠠ ᠤᠬᠠᠭᠠᠨ᠂ ᠬᠦᠴᠦ ᠲᠡᠩᠬᠡᠭᠡ ᠶᠢ ᠰᠣᠷᠢᠳᠠᠭ ᠮᠣᠩᠭᠤᠯ ᠦᠨᠳᠦᠰᠦᠲᠡᠨ ᠤ ᠡᠷ᠎ᠡ ᠶᠢᠨ ᠭᠤᠷᠪᠠᠨ ᠨᠠᠭᠠᠳᠤᠮ ᠤᠨ ᠨᠢᠭᠡ ᠪᠣᠯᠤᠭᠰᠠᠨ ᠪᠦᠭᠡ ᠪᠠᠷᠢᠯᠳᠤᠬᠤ ᠳᠤ ᠨᠡᠩ ᠴᠦ ᠳᠤᠷ᠎ᠠ ᠰᠣᠨᠢᠷᠬᠠᠯ ᠶᠡᠬᠡᠲᠡᠢ ᠪᠢᠯᠡ᠃ ᠡᠶᠢᠨ ᠬᠦ ᠨᠠᠰᠤᠨᠪᠥ᠋ᠬᠡ 2005 ᠣᠨ ᠤ ᠨᠠᠮᠤᠷ ᠠᠴᠠ ᠬᠠᠭᠠᠰ ᠵᠢᠯ ᠰᠢᠬᠠᠮ ᠴᠢᠯᠦᠭᠡᠲᠦ ᠮᠠᠶ᠋ᠢᠭ ᠤᠨ ᠪᠦᠭᠡ ᠶᠢᠨ ᠮᠡᠷᠭᠡᠵᠢᠯ ᠰᠤᠷᠤᠯᠴᠠᠵᠦ᠂ ᠮᠣᠩᠭᠤᠯ ᠤᠯᠤᠰ ᠲᠤ ᠣᠴᠢᠵᠤ᠂ ᠤᠷᠤᠯᠳᠤᠭᠠᠨ ᠳᠤ ᠣᠷᠣᠬᠤ ᠪᠠᠷ ᠪᠠᠶᠢᠪᠠ᠃ ᠭᠡᠪᠡᠴᠦ ︽ᠭᠠᠢ ᠭᠠᠵᠠᠷ ᠳᠣᠣᠷ᠎ᠠ ᠠᠴᠠ︾ ᠭᠡᠳᠡᠭᠴᠢᠯᠡᠨ ᠲᠡᠷᠡ ᠪᠠᠷ ᠬᠢᠯᠢ ᠳᠠᠪᠠᠵᠤ᠂ ᠮᠣᠩᠭᠤᠯ ᠤᠯᠤᠰ ᠲᠤ ᠭᠠᠷᠬᠤ ᠭᠠᠷ ᠭᠦᠢᠴᠡᠳᠬᠡᠯ ᠢᠶᠠᠨ ᠬᠢᠵᠦ ᠶᠠᠪᠤᠬᠤ ᠵᠠᠮ ᠳᠠᠭᠠᠨ ᠲᠡᠷᠭᠡᠨ ᠠᠳᠡᠯ ᠭᠠᠷᠴᠤ᠂ ᠪᠦᠭᠡ ᠪᠠᠷᠢᠯᠳᠤᠬᠤ ᠬᠦᠰᠡᠯ ᠤᠨ ᠠᠶᠠᠨ ᠢᠶᠠᠨ ᠠᠷᠭ᠎ᠠ ᠪᠤᠰᠤ ᠲᠤᠷᠭᠤᠨ ᠵᠣᠭᠰᠣᠵᠤ ᠪᠢᠯᠡ᠃        ᠳᠡᠭᠡᠳᠦ ᠲᠡᠭᠷᠢ ᠠᠴᠠ ᠲᠠᠨ ᠤ ᠨᠢᠭᠡ ᠰᠣᠩᠭᠤᠯᠲᠠ ᠶᠢ ᠬᠠᠰᠤᠬᠤ ᠳᠠᠭᠠᠨ ᠪᠠᠰᠠ ᠨᠢᠭᠡ ᠵᠠᠮ ᠨᠡᠭᠡᠭᠡᠵᠦ ᠦᠭᠳᠡᠭ ᠶᠣᠰᠣ ᠲᠠᠢ ᠶᠤᠮ᠃ ᠨᠠᠰᠤᠨᠪᠥ᠋ᠬᠡ 2005 - 2009 ᠣᠨ ᠳᠤ ᠭᠦᠭᠡᠬᠤᠳᠠ ᠶᠢᠨ ᠳᠣᠷᠣᠨᠠᠳᠠᠬᠢᠨ ᠺᠢᠨᠣ᠋ ᠤᠷᠠᠯᠢᠭ ᠤᠨ ᠲᠤᠰᠬᠠᠢ ᠮᠡᠷᠭᠡᠵᠢᠯ ᠤᠨ ᠳᠡᠭᠡᠳᠦ ᠰᠤᠷᠭᠠᠭᠤᠯᠢ ᠳᠤ ᠳᠠᠭᠤᠤ ᠬᠥᠭᠵᠢᠮ᠂ ᠮᠣᠷᠢᠨ ᠬᠤᠭᠤᠷ ᠤᠨ ᠮᠡᠷᠭᠡᠵᠢᠯ ᠰᠤᠷᠤᠯᠴᠠᠵᠦ᠂ ᠲᠥᠷᠥᠯᠬᠢ ᠠᠪᠢᠶᠠᠰ ᠬᠢᠭᠡᠳ ᠴᠢᠷᠮᠠᠶᠢᠯᠭ᠎ᠠ ᠰᠤᠷᠤᠯᠴᠠᠯᠭ᠎ᠠ ᠪᠠᠷ ᠢᠶᠠᠨ ᠠᠮᠢᠳᠤᠷᠠᠯ ᠳᠠᠭᠠᠨ ᠥᠭᠡᠷ᠎ᠡ ᠨᠢᠭᠡ ᠨᠥᠬᠦᠴᠡᠯ ᠪᠣᠯᠣᠯᠴᠠᠭ᠎ᠠ ᠶᠢ ᠡᠭᠦᠳᠴᠦ ᠪᠢᠯᠡ᠃        ᠲᠡᠷᠡ ᠪᠠᠷ 2010 - 2013 ᠣᠨ ᠤ ᠬᠤᠭᠤᠷᠣᠨᠳᠤ ᠰᠢᠯᠢ ᠶᠢᠨ ᠭᠤᠣᠯ ᠠᠶᠢᠮᠠᠭ  ᠤᠨ ᠰᠢᠯᠤᠭᠤᠨ ᠬᠥᠬᠡ ᠬᠤᠰᠢᠭᠤᠨ ᠳᠤ ᠠᠷᠢᠬᠢᠨ ᠪᠠᠭᠠᠷ ᠡᠷᠭᠢᠯᠡᠨ ᠠᠵᠢᠯᠯᠠᠭᠤᠯᠵᠤ᠂ ᠦᠢᠯᠡᠰ ᠪᠣᠰᠬᠠᠭᠰᠠᠨ ᠪᠤᠯᠪᠠᠴᠤ ᠳᠠᠭᠤᠤ ᠤᠷᠠᠯᠢᠭ ᠢᠶᠠᠨ ᠶᠡᠷᠦ ᠠᠴᠠ ᠤᠷᠭᠢᠬᠰᠡᠨ ᠦᠭᠡᠢ᠃ ᠬᠠᠷᠢᠨ ᠠᠵᠢᠯ ᠤᠨ ᠵᠠᠪ ᠴᠢᠯᠦᠭᠡ ᠪᠠᠷ ᠢᠶᠠᠨ ᠬᠤᠭᠤᠷ ᠢᠶᠠᠨ ᠠᠳᠬᠤᠵᠤ᠂ ᠬᠤᠭᠤᠯᠠᠢ ᠪᠠᠨ ᠵᠠᠰᠠᠬᠤ ᠲᠠᠢ ᠵᠡᠷᠭᠡ ᠯᠡ ᠳᠠᠭᠤᠤ ᠬᠥᠭᠵᠢᠮ ᠢᠶᠠᠨ ᠠᠶᠠᠯᠤᠭᠤᠯᠤᠨ ᠠᠵᠢᠯ ᠠᠮᠢᠳᠤᠷᠠᠯ  ᠳᠠᠭᠠᠨ ᠵᠢᠷᠭᠠᠯ ᠨᠡᠮᠡᠷᠢᠯᠡᠵᠦ ᠢᠷᠠᠵᠠᠢ᠃ ᠡᠭᠡᠰᠢᠭ ᠲᠤᠯᠤᠭᠠᠨ ᠨᠣᠲ ᠢᠶᠠᠷ ᠢᠶᠠᠨ ᠬᠥᠮᠥᠨ ᠠᠷᠠᠳ ᠢᠶᠠᠨ ᠠᠷᠭᠠᠳᠠᠨ ᠤᠬᠠᠭᠠᠷᠠᠭᠤᠯᠳᠠᠭ ᠠᠭᠤᠤ ᠳᠠᠭᠤᠤ ᠤᠷᠠᠯᠢᠭ ᠴᠦ  ᠨᠠᠰᠤᠨᠪᠥ᠋ᠬᠡ ᠶᠢ ᠲᠠᠶᠠᠭᠳᠠᠭᠰᠠᠨ ᠦᠭᠡᠢ᠃ ᠲᠡᠷᠡ ᠪᠠᠷ 2013 ᠣᠨ ᠳᠤ ᠠᠵᠠ ᠪᠠᠷ ᠰᠢᠨ᠎ᠡ ᠪᠠᠷᠭᠤ ᠵᠡᠭᠦᠨ ᠬᠤᠰᠢᠭᠤᠨ ᠤ ᠤᠯᠠᠭᠠᠨᠮᠥ᠋ᠴᠢᠷ ᠲᠤ ᠳᠠᠭᠤᠴᠢᠨ ᠢᠶᠠᠷ ᠠᠵᠢᠯᠯᠠᠬᠤ ᠨᠠᠨᠳᠢᠨ ᠲᠤᠭᠢᠶᠠᠯ ᠢ ᠣᠯᠵᠤ᠂ ᠡᠭᠡᠰᠢᠭ ᠳᠠᠭᠤᠤ ᠪᠠᠷ ᠢᠶᠠᠨ ᠠᠷᠠᠳ ᠤᠯᠠᠨ ᠤ ᠪᠠᠨ ᠰᠣᠨᠣᠷ ᠢ ᠪᠠᠶᠠᠰᠬᠠᠵᠤ ᠤᠳᠤ ᠳᠤ ᠬᠦᠷᠴᠦ ᠪᠠᠶᠢᠭ᠎ᠠ ᠪᠢᠯᠡ᠃        ᠣᠳᠣᠬᠠᠨ ᠳᠤ᠂ ᠨᠠᠰᠤᠨᠪᠥ᠋ᠬᠡ ︽ᠮᠣᠷᠢᠨ ᠬᠤᠭᠤᠷ ᠤᠨ ᠠᠶᠠᠯᠭᠤ ᠰᠢᠭ᠋ ᠡᠬᠡ ᠣᠷᠣᠨ︾᠂ ︽ᠠᠮᠢᠨ ᠵᠠᠶᠠᠭ᠎ᠠ ᠲᠠᠢ ᠡᠬᠡ ᠨᠤᠲᠤᠭ︾᠂ ︽ᠡᠵᠢ ᠮᠢᠨᠢ ᠨᠠᠳᠠ ᠳᠠᠭᠠᠨ ᠨᠠᠷᠠᠨ ᠰᠢᠤ︾᠂ ︽ᠠᠪᠤ ᠶᠢ ᠪᠠᠨ ᠰᠠᠨᠠᠬᠤ ᠪᠠᠷ︾᠂ ︽ᠠᠪᠤ ᠶᠢᠨ ᠨᠠᠮᠤᠷ︾᠂ ︽ᠬᠠᠶᠢᠷ᠎ᠠ ᠶᠢᠨ ᠳᠡᠯᠡᠬᠡᠢ︾᠂ ︽ᠵᠠᠶᠠᠭᠠᠨ ᠳᠤ ᠪᠠᠭᠲᠠᠬᠤ ᠦᠭᠡᠢ ᠳᠤᠷᠠᠯᠠᠯ︾᠂ ︽ᠴᠢᠩᠭᠢᠰ ᠤᠨ ᠪᠠᠭᠠᠲᠤᠷ ᠤᠳ︾᠂ ︽ᠮᠢᠨᠤ ᠨᠤᠲᠤᠭ ᠪᠣᠭᠳᠠᠠ᠋ᠭᠤᠯᠠ︾᠂ ︽ᠠᠨᠳᠠ ᠨᠤᠭᠤᠳ︾᠂ ︽ᠮᠥᠷᠥᠭᠡᠳᠦᠯ︾᠂ ︽ᠳᠡᠯᠭᠡᠷ ᠮᠣᠩᠭᠤᠯ ᠤᠨ ᠴᠠᠭᠠᠨ ᠰᠠᠷ᠎ᠠ︾᠂ ︽ᠪᠠᠭ᠋ᠠᠷᠬᠠᠯ︾᠂ ︽ᠥᠪᠥᠷ ᠮᠣᠩᠭᠤᠯ ᠮᠢᠨᠢ︾᠂ ︽ᠳᠠᠭᠤᠤ ᠪᠠᠷ ᠵᠢᠷᠭᠠᠬᠤ ᠡᠬᠡ ᠣᠷᠣᠨ︾ ᠵᠡᠷᠭᠡ  ᠰᠣᠨᠣᠰᠤᠭᠴᠢᠳ ᠤᠨ  ᠢᠶᠠᠨ ᠲᠠᠭᠠᠰᠢᠶᠠᠯ ᠳᠤ ᠭᠦᠷᠦᠭᠰᠡᠨ ᠠᠶ᠎ᠠ ᠳᠠᠭᠤᠤ ᠶᠢᠨ ᠤᠷᠠᠨ ᠪᠦᠲᠦᠭᠡᠯ ᠲᠠᠢ᠃        ᠠᠵᠠ ᠲᠤᠭᠢᠶᠠᠯ ᠪᠡᠯᠡᠳᠬᠡᠯ ᠭᠦᠢᠴᠡᠳ ᠬᠥᠮᠥᠨ ᠳᠤ ᠯᠠ ᠣᠯᠳᠠᠳᠠᠭ᠃ ᠨᠠᠰᠤᠨᠪᠥ᠋ᠬᠡ ᠳᠠᠷᠤᠤ ᠭᠢᠴᠢᠶᠠᠨᠬᠭᠦᠢ᠂ ᠯᠠᠪᠳᠠᠭᠤᠨ ᠬᠢᠨᠠᠮᠠᠭᠠᠢ ᠣᠪᠣᠷ ᠢᠶᠠᠷ ᠦᠷᠭᠦᠯᠵᠢᠯᠡᠨ ᠴᠢᠷᠮᠠᠶᠢᠵᠤ᠂ ᠬᠥᠮᠥᠨ ᠠᠷᠠᠳ ᠲᠠᠭᠠᠨ ᠲᠠᠭᠠᠯᠠᠭᠳᠠᠭᠰᠠᠨ ᠨᠡᠩ ᠤᠯᠠᠨ ᠤᠷᠠᠨ ᠪᠦᠲᠦᠭᠡᠯ ᠭᠠᠷᠭᠠᠬᠤ ᠶᠢ ᠬᠦᠰᠡᠵᠦ᠂ ᠴᠠᠭ ᠢᠮᠠᠭᠲᠠ ᠪᠡᠶ᠎ᠡ ᠪᠠᠨ ᠱᠠᠭᠠᠷᠳᠠᠵᠤ ᠶᠠᠪᠤᠨ᠎ᠠ᠃ ᠲᠡᠷᠡ ᠠᠮᠢᠳᠤᠷᠠᠯ ᠳᠠᠭᠠᠨ ᠠᠴᠢᠯᠠᠯ ᠤᠨ ᠲᠡᠭᠷᠢ ᠪᠣᠯᠤᠭᠰᠠᠨ ᠡᠵᠢ ᠳᠡᠭᠡᠨ ᠪᠠᠶᠠᠷᠯᠠᠵᠤ ᠶᠠᠪᠤᠳᠠᠭ᠂ ᠲᠡᠭᠦᠨ ᠤ ᠳᠤᠷ᠎ᠠ ᠪᠠᠬ᠎ᠠ ᠶᠢ ᠲᠠᠮᠵᠢᠭᠦ  ᠶᠢᠨ ᠲᠥᠯᠥᠭᠡ ᠰᠤᠷᠭᠠᠭᠤᠯᠢ ᠰᠣᠶᠣᠯ ᠤᠨ ᠮᠥᠷ ᠢᠶᠠᠨ ᠳᠤᠲᠠᠭᠤ ᠤᠷᠭᠢᠵᠦ᠂ ᠠᠷᠤ ᠭᠡᠷ ᠢᠶᠠᠨ ᠲᠤᠯᠵᠤ ᠲᠦᠰᠢᠭᠰᠡᠨ ᠭᠤᠷᠪᠠᠨ ᠡᠭᠡᠴᠢ ᠳᠡᠭᠡᠨ ᠲᠠᠯᠠᠷᠬᠠᠵᠤ ᠶᠠᠪᠤᠳᠠᠭ ᠠ᠋᠃ ᠨᠠᠰᠤᠨᠪᠥ᠋ᠬᠡ ᠲᠡᠭᠦᠨ ᠢ ᠤᠷᠠᠯᠢᠭ ᠤᠨ ᠵᠠᠮ ᠳᠤᠨᠢ ᠬᠥᠲᠥᠯᠵᠦ ᠣᠷᠣᠭᠤᠯᠤᠭᠰᠠᠨ ᠥᠪᠥᠷ ᠮᠣᠩᠭᠤᠯ ᠤᠨ ᠨᠠᠷᠠᠳᠦ ᠬᠠᠮᠲᠤᠯᠢᠭ ︽ᠵᠠᠯᠮ᠎ᠠ ᠬᠠᠷ᠎ᠠ ᠬᠠᠮᠲᠤᠯᠢᠭ︾ ᠤᠨ ᠲᠠᠪᠤᠨ ᠠᠬ᠎ᠠ ᠳᠠᠭᠠᠨ ᠪᠠᠶᠠᠷᠯᠠᠵᠤ ᠶᠠᠪᠤᠳᠠᠭ᠃ ᠮᠥᠨ ᠨᠤᠲᠤᠭ ᠤᠰᠤ᠂ ᠦᠨᠳᠦᠰᠦᠲᠡᠨ ᠶᠠᠰᠤᠳᠠᠨ ᠤ ᠪᠠᠨ ᠠᠬᠠᠮᠠᠳ ᠤᠷᠠᠯᠢᠭᠴᠢᠨ᠂ ᠤᠷᠮ᠎ᠠ  ᠪᠠᠷ ᠲᠡᠳᠬᠦᠵᠦ ᠢᠷᠡᠭᠰᠡᠨ ᠬᠥᠮᠥᠨ ᠪᠦᠭᠦᠳᠡ ᠳᠤ ᠰᠡᠳᠬᠢᠯ ᠤᠨ ᠭᠦᠨ ᠠᠴᠠ ᠪᠠᠨ ᠪᠠᠶᠠᠷᠯᠠᠨ ᠲᠠᠯᠠᠷᠬᠠᠵᠤ ᠶᠠᠪᠤᠳᠠᠭ ᠠᠵᠢ᠃        ᠵᠠᠯᠠᠭᠤ ᠤᠷᠠᠯᠢᠭᠴᠢᠨ ᠨᠠᠰᠤᠨᠪᠥ᠋ᠬᠡ ᠠᠮᠢᠳᠤᠷᠠᠯ ᠳᠤ ᠬᠠᠶᠢᠷᠠᠲᠠᠢ᠂ ᠤᠷᠠᠯᠢᠭ ᠲᠤ ᠪᠠᠭ᠋ᠠᠲᠠᠢ᠂ ᠠᠴᠢᠯᠠᠯ ᠢ ᠵᠢᠷᠤᠮᠯᠠᠨ ᠳᠡᠭᠡᠳᠦᠯᠡᠳᠡᠭ᠂ ᠴᠢᠷᠮᠠᠶᠢᠯᠭ᠎ᠠ ᠲᠠᠢ ᠬᠥᠮᠥᠨ ᠠᠵᠢ᠃ ᠲᠡᠭᠦᠨ ᠤ ᠤᠷᠠᠯᠢᠭ ᠤᠨ ᠵᠠᠮ ᠮᠥᠷ ᠨᠢ ᠶᠠᠪᠤᠬᠤ ᠲᠤᠳᠤᠮ ᠰᠠᠷᠠᠭᠤᠯ ᠠᠭᠤᠳᠠᠮ ᠪᠣᠯᠵᠤ᠂ ᠳᠡᠯᠡᠬᠡᠢ ᠶᠢ ᠪᠠᠶᠠᠰᠬᠠᠵᠤ ᠡᠵᠢ ᠶᠢ ᠪᠠᠨ ᠵᠢᠷᠭᠠᠭᠠᠬᠤ ᠨᠢ ᠯᠠᠪᠲᠠᠢ ᠁        ᠵᠠᠯᠠᠭᠤ ᠤᠷᠠᠯᠢᠭᠴᠢᠨ ᠨᠠᠰᠤᠨᠪᠥ᠋ᠬᠡ ᠶᠢᠨ ᠤᠷᠠᠯᠢᠭ ᠤᠨ ᠠᠶᠠᠨ ᠤ ᠠᠮᠵᠢᠯᠲᠠ ᠪᠦᠳᠦᠮᠵᠢ ᠠᠴᠠ ᠴᠤᠬᠤᠰ ᠲᠣᠳᠣᠷᠠᠭᠤᠯᠪᠠᠯ᠄        2015 ᠣᠨ ᠳᠤ ︽ᠵᠠᠯᠮ᠎ᠠ ᠬᠠᠷ᠎ᠠ︾ ᠬᠠᠮᠲᠤᠯᠢᠭ ᠲᠠᠢ ᠬᠠᠮᠲᠤᠷᠠᠵᠤ᠂ ︽ᠳᠡᠳᠮ᠎ᠠ︾ ᠤᠷᠠᠯᠢᠭ ᠤᠨ ᠳᠡᠭᠡᠳᠦ ᠰᠤᠷᠭᠠᠭᠤᠯᠢ ᠳᠤ ᠲᠤᠰᠬᠠᠢ ᠲᠤᠬᠯᠠᠯᠳᠠ ᠭᠠᠷᠭᠠᠪᠠ᠃        2015 ᠣᠨ ᠤ 12 ᠰᠠᠷ᠎ᠠ ᠶᠢᠨ 2 - 28  ᠤ ᠡᠳᠦᠷ ᠪᠤᠯᠳᠠᠯ᠎ᠠ ︽ᠵᠠᠯᠮ᠎ᠠ ᠬᠠᠷ᠎ᠠ︾ ᠬᠠᠮᠲᠤᠯᠢᠭ ᠲᠠᠢ ᠬᠠᠮᠲᠤᠷᠠᠨ ᠥᠪᠥᠷ ᠮᠣᠩᠭᠤᠯ ᠤᠨ ᠡᠯ᠎ᠡ ᠠᠶᠢᠮᠠᠭ  ᠬᠤᠳᠠ ᠪᠠᠷ ᠲᠤᠬᠯᠠᠯᠳᠠ ᠭᠠᠷᠭᠠᠪᠠ᠃        2016 ᠣᠨ ᠤ ᠨᠠᠢᠮᠠᠨ ᠮᠤᠵᠢ ᠣᠷᠣᠨ ᠤ ᠮᠣᠩᠭᠤᠯ ᠬᠡᠯᠡᠨ ᠤ ᠴᠠᠭᠠᠨ ᠰᠠᠷ᠎ᠠ ᠶᠢᠨ ᠦᠳᠡᠰᠢᠯᠡᠭᠡ ᠵᠢᠴᠢ ︽ᠡᠨᠡ ᠪᠣᠯ ᠮᠢᠨᠤ ᠲᠦᠷᠦᠭᠰᠡᠨ ᠨᠤᠲᠤᠭ︾ ᠬᠢᠲᠠᠳ ᠬᠡᠯᠡᠨ  ᠤ ᠴᠠᠭᠠᠨ ᠰᠠᠷ᠎ᠠ ᠶᠢᠨ ᠦᠳᠡᠰᠢᠯᠡᠭᠡ ᠳᠤ ᠣᠷᠣᠯᠴᠠᠪᠠ᠃        2016 ᠣᠨ ᠳᠤ ᠥᠪᠥᠷ ᠮᠣᠩᠭᠤᠯ ᠤᠨ ᠷᠠᠳᠢᠣ᠋ ᠲᠧᠯᠸᠢᠰ ᠬᠤᠷᠢᠶᠠᠨ ᠤ ᠮᠣᠩᠭᠤᠯ ᠬᠡᠯᠡᠨ ᠤ ᠴᠠᠭᠠᠨ ᠰᠠᠷ᠎ᠠ ᠶᠢᠨ ᠦᠳᠡᠰᠢᠯᠡᠭᠡ ᠳᠤ ᠣᠷᠤᠯᠴᠠᠬᠤ ᠶᠢᠨ ᠬᠠᠮᠲᠤ ᠥᠪᠥᠷ ᠮᠣᠩᠭᠤᠯ ᠤᠨ ᠷᠠᠳᠢᠣ᠋ ᠲᠧᠯᠸᠢᠰ ᠬᠤᠷᠢᠶᠠᠨ ᠤ ︽ᠣᠳᠣᠳ ᠲᠦᠭᠡᠭᠦ ᠴᠠᠭ︾ ᠨᠡᠪᠲᠡᠷᠡᠭᠦᠯᠭᠡ ᠳᠤ ᠤᠷᠢᠭᠳᠠᠨ ᠣᠷᠣᠯᠴᠠᠵᠠᠢ᠃        ᠣᠷᠳᠣᠰ ᠬᠤᠳᠠ ᠶᠢᠨ ᠦᠦᠰᠢᠨ ᠬᠤᠰᠢᠭᠤᠨ ᠤ ︽ᠠᠶᠢᠵᠠᠮ︾ ᠨᠢᠭᠦᠯᠡᠰᠦᠩᠭᠦᠢ ᠶᠢᠨ ᠦᠢᠯᠡᠰ ᠤᠨ ᠲᠤᠬᠯᠠᠯᠳᠠ ᠳᠤ ᠣᠷᠣᠯᠴᠠᠪᠠ᠃        2017 ᠣᠨ ᠳᠤ ᠪᠦᠭᠦ ᠤᠯᠤᠰ ᠤᠨ ᠶᠢᠰᠦᠳᠦᠭᠡᠷ ᠬᠤᠭᠤᠴᠠᠭᠠᠨ ᠤ ᠴᠥᠭᠡᠨ ᠲᠣᠭᠠᠲᠤ ᠦᠨᠳᠦᠰᠦᠲᠡᠨ ᠤ ᠤᠯᠠᠮᠵᠢᠯᠠᠯᠲᠤ ᠪᠡᠶ᠎ᠡ ᠶᠢᠨ ᠲᠠᠮᠢᠷ ᠤᠨ ᠴᠤᠭᠯᠠᠭᠠᠨ ᠳᠤ ᠰᠢᠨ᠎ᠡ ᠠᠶ᠎ᠠ ᠳᠠᠭᠤᠤ ᠶᠢᠨ ᠤᠷᠠᠨ ᠪᠦᠲᠦᠭᠡᠯ ︽ᠠᠮᠢᠨ ᠵᠠᠶᠠᠭ᠎ᠠ ᠲᠠᠢ ᠨᠤᠲᠤᠭ︾ ᠢᠶᠠᠨ ᠡᠷᠭᠦᠨ ᠳᠡᠪᠰᠢᠭᠦᠯᠪᠡ᠃        2019 ᠣᠨ ᠳᠤ ᠭᠤᠴᠢ ᠶᠢᠰᠦᠳᠦᠭᠡᠷ ᠬᠤᠭᠤᠴᠠᠭᠠᠨ ᠤ ᠪᠡᠭᠡᠵᠢᠩ ᠤᠨ ᠮᠣᠩᠭᠤᠯ ᠦᠨᠳᠦᠰᠦᠲᠡᠨ ᠤ ᠨᠠᠭᠠᠳᠤᠮ ᠤᠨ ᠡᠭᠢᠯᠡᠯᠳᠡ ᠶᠢᠨ ᠶᠣᠰᠣᠯᠠᠯ ᠵᠢᠴᠢ ᠦᠳᠡᠰᠢᠯᠡᠭᠡ ᠳᠤ ᠣᠷᠣᠯᠴᠠᠵᠠᠢ᠃        2020 ᠣᠨ ᠤ ᠥᠪᠥᠷ ᠮᠣᠩᠭᠤᠯ ᠤᠨ ᠷᠠᠳᠢᠣ᠋ ᠲᠧᠯᠸᠢᠰ ᠬᠤᠷᠢᠶᠠᠨ ᠤ ᠴᠠᠭᠠᠨ ᠰᠠᠷ᠎ᠠ ᠶᠢᠨ ᠦᠳᠡᠰᠢᠯᠡᠭᠡ ᠳᠤ ᠣᠷᠣᠯᠴᠠᠵᠠᠢ᠃        2020 ᠣᠨ ᠳᠤ ︽ᠵᠠᠯᠮ᠎ᠠ ᠬᠠᠷ᠎ᠠ︾ ᠬᠠᠮᠲᠤᠯᠢᠭ ᠲᠠᠢ ᠬᠠᠮᠲᠤ ᠠᠯᠠᠱᠠ ᠠᠴᠠ ᠬᠥᠯᠥᠨ ᠪᠤᠶᠢᠷ ᠭᠦᠷᠳᠡᠯ᠎ᠠ 12 ᠠᠶᠢᠮᠠᠭ ᠬᠤᠳᠠ ᠳᠤ ᠲᠤᠬᠯᠠᠯᠳᠠ ᠭᠠᠷᠭᠠᠪᠠ᠃        ᠥᠪᠥᠷ ᠮᠣᠩᠭᠤᠯ ᠤᠨ ᠤᠳᠤᠨ ᠲᠧᠯᠸᠢᠰ ᠤᠨ ︽ᠡᠬᠡ ᠤᠯᠤᠰ ᠤᠨ ᠡᠯᠢᠭᠡᠨ ᠳᠤ︾ ᠥᠪᠥᠷ ᠮᠣᠩᠭᠤᠯ ᠤᠨ ᠠᠩᠬᠠᠳᠠᠭᠴᠢ ᠬᠤᠭᠤᠴᠠᠭᠠᠨ ᠤ ᠰᠢᠯᠢᠳᠡᠭ ᠣᠷᠣᠨ ᠨᠤᠲᠤᠭ ᠤᠨ ᠳᠠᠭᠤᠤ ᠤᠷᠠᠯᠢᠭ ᠤᠨ ᠲᠤᠬᠯᠠᠯᠳᠠ ᠳᠤ ︽ᠪᠢ ᠡᠬᠡ ᠤᠯᠤᠰ ᠲᠠᠢ ᠪᠠᠨ ᠬᠠᠮᠲᠤ︾᠂ ︽ᠥᠨᠢ ᠡᠭᠦᠷᠢᠳᠡ ᠶᠢᠨ ᠤᠯᠠᠭᠠᠨᠮᠥ᠋ᠴᠢᠷ︾ ᠵᠡᠷᠭᠡ ᠳᠠᠭᠤᠤ ᠪᠠᠨ ᠳᠠᠭᠤᠯᠠᠪᠠ᠃        2021 ᠣᠨ ᠳᠤ ︽ᠵᠠᠯᠮ᠎ᠠ ᠬᠠᠷ᠎ᠠ︾ ᠬᠠᠮᠲᠤᠯᠢᠭ ᠪᠠ ︽ᠵᠠᠯᠮ᠎ᠠ ᠬᠠᠷ᠎ᠠ ᠰᠢᠨ᠎ᠡ ᠤᠳᠤ︾ ᠲᠤᠰᠬᠠᠢ ᠲᠤᠬᠯᠠᠯᠳᠠ  ᠳᠤ ᠣᠷᠣᠯᠴᠠᠪᠠ᠃        2022 ᠣᠨ ᠳᠤ ᠥᠪᠥᠷ ᠮᠣᠩᠭᠤᠯ ᠤᠨ ᠷᠠᠳᠢᠣ᠋ ᠲᠧᠯᠸᠢᠰ ᠬᠤᠷᠢᠶᠠᠨ ᠤ ᠮᠣᠩᠭᠤᠯ ᠬᠡᠯᠡᠨ ᠤ ᠰᠤᠪᠠᠭ ᠤᠨ ᠴᠠᠭᠠᠨ ᠰᠠᠷ᠎ᠠ ᠶᠢᠨ ᠦᠳᠡᠰᠢᠯᠡᠭᠡ ᠳᠤ ᠣᠷᠣᠯᠴᠠᠪᠠ᠃        2022 ᠣᠨ ᠳᠤ ᠥᠪᠥᠷ ᠮᠣᠩᠭᠤᠯ ᠤᠨ ᠡᠳᠦᠷ ᠤᠨ ᠰᠣᠨᠢᠨ ᠤ ︽ᠲᠦᠷᠪᠡᠨ ᠴᠠᠭ ᠤᠨ ᠦᠵᠦᠮᠦᠴᠢᠨ︾ ᠰᠦᠯᠵᠢᠶᠡᠨ ᠤ ᠴᠠᠭᠠᠨ ᠰᠠᠷ᠎ᠠ ᠶᠢᠨ ᠦᠳᠡᠰᠢᠯᠡᠭᠡ ᠳᠤ ᠣᠷᠣᠯᠴᠠᠵᠠᠢ᠃        2013 ᠣᠨ ᠳᠤ ᠬᠥᠯᠥᠨ ᠪᠤᠶᠢᠷ ᠬᠤᠳᠠ ᠶᠢᠨ ᠠᠩᠬᠠᠳᠤᠭᠠᠷ ᠬᠤᠭᠤᠴᠠᠭᠠᠨ ᠤ ︽ᠰᠢᠩ ᠭᠤᠸᠠᠩ ᠬᠠᠶᠢᠯᠠᠷ︾ ᠳᠠᠭᠤᠤ ᠶᠢᠨ ᠤᠷᠤᠯᠳᠤᠭᠠᠨ ᠤ ᠬᠤᠶᠠᠳᠤᠭᠠᠷ ᠲᠠᠰ ᠲᠤ ᠲᠣᠳᠣᠷᠠᠵᠤ᠂ 2014 ᠣᠨ ᠳᠤ ᠬᠥᠯᠥᠨ ᠪᠤᠶᠢᠷ ᠬᠤᠳᠠ ᠶᠢᠨ ᠬᠤᠶᠠᠳᠤᠭᠠᠷ ᠬᠤᠭᠤᠴᠠᠭᠠᠨ ᠤ ︽ᠰᠢᠩ ᠭᠤᠸᠠᠩ ᠬᠠᠶᠢᠯᠠᠷ︾ ᠳᠠᠭᠤᠤ  ᠶᠢᠨ ᠤᠷᠤᠯᠳᠤᠭᠠᠨ ᠤ ᠭᠤᠷᠪᠠᠳᠤᠭᠠᠷ ᠲᠠᠰ ᠲᠤ ᠲᠣᠳᠣᠷᠠᠵᠠᠢ᠃        2015 ᠣᠨ ᠳᠤ ︽ᠵᠠᠯᠮ᠎ᠠ ᠬᠠᠷ᠎ᠠ ᠰᠢᠨ᠎ᠡ ᠤᠳᠤ︾ ᠮᠣᠩᠭᠤᠯ ᠤᠷᠤᠰᠬᠠᠯ ᠳᠠᠭᠤᠤ ᠶᠢᠨ ᠤᠷᠤᠯᠳᠤᠭᠠᠨ ᠳᠤ ᠬᠥᠯᠥᠨ ᠪᠤᠶᠢᠷ ᠬᠤᠳᠠ ᠶᠢᠨ ︽ᠵᠠᠯᠮ᠎ᠠ ᠬᠠᠷ᠎ᠠ ᠰᠢᠨ᠎ᠡ ᠤᠳᠤ︾ ᠪᠠᠷ ᠲᠣᠳᠣᠷᠠᠵᠠᠢ᠃        2016 ᠣᠨ ᠳᠤ ᠥᠪᠥᠷ ᠮᠣᠩᠭᠤᠯ ᠤᠨ ᠷᠠᠳᠢᠣ᠋ ᠲᠧᠯᠧᠢᠰ ᠬᠤᠷᠢᠶᠠᠨ ᠤ ᠮᠣᠩᠭᠤᠯ ᠬᠡᠯᠡᠨ ᠤ ᠷᠠᠳᠢᠣ᠋ ᠶᠢᠨ ︽ᠰᠢᠨ᠎ᠡ ᠤᠷᠠᠨ ᠪᠦᠲᠦᠭᠡᠯ ᠤᠨ ᠵᠢᠭᠰᠠᠭᠠᠯ︾ ᠤᠨ 11 ᠳ᠋ᠦ᠋ᠭᠡᠷ ᠰᠠᠷ᠎ᠠ ᠶᠢᠨ ᠰᠠᠷ᠎ᠠ ᠶᠢᠨ ᠮᠠᠩᠯᠠᠢ ᠪᠠᠷ ᠲᠣᠳᠣᠷᠠᠵᠠᠢ᠃        2020 ᠣᠨ ᠳᠤ ︽ᠪᠡᠭᠡᠵᠢᠩ ᠤᠨ ᠭᠦᠡᠭ ᠴᠢᠩ ᠬᠤᠨᠳᠠᠭᠠᠲᠤ︾ ᠳᠠᠭᠤᠤ ᠶᠢᠨ ᠤᠷᠤᠯᠳᠤᠭᠠᠨ ᠳᠤ ︽ᠰᠢᠯᠢᠳᠡᠭ ᠳᠠᠭᠤᠴᠢᠨ︾᠂ ︽ᠪᠦᠲᠦᠭᠡᠯᠴᠢ ᠤᠷᠠᠯᠢᠭᠴᠢᠨ︾ ᠵᠡᠷᠭᠡ ᠪᠠᠷ ᠲᠣᠳᠣᠷᠠᠵᠠᠢ᠃        2021 ᠣᠨ  ᠳᠤ ︽ᠵᠢᠪᠬᠤᠭᠠᠲᠤ ᠲᠤᠮᠳᠠᠳᠦ ᠤᠯᠤᠰ︾ ᠪᠦᠭᠦ ᠤᠯᠤᠰ ᠤᠨ ᠵᠠᠯᠠᠭᠤ ᠲᠠᠭᠤᠴᠢᠳ ᠤᠨ ᠤᠷᠤᠯᠳᠤᠭᠠᠨ ᠳᠤ ᠠᠶᠢᠮᠠᠭ ᠬᠤᠳᠠ ᠶᠢᠨ ᠬᠡᠪᠴᠢᠶᠡᠨ ᠤ ᠤᠷᠤᠯᠳᠤᠭᠠᠨ ᠤ ᠲᠠᠯᠠᠪᠤᠷ ᠲᠤ ᠳᠡᠳ᠋ ᠪᠠᠶᠢᠷᠢᠨ ᠳᠤ ᠲᠣᠳᠣᠷᠠᠵᠤ᠂ ᠪᠦᠭᠦ ᠤᠯᠤᠰ ᠤᠨ ᠰᠢᠯᠭᠠᠷᠠᠭᠤᠯᠤᠯᠲᠠ ᠶᠢᠨ ᠥᠪᠥᠷ ᠮᠣᠩᠭᠤᠯ ᠤᠨ ᠬᠤᠪᠢᠶᠠᠷᠢ ᠲᠠᠯᠠᠪᠤᠷ ᠤᠷᠤᠯᠳᠤᠭᠠᠨ ᠤ ᠲᠡᠷᠢᠭᠦᠨ ᠲᠠᠰ᠂ ᠶᠡᠷᠦᠩᠬᠡᠢ ᠬᠤᠪᠢ ᠶᠢᠨ ᠳᠥᠷᠪᠡᠳᠦᠭᠡᠷ ᠨᠡᠷᠡᠰ᠂ ᠥᠪᠥᠷ ᠮᠣᠩᠭᠤᠯ ᠤᠨ ᠬᠤᠪᠢᠶᠠᠷᠢ ᠲᠠᠯᠠᠪᠤᠷ ᠤᠷᠤᠯᠳᠤᠭᠠᠨ ᠤ ︽ᠠᠷᠪᠠᠨ ᠬᠦᠴᠦᠷᠬᠡᠭ︾ ᠲᠤ ᠦᠯᠡᠳᠡᠵᠦ᠂ ᠪᠦᠭᠦ ᠤᠯᠤᠰ ᠤᠨ ᠰᠢᠯᠭᠠᠷᠠᠭᠤᠯᠤᠯᠲᠠ ᠳᠤ ᠰᠢᠭᠰᠢᠭᠳᠡᠨ ᠣᠷᠣᠵᠠᠢ᠃        ᠪᠦᠭᠦ ᠣᠷᠣᠨ ᠤ ᠳᠥᠷᠪᠡᠳᠦᠭᠡᠷ ᠬᠤᠭᠤᠴᠠᠭᠠᠨ ᠤ ︽ᠲᠠᠯ᠎ᠠ ᠨᠤᠲᠤᠭ ᠤᠨ ᠠᠯᠳᠠᠨ ᠨᠠᠮᠤᠷ︾ ᠳᠠᠭᠤᠤ ᠶᠢᠨ ᠤᠷᠤᠯᠳᠤᠭᠠᠨ ᠳᠤ ᠤᠷᠤᠰᠬᠠᠯ ᠳᠠᠭᠤᠤ ᠶᠢᠨ ᠳᠤᠭᠤᠶᠢᠯᠠᠩ ᠤᠨ ᠤᠷᠤᠯᠳᠤᠭᠠᠨ ᠤ ᠬᠤᠶᠠᠳᠤᠭᠠᠷ ᠲᠠᠰ ᠲᠤ ᠲᠣᠳᠣᠷᠠᠵᠠᠢ᠃                                        ᠰᠤᠷᠪᠤᠯᠵᠢᠯᠠᠬᠴᠢ  ᠮᠥᠴᠢᠷ 
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ