ᠡᠵᠡᠨᠲᠦ ᠭᠦᠷᠦᠨ ᠤ ᠠᠵᠤ ᠠᠬᠤᠢ ᠶᠢ ᠡᠮᠬᠢᠯᠡᠨ ᠴᠡᠭᠴᠡᠯᠡᠭᠴᠢ ᠲᠦᠷᠥ ᠶᠢᠨ ᠶᠡᠭᠡ ᠴᠢᠩᠰᠠᠩ ᠴᠢᠩᠭᠠᠢ
ᠨᠡᠶᠢᠲᠡᠯᠡᠭᠰᠡᠨ ᠴᠠᠭ᠄
2023/5/24
      ᠴᠢᠩᠭᠢᠰ ᠬᠠᠭᠠᠨ ᠤ ᠤᠷᠢᠯᠭ᠎ᠠ ᠶᠢ ᠲᠣᠭᠲᠠᠭᠠᠵᠤ᠂ ᠰᠠᠷᠲᠠᠭᠤᠯ ᠭᠠᠵᠠᠷ ᠢ ᠵᠣᠷᠢᠭᠰᠠᠨ ᠬᠢᠲᠠᠳ ᠤᠨ ᠨᠣᠮᠴᠢ ᠮᠡᠷᠭᠡᠨ ᠴᠠᠩ ᠴᠥᠨ ᠠᠷᠰᠢ ᠮᠣᠩᠭᠤᠯ ᠭᠦᠷᠦᠨ ᠤ ᠳᠣᠷᠣᠨ᠎ᠠ ᠠᠴᠠ ᠦᠷᠦᠨ᠎ᠡ ᠶᠢ ᠴᠢᠭᠯᠡᠨ ᠠᠶᠠᠯᠠᠵᠤ ᠶᠠᠪᠤᠭ᠎ᠠ ᠶᠢ ᠴᠢᠩᠭᠠᠢ ᠴᠢᠩᠰᠠᠩ ᠨᠡᠯᠢᠶᠡᠳ ᠡᠷᠲᠡ ᠮᠡᠳᠡᠭᠰᠡᠨ ᠪᠦᠭᠡᠳ ᠨᠢᠭᠡᠨ ᠴᠠᠭ ᠲᠤ ᠡᠨᠡᠭᠦᠷ ᠢᠷᠡᠬᠦ ᠨᠢ ᠮᠠᠭᠠᠳ ᠦᠬᠡᠢ ᠭᠡᠵᠦ ᠪᠣᠳᠣᠵᠤ ᠪᠠᠶᠢᠵᠠᠢ᠃ ᠤᠭ ᠠᠴᠠ ᠪᠠᠨ ᠰᠣᠨᠣᠰᠬᠤ᠂ ᠰᠤᠷᠬᠤ ᠬᠤᠶᠠᠷ ᠲᠤ ᠪᠠᠬ᠎ᠠ ᠲᠠᠢ ᠲᠤᠯᠠ ᠨᠢᠭᠡᠨ ᠡᠳᠦᠷ ᠮᠡᠷᠭᠡᠨ ᠠᠷᠰᠢ ᠶᠢᠨ ᠬᠥᠰᠢᠭᠡ ᠬᠦᠷᠴᠦ ᠢᠷᠡᠭᠰᠡᠨ ᠢ ᠳᠣᠭᠤᠯᠣᠭᠠᠳ ᠴᠢᠩᠭᠠᠢ ᠲᠡᠰᠭᠡᠯ ᠦᠬᠡᠢ ᠪᠠᠶᠠᠷᠯᠠᠵᠤ᠂ ᠶᠠᠭᠠᠷᠠᠨ ᠶᠡᠭᠡ ᠭᠡᠷ ᠪᠠᠷᠢᠭᠤᠯᠤᠨ᠂ ᠨᠠᠰᠤ ᠦᠨᠳᠦᠷ ᠪᠣᠯᠣᠭᠰᠠᠨ ᠬᠦᠮᠦᠨ ᠭᠡᠵᠦ ᠭᠠᠳᠠᠷᠯᠠᠬᠤ ᠤᠴᠢᠷ ᠤᠮᠠᠷ᠎ᠠ ᠭᠠᠵᠠᠷ ᠤᠨ ᠰᠡᠷᠢᠭᠦᠨ ᠠᠮᠢᠰᠬᠤᠯ ᠳᠤ ᠲᠣᠬᠢᠷᠠᠬᠤ ᠦᠬᠡᠢ ᠬᠡᠮᠡᠨ ᠰᠠᠶᠢᠲᠤᠷ ᠲᠤᠯᠠᠭᠠᠯᠠᠭᠠᠳ᠂ ᠨᠠᠩᠭᠢᠶᠠᠳ ᠢᠷᠭᠡᠳ ᠢ ᠳᠠᠶᠢᠴᠢᠯᠠᠨ ᠲᠡᠳᠡᠨ ᠳᠤ ᠮᠡᠳᠡᠬᠦ ᠴᠢᠳᠠᠬᠤ ᠶᠢᠨ ᠬᠢᠨᠢ ᠬᠢᠷᠢ ᠪᠠᠷ ᠬᠥᠩᠭᠡᠨ ᠲᠠᠩᠰᠤᠭ ᠡᠳ᠋ ᠢ ᠪᠡᠯᠡᠳᠬᠡᠭᠦᠯᠪᠡ᠃ ᠠᠷᠰᠢ ᠶᠢᠨ ᠰᠠᠭᠤᠷᠢᠨ ᠳᠤ ᠴᠠᠩ ᠴᠥᠨ ᠴᠣᠮᠪᠤ᠂ ᠴᠢᠩᠭᠠᠢ ᠬᠤᠶᠠᠭᠤᠯᠠ ᠬᠡᠳᠦᠨᠲᠡ ᠠᠭᠤᠯᠵᠠᠭᠰᠠᠨ ᠤ ᠳᠠᠷᠠᠭ᠎ᠠ ᠪᠡᠶ᠎ᠡ ᠪᠡᠶ᠎ᠡ ᠳᠡᠭᠡᠨ ᠰᠡᠳᠬᠢᠯ ᠬᠠᠩᠬᠤᠯᠤᠭᠤᠨ ᠪᠣᠯᠪᠠ᠃ ᠡᠪᠦᠭᠡᠨ ᠠᠷᠰᠢ ᠶᠣᠰᠣᠯᠠᠯ ᠵᠢᠷᠤᠮ ᠢ ᠭᠦᠨ᠎ᠡ ᠬᠦᠨᠳᠦᠳᠬᠡᠬᠦ ᠲᠤᠯᠠ ᠲᠡᠳᠡᠨ ᠳᠤ ᠶᠡᠭᠡ ᠲᠦᠪᠡᠭ ᠠᠪᠴᠢᠷᠠᠭᠰᠠᠨ ᠳᠠᠭᠠᠨ ᠬᠦᠯᠢᠴᠡᠯ ᠥᠭᠴᠦ᠂ ᠪᠠᠰᠠᠴᠤ ᠡᠬᠡ ᠬᠡᠯᠡ ᠪᠠᠷ ᠨᠢ ᠴᠢᠩᠭᠠᠢ ᠶᠢᠨ ᠦᠭᠦᠯᠡᠬᠦ ᠨᠢ ᠡᠭᠡᠯ ᠪᠤᠰᠤ ᠶᠢ ᠪᠢᠰᠢᠷᠡᠨ ᠲᠠᠭᠠᠯᠠᠭᠰᠠᠨ ᠢᠶᠠᠨ ᠢᠯᠡᠷᠬᠡᠶᠢᠯᠡᠪᠡ᠃ ᠠᠯᠳᠠᠷ ᠬᠦᠨᠳᠦ ᠶᠢᠨ ᠢᠶᠠᠨ ᠬᠢᠷᠢ ᠪᠠᠷ ᠶᠠᠮᠪᠠᠯᠠᠳᠠᠭ ᠬᠦᠮᠦᠨ ᠢ ᠦᠵᠡᠳᠡᠭ ᠦᠬᠡᠢ ᠴᠢᠩᠭᠠᠢ ᠳᠤ ᠡᠷᠳᠡᠮᠲᠡᠨ ᠤ ᠡᠩ ᠤᠨ ᠲᠦᠯᠦᠪ ᠪᠠᠶᠢᠳᠠᠯ᠂ ᠡᠮᠦᠰᠦᠭᠰᠡᠨ ᠵᠡᠭᠦᠭᠰᠡᠨ ᠢᠶᠠᠷ ᠢᠶᠠᠨ ᠱᠠᠪᠢ ᠠᠴᠠ ᠪᠠᠨ ᠦᠴᠦᠬᠡᠨ ᠴᠦ ᠢᠯᠭᠠᠷᠠᠬᠤ ᠦᠬᠡᠢ᠂ ᠠᠭᠤᠯᠵᠠᠭᠰᠠᠨ ᠬᠦᠮᠦᠨ ᠢᠶᠠᠨ ᠳᠡᠭᠡᠷ᠎ᠡ ᠳᠣᠣᠷ᠎ᠠ ᠬᠡᠮᠡᠨ ᠢᠯᠭᠠᠴᠢᠯᠠᠳᠠᠭ ᠦᠬᠡᠢ ᠨᠢ ᠰᠠᠶᠢᠬᠠᠨ ᠰᠠᠨᠠᠭᠳᠠᠵᠤ ᠪᠠᠶᠢᠯ᠎ᠠ᠃ ᠶᠡᠭᠡ ᠠᠷᠰᠢ ᠠᠳᠡ ᠠᠴᠠ ᠦᠷᠦᠨ᠎ᠡ ᠵᠦᠭ ᠵᠣᠷᠢᠬᠤ ᠳᠠᠭᠠᠨ ᠠᠯᠲᠠᠢ ᠶᠢᠨ ᠨᠢᠷᠤᠭᠤ ᠶᠢ ᠠᠯᠳᠠᠷᠲᠤ ᠤᠯᠠᠭᠠᠨ ᠳᠠᠪᠠᠭ᠎ᠠ ᠪᠠᠷ ᠳᠠᠪᠠᠭ᠋ᠤ ᠪᠠᠷ ᠲᠣᠭᠲᠠᠭᠰᠠᠨ ᠪᠦᠭᠡᠳ ᠴᠠᠭᠠᠰᠢ ᠪᠤᠯᠠᠭᠠᠨ ᠭᠤᠣᠯ ᠤᠨ ᠪᠡᠷᠬᠡ ᠬᠠᠪᠴᠢᠯ᠂ ᠵᠦᠩᠭᠠᠷ ᠤᠨ ᠡᠯᠡᠰᠦᠨ ᠳᠠᠯᠠᠢ ᠶᠢ ᠲᠤᠭᠤᠯᠬᠤ ᠳᠤ ᠶᠠᠭ ᠦᠬᠡᠢ ᠭᠡᠳᠡᠭ ᠢ ᠴᠢᠩᠰᠠᠩ ᠯᠤᠭ᠎ᠠ ᠵᠦᠪᠰᠢᠨ ᠠᠳᠡ ᠪᠠᠭ᠋ᠠᠨ ᠰᠠᠭᠠᠲᠠᠵᠤ᠂ ᠤᠨᠤᠭ᠎ᠠ ᠲᠡᠷᠭᠡ ᠬᠦᠨᠡᠰᠦ ᠬᠤᠭᠤᠯᠠ ᠪᠠᠨ ᠰᠠᠶᠢᠲᠤᠷ ᠪᠡᠯᠡᠳᠬᠡᠬᠦ ᠪᠠᠷ ᠰᠢᠢᠳᠴᠡᠢ᠃ ᠨᠢᠭᠡᠨ ᠣᠷᠣᠢ ᠴᠠᠩ ᠴᠥᠨ ᠪᠣᠮᠪᠤ ᠠᠰᠠᠭᠤᠭᠰᠠᠨ ᠨᠢ ︽ᠡᠷᠬᠢᠮ ᠲᠠᠨ ᠢ ᠠᠵᠢᠪᠠᠯ ᠨᠠᠰᠤ ᠵᠠᠯᠠᠭᠤ ᠠᠲᠠᠯ᠎ᠠ ᠲᠥᠷᠥ ᠶᠢᠨ ᠶᠣᠰᠣᠨ ᠢᠶᠠᠷ ᠭᠦᠨ ᠪᠣᠯᠪᠠᠰᠤᠷᠠᠭᠰᠠᠨ ᠨᠢ ᠶᠠᠭᠤᠨ ᠤ ᠰᠢᠯᠲᠠᠭᠠᠨ ᠪᠣᠢ︖︾ ᠬᠡᠮᠡᠬᠦ ᠳᠤ ᠴᠢᠩᠭᠠᠢ ᠢᠨᠢᠶᠡᠮᠰᠦᠭᠯᠡᠭᠡᠳ ︽ᠪᠠᠭᠰᠢ ᠲᠠ ᠨᠠᠮᠠᠶᠢ ᠰᠣᠷᠢᠨᠠᠮ ᠪᠤᠶ᠎ᠠ᠂ ᠬᠦᠮᠦᠨ ᠭᠡᠭᠴᠢ ᠮᠦᠯᠬᠦᠵᠦ ᠰᠤᠷᠤᠭᠠᠳ ᠳᠠᠷᠠᠭ᠎ᠠ ᠨᠢ ᠣᠶᠢᠷ᠎ᠠ ᠵᠠᠭᠤᠷ᠎ᠠ ᠠᠯᠬᠤᠵᠤ᠂ ᠡᠴᠦᠰ ᠲᠤᠨᠢ ᠠᠭᠤᠯᠠ ᠳᠠᠪᠠᠭ᠎ᠠ ᠶᠢ ᠬᠡᠷᠬᠢᠨ ᠳᠠᠪᠠᠭ᠋ᠤ ᠴᠢᠳᠠᠯᠳᠠᠢ ᠪᠣᠯᠳᠠᠭ᠃ ᠪᠢᠳᠡᠨ ᠤ ᠨᠢᠭᠡᠨ ᠦᠶ᠎ᠡ ᠡᠶᠢᠨᠬᠦ ᠮᠦᠯᠬᠦᠭᠰᠡᠭᠡᠷ ᠮᠢᠨᠤ ᠮᠡᠲᠦ ᠨᠢ ᠰᠠᠶ᠋ᠢ ᠬᠥᠯ ᠳᠤ ᠣᠷᠣᠵᠤ ᠪᠠᠶᠢᠨᠠᠮ᠃ ᠡᠷᠳᠡᠮᠲᠡᠢ ᠨᠢ ᠨᠢᠭᠡᠨᠲᠡ ᠠᠭᠤᠯᠠ ᠳᠠᠪᠠᠭ᠋ᠤ ᠴᠢᠳᠠᠯᠲᠠᠢ ᠪᠣᠯᠣᠭᠠᠳ ᠲᠦᠷᠥ ᠶᠢᠨ ᠲᠦᠰᠢᠶ᠎ᠡ ᠰᠠᠶᠢᠳ ᠵᠠᠩᠵᠤᠨ ᠬᠡᠮᠡᠭᠳᠡᠨ ᠦᠨᠳᠦᠷ ᠠᠯᠪᠠᠨ᠎ᠠ ᠵᠢᠳᠬᠦᠵᠦ ᠪᠠᠶᠢᠭ᠎ᠠ ᠶᠢ ᠲᠠ ᠪᠡᠯᠡᠬᠡᠨ᠎ᠡ ᠮᠡᠳᠡᠨ᠎ᠡ᠃ ᠦᠴᠦᠬᠡᠨ ᠪᠢ ᠬᠠᠷᠢᠨ ᠴᠦ ᠡᠨᠡ ᠭᠠᠵᠠᠷ ᠲᠤ ᠪᠠᠭ᠎ᠠ ᠰᠠᠭ᠎ᠠ ᠦᠢᠯᠡ ᠶᠢ ᠬᠢᠴᠢᠶᠡᠭᠰᠡᠭᠡᠷ ᠨᠢᠳᠦ ᠨᠡᠭᠡᠭᠡᠭᠳᠡᠨ᠂ ᠰᠡᠳᠬᠢᠯ ᠰᠢᠨᠡᠳᠬᠦ ᠪᠣᠯᠪᠠ᠃ ᠡᠨᠡ ᠴᠣᠬᠤᠮ ᠲᠥᠷᠥ ᠶᠢᠨ ᠬᠡᠰᠢᠭ ᠪᠤᠯᠠᠢ︾ ᠬᠡᠮᠡᠨ ᠡᠩ ᠤᠨ ᠢᠶᠠᠷ ᠦᠭᠦᠯᠡᠪᠡ᠂᠂᠂᠂      1203 ᠣᠨ ᠳᠤ ᠭᠡᠷᠡᠶᠢᠳ ᠬᠠᠮᠤᠭ ᠮᠣᠩᠭᠤᠯ ᠬᠤᠶᠠᠷ ᠠᠶᠢᠮᠠᠭ ᠰᠡᠩᠭᠦᠮ ᠤᠨ ᠤᠷᠰᠢᠭ ᠢᠶᠠᠷ ᠡᠪᠳᠡᠷᠡᠯᠴᠡᠭᠡᠳ ᠬᠠᠷᠢᠯᠴᠠᠨ ᠪᠠᠶᠢᠯᠳᠤᠭᠠᠳ᠂ ᠶᠡᠬᠡᠬᠡᠨ ᠬᠤᠬᠢᠷᠠᠵᠠᠢ᠃ ᠲᠡᠮᠦᠵᠢᠨ ᠲᠡᠷᠡ ᠵᠣᠨ ᠪᠠᠯᠵᠤᠭᠤᠨ᠎ᠠ ᠨᠠᠭᠤᠷ ᠲᠤ ᠪᠠᠭᠤᠵᠤ᠂ ᠬᠡᠳᠦᠨ ᠦᠮᠦᠭ ᠨᠦᠬᠦᠳ ᠲᠠᠢ ᠪᠠᠨ ᠠᠨᠳᠠᠭᠠᠢ ᠡᠷᠭᠦᠭᠰᠡᠨ ᠪᠠᠶᠢᠨ᠎ᠠ᠃ ᠲᠡᠳᠡᠨ ᠤ ᠳᠣᠲᠣᠷ᠎ᠠ ᠴᠢᠩᠭᠠᠢ ᠭᠡᠰᠡᠨ ᠨᠡᠷ᠎ᠡ ᠪᠣᠢ᠃ ᠬᠤᠵᠢᠮ ᠴᠢᠩᠰᠠᠩ ᠬᠡᠮᠡᠬᠦ ᠲᠦᠷᠥ ᠶᠢᠨ ᠦᠨᠳᠦᠷ ᠴᠣᠯᠠ ᠶᠢ ᠨᠡᠷ᠎ᠡ ᠲᠠᠢ ᠪᠠᠨ ᠬᠠᠮᠲᠤᠳᠬᠠᠨ ᠳᠠᠭᠠᠭᠤᠯᠬᠤ ᠪᠣᠯᠣᠭᠰᠠᠨ ᠲᠡᠭᠦᠨ ᠤ ᠲᠤᠬᠠᠢ ᠦᠭᠦᠯᠡᠬᠦ ᠨᠢ ᠮᠣᠩᠭᠤᠯ ᠤᠨ ᠨᠢᠭᠡᠳᠦᠭᠰᠡᠨ ᠭᠦᠷᠦᠨ ᠤ ᠡᠳ᠋ ᠤᠨ ᠵᠠᠰᠠᠭ ᠤᠨ ᠪᠣᠳᠣᠯᠭ᠎ᠠ᠂ ᠠᠵᠤ ᠠᠬᠤᠢ ᠶᠢᠨ ᠵᠣᠬᠢᠶᠠᠨ ᠪᠠᠶᠢᠭᠤᠯᠤᠯᠲᠠ ᠶᠢᠨ ᠲᠤᠬᠠᠢ ᠪᠠᠭ᠎ᠠ ᠰᠠᠭ᠎ᠠ ᠮᠡᠳᠡᠬᠦ ᠲᠤ ᠵᠣᠬᠢᠬᠤ ᠳᠡᠪᠢᠭᠰᠡᠭᠡᠷ ᠪᠣᠯᠵᠤ ᠥᠭᠬᠦ ᠶᠤᠮ᠃ 1212 ᠣᠨ ᠳᠤ ᠴᠢᠩᠭᠢᠰ ᠬᠠᠭᠠᠨ ᠡᠷᠲᠡ ᠴᠠᠭ ᠲᠤ ᠲᠠᠷᠢᠶᠠᠯᠠᠵᠤ ᠪᠠᠶᠢᠭᠰᠠᠨ ᠪᠣᠯᠪᠠᠴᠤ ᠣᠨ ᠴᠠᠭ᠂ ᠲᠡᠦᠬᠡ ᠶᠢᠨ ᠮᠦᠴᠢᠯᠭᠡ ᠠᠴᠠ ᠰᠢᠯᠲᠠᠭᠠᠯᠠᠨ ᠦᠶ᠎ᠡ ᠦᠶ᠎ᠡ ᠣᠷᠬᠢᠭᠳᠠᠵᠤ ᠠᠲᠠᠷᠰᠢᠭᠰᠠᠨ᠂ ᠠᠯᠲᠠᠢ ᠶᠢᠨ ᠤᠮᠠᠷᠠᠲᠤ ᠦᠷᠡᠵᠢᠯ ᠰᠢᠮᠡᠲᠦ ᠭᠠᠵᠠᠷ ᠢ ᠰᠡᠷᠭᠦᠭᠡᠨ ᠠᠰᠢᠭᠯᠠᠬᠤ ᠪᠠᠷ ᠴᠢᠩᠭᠠᠢ ᠶᠢ ᠢᠯᠡᠭᠡᠭᠰᠡᠨ ᠨᠢ ᠤᠭ ᠲᠠᠭᠠᠨ ᠤᠯᠤᠰ ᠣᠷᠣᠨ ᠤ ᠪᠠᠨ ᠡᠳ᠋ ᠤᠨ ᠵᠠᠰᠠᠭ ᠤᠨ ᠦᠷᠦᠭᠡᠰᠦᠯ ᠪᠠᠶᠢᠳᠠᠯ ᠢ ᠠᠷᠢᠯᠭᠠᠬᠤ ᠪᠣᠳᠣᠯ ᠲᠠᠢ ᠵᠠᠯᠠᠭᠤ ᠲᠦᠰᠢᠮᠡᠯ ᠣᠯᠠᠨ ᠬᠡᠯᠡ ᠮᠡᠳᠡᠳᠡᠭ᠂ ᠲᠤᠬᠠᠢ ᠶᠢᠨ ᠦᠶ᠎ᠡ ᠳᠡᠭᠡᠨ ᠦᠨᠳᠦᠷ ᠪᠣᠯᠪᠠᠰᠤᠷᠠᠯ ᠲᠠᠢ᠂ ᠢᠯᠠᠩᠭᠤᠶ᠎ᠠ ᠲᠤᠶᠢᠯᠪᠤᠷᠢᠲᠠᠢ ᠵᠣᠬᠢᠶᠠᠨ ᠪᠠᠶᠢᠭᠤᠯᠤᠭᠴᠢ ᠪᠣᠯᠬᠤ ᠴᠢᠨᠠᠷ ᠢ ᠨᠢ ᠢᠲᠡᠭᠡᠵᠦ ᠨᠦᠬᠦᠷᠯᠡᠭᠰᠡᠨ ᠪᠣᠭᠤᠨᠢᠬᠠᠨ ᠬᠤᠭᠤᠴᠠᠭᠠᠨ ᠳᠠᠭᠠᠨ ᠴᠢᠩᠭᠢᠰ ᠬᠠᠭᠠᠨ ᠠᠨᠵᠢᠶᠠᠷᠠᠵᠤ ᠮᠡᠳᠡᠵᠡᠢ᠃ ᠲᠡᠷᠡ ᠵᠠᠷᠯᠢᠭ ᠶᠣᠰᠣᠭᠠᠷ ᠣᠴᠢᠭᠰᠠᠨ ᠭᠠᠵᠠᠷ ᠲᠠᠭᠠᠨ ᠠᠯᠪᠠᠨ ᠤ ᠲᠠᠷᠢᠶᠠᠯᠠᠩ ᠢ ᠡᠭᠦᠰᠬᠡᠨ᠂ ᠵᠠᠪᠬᠠᠨ ᠭᠤᠣᠯ ᠤᠨ ᠣᠷᠴᠢᠮ ᠰᠢᠨ᠎ᠡ ᠰᠠᠭᠤᠷᠢᠨ ᠪᠠᠶᠢᠭᠤᠯᠵᠠᠢ᠃ ᠡᠵᠡᠨ ᠤ ᠪᠠᠨ ᠨᠡᠷ᠎ᠡ ᠪᠠᠷ ᠨᠡᠷᠡᠯᠡᠭᠳᠡᠭᠰᠡᠨ ᠡᠨᠡ ᠬᠤᠲᠠ ᠴᠢᠩᠭᠠᠢ ᠶᠢ ᠬᠠᠷᠠᠬᠤᠷᠢᠨ ᠳᠤ ᠰᠢᠯᠵᠢᠬᠦ ᠦᠶ᠎ᠡ ᠳᠤ ᠤᠯᠤᠰ ᠤᠨ ᠴᠢᠬᠤᠯᠠ ᠰᠠᠭᠤᠷᠢᠨ ᠭᠠᠵᠠᠷ ᠤᠨ ᠲᠣᠭᠠᠨ ᠳᠤ ᠣᠷᠣᠭᠰᠠᠨ ᠪᠠᠶᠢᠨ᠎ᠠ᠃ ᠶᠤᠸᠠᠨ ᠤᠯᠤᠰ ᠤᠨ ᠡᠬᠢᠨ ᠤ ᠦᠶ᠎ᠡ ᠪᠠᠷ ᠴᠢᠩᠭᠠᠢ ᠬᠤᠲᠠ ᠳᠤ ᠠᠯᠲᠠᠨ ᠬᠤᠷᠭᠤᠢ ᠨᠡᠬᠡᠬᠦ ᠲᠣᠮᠣᠬᠠᠨ ᠦᠢᠯᠡᠳᠪᠦᠷᠢ ᠪᠠᠶᠢᠭᠤᠯᠵᠤ 1300 ᠣᠨ ᠳᠤ ᠠᠳᠡ ᠬᠢᠭᠰᠡᠨ ᠲᠠᠷᠢᠶᠠᠯᠠᠩ ᠤᠨ ᠪᠠᠭᠠᠵᠢ ᠶᠢ ᠬᠢᠲᠠᠳ ᠲᠤ ᠬᠤᠳᠠᠯᠳᠤᠭᠠᠯᠠᠵᠤ ᠪᠠᠶᠢᠭᠰᠠᠨ ᠠᠴᠠ ᠦᠵᠡᠬᠦ ᠳᠤ ᠡᠨᠡ ᠬᠤᠲᠠ ᠮᠣᠩᠭᠤᠯ ᠤᠨ ᠡᠳ᠋ ᠤᠨ ᠵᠠᠰᠠᠭ ᠤᠨ ᠰᠦᠯᠵᠢᠶᠡᠨ ᠳᠤ ᠵᠣᠬᠢᠬᠤ ᠡᠭᠦᠷᠭᠡ ᠭᠦᠢᠴᠡᠳᠬᠡᠵᠦ ᠪᠠᠶᠢᠵᠠᠢ᠃      1230 ‍ᠭᠠᠳ ᠣᠨ ᠳᠤ ᠴᠢᠩᠭᠠᠢ ᠦᠭᠡᠳᠡᠢ ᠬᠠᠭᠠᠨ ᠤ ᠰᠢᠨ᠎ᠡ ᠪᠠᠷ ᠪᠠᠶᠢᠭᠤᠯᠤᠭᠰᠠᠨ ᠶᠡᠷᠦᠩᠬᠡᠶᠢᠯᠡᠨ ᠰᠢᠢᠳᠭᠡᠬᠦ ᠶᠠᠮᠤᠨ ᠤ ᠪᠠᠷᠠᠭᠤᠨ ᠡᠲᠡᠭᠡᠳ ᠤᠨ ᠴᠢᠩᠰᠠᠩ ᠪᠣᠯᠵᠠᠢ᠃ ᠨᠡᠭᠦᠳᠡᠯ ᠤᠨ ᠮᠠᠯ ᠠᠵᠤ ᠠᠬᠤᠢ ᠳᠤ ᠲᠦᠰᠢᠭᠯᠡᠭᠰᠡᠨ ᠲᠣᠮᠣ ᠡᠵᠡᠨᠲᠦ ᠭᠦᠷᠦᠨ ᠤ ᠰᠠᠶᠢᠳ ᠤᠨ ᠬᠤᠪᠢ ᠳᠤ ᠲᠡᠭᠦᠨ ᠳᠤ ᠰᠠᠨᠠᠭ᠎ᠠ ᠲᠠᠯᠪᠢᠬᠤ ᠵᠦᠢᠯ ᠶᠡᠭᠡ ᠪᠠᠶᠢᠪᠠ᠃ ᠴᠢᠩᠭᠠᠢ ᠴᠢᠩᠰᠠᠩ ᠢᠶᠠᠷ ᠲᠣᠯᠣᠭᠠᠶᠢᠯᠠᠭᠰᠠᠨ ᠴᠢᠨᠠᠢ᠂ ᠪᠤᠯᠠᠭᠠᠳᠠᠷ᠂ ᠡᠯᠵᠢᠭᠡᠲᠡᠢ ᠵᠡᠷᠭᠡ ᠠᠪᠢᠶᠠᠰᠤᠯᠢᠭ ᠡᠳ᠋ ᠤᠨ ᠵᠠᠰᠠᠭᠴᠢᠳ ᠬᠠᠷᠠᠬᠤᠷᠢᠨ ᠬᠤᠲᠠᠨ᠎ᠠ ᠬᠡᠳᠦ ᠬᠡᠳᠦᠨ ᠲᠣᠮᠣ ᠲᠦᠰᠦᠯ ᠪᠣᠯᠪᠠᠰᠤᠷᠠᠭᠤᠯᠵᠠᠢ᠃ ᠡᠩ ᠲᠡᠷᠢᠭᠦᠨ ᠳᠤ ᠭᠤᠪᠢ ᠭᠠᠵᠠᠷ ᠢ ᠤᠰᠤᠵᠢᠭᠤᠯᠬᠤ ᠳᠤ ᠠᠷᠪᠠ ᠣᠷᠴᠢᠨ ᠵᠢᠯ ᠤᠨ ᠬᠤᠭᠤᠴᠠᠭ᠎ᠠ ᠵᠠᠷᠤᠵᠠᠢ᠃ 1240 ᠣᠨ ᠭᠡᠬᠦ ᠳᠤ ᠬᠡᠳᠦᠨ ᠵᠠᠭᠤᠨ ᠬᠤᠤᠳᠤᠭ ᠭᠠᠷᠭᠠᠨ ᠪᠡᠯᠴᠢᠭᠡᠷ ᠢ ᠨᠡᠮᠡᠭᠳᠡᠭᠦᠯᠵᠦ ᠴᠢᠳᠠᠵᠠᠢ᠃ ᠭᠠᠵᠠᠷ ᠢ ᠠᠰᠢᠭᠲᠠᠢ ᠡᠵᠡᠮᠰᠢᠬᠦ ᠶᠢᠨ ᠲᠤᠯᠠᠳᠠ ᠨᠠᠷᠢᠨ ᠬᠤᠪᠢᠶᠠᠷᠢᠯᠠᠬᠤ ᠤᠴᠢᠷᠲᠠᠢ ᠪᠣᠯᠪᠠ᠃ ᠡᠨᠡ ᠡᠭᠦᠳᠡᠨ ᠠᠴᠠ ᠪᠡᠯᠴᠢᠭᠡᠷ ᠤᠨ ᠵᠣᠬᠢᠰᠲᠠᠢ ᠬᠤᠪᠢᠶᠠᠷᠢ ᠶᠢ ᠤᠰᠤᠨ ᠤ ᠬᠡᠮᠵᠢᠶ᠎ᠡ ᠪᠠᠷ ᠭᠠᠷᠭᠠᠬᠤ ᠲᠦᠪᠡᠭ ᠲᠠᠢ ᠠᠵᠢᠯ ᠢ ᠲᠦᠯᠦᠪᠯᠡᠵᠦ ᠭᠦᠢᠴᠡᠳᠬᠡᠭᠰᠡᠨ ᠨᠢ ᠤᠯᠤᠰ ᠣᠷᠣᠨ ᠤ ᠡᠳ᠋ ᠤᠨ ᠵᠠᠰᠠᠭ ᠢ ᠨᠡᠯᠢᠶᠡᠳ ᠨᠡᠶᠢᠲᠡᠯᠢᠭ ᠮᠠᠶ᠋ᠢᠭ ᠢᠶᠠᠷ ᠤᠳᠤᠷᠢᠳᠬᠤ ᠪᠣᠯᠣᠮᠵᠢ ᠪᠦᠷᠢᠯᠳᠦᠭᠦᠯᠵᠦ ᠥᠭᠴᠡᠢ᠃ ᠠᠯᠢᠪᠠ ᠦᠨᠳᠦᠰᠦᠲᠡᠨ ᠤ ᠰᠡᠷᠭᠦᠨ ᠮᠠᠨᠳᠤᠯᠲᠠ ᠶᠢᠨ ᠠᠳᠠᠯᠢ ᠮᠣᠩᠭᠤᠯ ᠤᠯᠤᠰ ᠢᠶᠠᠨ ᠦᠭᠡᠳᠡ ᠲᠠᠲᠠᠬᠤ ᠰᠠᠨᠠᠭᠠᠴᠢᠯᠠᠭ᠎ᠠ ᠲᠡᠷᠡ ᠦᠶ᠎ᠡ ᠳᠤ ᠬᠠᠷᠠᠴᠤ ᠠᠷᠠᠳ ᠲᠤ ᠴᠦ ᠦᠷᠨᠢᠨ ᠪᠠᠶᠢᠭᠰᠠᠨ ᠠᠵᠢ᠃ ᠨᠡᠶᠢᠰᠯᠡᠯ ᠳᠤ ᠠᠵᠢᠯᠯᠠᠵᠤ ᠪᠠᠶᠢᠭᠰᠠᠨ ᠣᠰᠣᠨ ᠤ ᠬᠦᠴᠦ ᠶᠢ ᠠᠰᠢᠭᠯᠠᠬᠤ ᠳᠠᠷᠬᠠᠨ ᠤ ᠭᠠᠵᠠᠷ᠂ ᠭᠤᠯᠢᠷ ᠪᠣᠯᠪᠠᠰᠤᠷᠠᠭᠤᠯᠬᠤ ᠪᠠᠶᠢᠭᠤᠯᠤᠮᠵᠢ ᠦᠪᠡᠷᠮᠢᠴᠡ ᠪᠠᠷᠢᠯᠭ᠎ᠠ ᠤᠳ ᠢ ᠨᠡᠷ᠎ᠡ ᠨᠢ ᠦᠯᠦ ᠮᠡᠳᠡᠭᠳᠡᠭᠰᠡᠨ ᠡᠭᠡᠯ ᠮᠣᠩᠭᠤᠯ ᠮᠡᠷᠭᠡᠵᠢᠯᠲᠡᠳ ᠪᠦᠲᠦᠭᠡᠨ ᠪᠣᠰᠬᠠᠭᠰᠠᠨ ᠪᠠᠶᠢᠨ᠎ᠠ᠃      ᠴᠢᠩᠭᠠᠢ ᠴᠢᠩᠰᠠᠩ ᠤᠨ ᠦᠶ᠎ᠡ ᠳᠤ ᠬᠢᠭᠳᠡᠭᠰᠡᠨ ᠨᠢᠭᠡ ᠲᠣᠮᠣ ᠠᠵᠢᠯ ᠪᠣᠯ ᠤᠯᠤᠰ ᠤᠨ ᠦᠷᠲᠡᠭᠡ ᠪᠦᠭᠡᠳ ᠲᠡᠷᠢᠭᠦᠨ ᠰᠠᠶᠢᠳ ᠤᠨ ᠬᠤᠪᠢ ᠳᠤ ᠲᠡᠷᠡ ᠨᠦᠰᠡᠷ ᠠᠵᠢᠯ ᠠᠴᠠ ᠬᠤᠯᠠ ᠬᠦᠨᠳᠡᠢ ᠪᠠᠶᠢᠭᠰᠠᠨ ᠦᠬᠡᠢ᠃ ᠠᠭᠤᠳᠠᠮ ᠨᠤᠲᠤᠭ ᠳᠡᠪᠢᠭᠰᠡᠭᠡᠷ ᠢ ᠨᠠᠶᠢᠳᠠᠪᠤᠷᠢᠲᠠᠢ ᠬᠤᠯᠪᠣᠵᠤ ᠴᠢᠳᠠᠭᠰᠠᠨ ᠤᠯᠤᠰ ᠤᠨ ᠮᠣᠷᠢᠨ ᠦᠷᠲᠡᠭᠡ ᠨᠢ ᠲᠤᠬᠠᠢ ᠶᠢᠨ ᠦᠶ᠎ᠡ ᠳᠡᠭᠡᠨ ᠶᠡᠬᠡᠬᠡᠨ ᠳᠠᠪᠰᠢᠯᠲᠠ ᠬᠡᠯᠪᠡᠷᠢ ᠪᠣᠯᠣᠭᠰᠠᠨ ᠪᠦᠭᠡᠳ ᠣᠯᠠᠨ ᠵᠠᠭᠤᠨ ᠤ ᠲᠤᠷᠰᠢ ᠬᠦᠭᠵᠢᠵᠦ ᠢᠷᠡᠭᠰᠡᠨ ᠰᠢᠦᠳᠠᠨ ᠤ ᠡᠶᠢᠮᠦ ᠰᠢᠰᠲ᠋ᠧᠮ ᠥᠭᠡᠷ᠎ᠡ ᠨᠡᠭᠦᠳᠡᠯᠴᠢᠨ ᠤᠯᠤᠰ ᠦᠨᠳᠦᠰᠦᠲᠡᠨ ᠳᠤ ᠪᠠᠶᠢᠭᠰᠠᠨ ᠦᠬᠡᠢ᠃ ᠲᠡᠭᠦᠨ ᠤ ᠤᠯᠤᠰ ᠲᠦᠷᠥ ᠶᠢᠨ ᠠᠮᠢᠳᠤᠷᠠᠯ ᠡᠭᠡᠳᠡᠷᠡᠲᠡᠢ ᠪᠠᠶᠢᠯ᠎ᠠ᠃ ᠦᠭᠡᠳᠡᠢ ᠶᠢ ᠲᠡᠭᠷᠢ ᠬᠠᠯᠢᠭᠰᠠᠨ ᠤ ᠳᠠᠷᠠᠭ᠎ᠠ ᠲᠥᠷᠭᠡᠨ᠎ᠡ ᠬᠠᠲᠤᠨ ᠨᠦᠯᠦᠭᠡ ᠪᠦᠬᠦᠢ ᠬᠡᠰᠡᠭ ᠨᠣᠶᠠᠳ ᠲᠦᠰᠢᠮᠡᠳ ᠢ ᠳᠠᠯᠠᠨ ᠳᠠᠪᠠᠭᠠᠨ ᠳᠤ ᠬᠤᠷᠠᠯᠳᠤᠭᠤᠯᠤᠭᠰᠠᠨ ᠪᠦᠭᠡᠳ ᠴᠣᠬᠤᠮ ᠬᠡᠨ ᠢ ᠬᠠᠭᠠᠨ ᠡᠷᠭᠦᠮᠵᠢᠯᠡᠬᠦ ᠲᠤᠬᠠᠢ ᠲᠣᠳᠣᠷᠬᠠᠢ ᠰᠢᠢᠳᠪᠦᠷᠢ ᠭᠠᠷᠭᠠᠯ ᠦᠬᠡᠢ᠂ ᠬᠠᠲᠤᠨ ᠳᠤ ᠲᠦᠷᠥ ᠶᠢ ᠲᠦᠷ ᠬᠠᠮᠢᠶᠠᠷᠤᠭᠤᠯᠬᠤ ᠪᠠᠷ ᠲᠣᠭᠲᠠᠵᠠᠢ᠃ ᠢᠩᠭᠢᠬᠦ ᠳᠡᠭᠡᠨ ᠲᠥᠷᠭᠡᠨ᠎ᠡ ᠬᠠᠲᠤᠨ ᠡᠯᠳᠡᠪ ᠵᠦᠢᠯ ᠤᠨ ᠪᠡᠯᠡᠭ ᠱᠠᠩᠨᠠᠯ ᠢᠶᠠᠷ ᠲᠦᠷᠦᠯ ᠰᠠᠳᠤᠨ᠂ ᠨᠣᠶᠠᠳ ᠲᠦᠰᠢᠮᠡᠳ ᠤᠨ ᠰᠡᠳᠬᠢᠯ ᠢ ᠲᠠᠲᠠᠭᠰᠠᠨ ᠤᠴᠢᠷ ᠴᠦᠮ ᠲᠡᠭᠦᠨ ᠤ ᠵᠦᠭ ᠬᠠᠨᠳᠤᠵᠤ᠂ ᠡᠷᠬᠡ ᠮᠡᠳᠡᠯ ᠨᠢ ᠲᠡᠭᠦᠨ ᠤ ᠭᠠᠷ ᠲᠤ ᠣᠷᠣᠭᠰᠠᠨ ᠪᠠᠶᠢᠨ᠎ᠠ᠃ ᠡᠨᠡ ᠶᠠᠪᠤᠳᠠᠯ ᠳᠤ ᠦᠭᠡᠳᠡᠢ ᠬᠠᠭᠠᠨ ᠤ ᠠᠬ᠎ᠠ ᠳᠡᠭᠦᠦ ᠂ ᠦᠷ᠎ᠡ ᠰᠠᠳᠤ᠂ ᠬᠠᠭᠤᠴᠢᠨ ᠲᠦᠰᠢᠮᠡᠳ᠂ ᠴᠢᠩᠭᠢᠰ ᠤᠨ ᠤᠭᠰᠠᠭᠠᠨ ᠤ ᠪᠤᠰᠤᠳ ᠰᠤᠷᠪᠤᠯᠵᠢᠲᠠᠨ ᠨᠠᠷ ᠤᠨ ᠣᠯᠠᠩᠬᠢ ᠨᠢ ᠳᠤᠷ᠎ᠠ ᠦᠭᠡᠶᠢᠴᠡᠵᠦ ᠪᠠᠶᠢᠪᠠ᠃ ᠢᠯᠠᠩᠭᠤᠶ᠎ᠠ ᠮᠣᠩᠭᠤᠯ ᠤᠯᠤᠰ ᠤᠨ ᠪᠠᠷᠠᠭᠤᠨ ᠡᠲᠡᠭᠡᠳ ᠤᠨ ᠶᠡᠭᠡ ᠰᠠᠶᠢᠳ ᠴᠢᠩᠭᠠᠢ ᠴᠢᠩᠰᠠᠩ᠂ ᠦᠭᠡᠳᠡᠢ ᠶᠢᠨ ᠬᠤᠶᠠᠳᠤᠭᠠᠷ ᠬᠦᠪᠡᠭᠦᠨ ᠭᠤᠳᠠᠨ ᠨᠠᠷ ᠪᠤᠰᠤᠳ ᠠᠴᠠ ᠢᠯᠡᠭᠦᠦ ᠳᠤᠷ᠎ᠠ ᠦᠭᠡᠶᠢᠴᠡᠭᠰᠡᠨ ᠪᠠᠶᠢᠪᠠ᠃      ᠲᠥᠷᠭᠡᠨ᠎ᠡ ᠬᠠᠲᠤᠨ ᠡᠩ ᠲᠡᠷᠢᠭᠦᠨ ᠴᠢᠩᠭᠠᠢ ᠶᠢ ᠠᠯᠪᠠᠨ ᠠᠴᠠ ᠨᠢ ᠬᠠᠯᠠᠵᠤ ᠯᠠᠯᠤ ᠱᠠᠰᠢᠨᠲᠤ ᠲᠦᠰᠢᠮᠡᠯ ᠶᠠᠯᠠᠸᠢᠴᠢ ᠶᠢ ᠬᠠᠨᠢ ᠨᠦᠬᠦᠳ ᠤᠨ ᠬᠢᠨᠢ ᠬᠠᠮᠲᠤ ᠪᠠᠷᠢᠵᠤ ᠠᠪᠬᠤ ᠪᠠᠷ ᠵᠠᠪᠳᠤᠬᠤ ᠳᠤ ᠲᠡᠷᠡ ᠤᠴᠢᠷ ᠢ ᠮᠡᠳᠡᠵᠦ ᠭᠤᠳᠠᠨ ᠤ ᠵᠦᠭ ᠵᠢᠭᠤᠳᠠᠨ ᠣᠴᠢᠵᠠᠢ᠃ ᠭᠤᠳᠠᠨ ᠨᠣᠶᠠᠨ ᠲᠡᠷᠡ ᠴᠠᠭ ᠲᠤ ᠮᠣᠩᠭᠤᠯ ᠭᠦᠷᠦᠨ ᠤ ᠴᠢᠬᠤᠯᠠ ᠬᠢᠵᠠᠭᠠᠷ ᠮᠤᠵᠢ ᠪᠣᠯᠬᠤ ᠬᠦᠬᠡᠨᠠᠭᠤᠷ ᠤᠨ ᠭᠠᠵᠠᠷ ᠢ ᠵᠠᠬᠢᠷᠴᠤ ᠪᠠᠶᠢᠪᠠ᠃ ᠤᠳᠠᠯ ᠦᠭᠡᠢ ᠲᠡᠭᠦᠨ ᠤ ᠦᠷᠦᠭᠡᠨ ᠳᠤ ᠬᠠᠲᠤᠨ ᠤ ᠡᠯᠴᠢ ᠢᠷᠡᠵᠦ ᠴᠢᠩᠭᠠᠢ᠂ ᠶᠠᠯᠠᠸᠢᠴᠢ ᠨᠠᠷ ᠢ ᠭᠠᠷᠭᠠᠵᠤ ᠥᠭᠬᠦ ᠶᠢ ᠱᠠᠭᠠᠷᠳᠠᠬᠤ ᠳᠤ ᠭᠤᠳᠠᠨ ᠲᠡᠷᠡ ᠬᠤᠶᠠᠷ ᠢ ᠭᠠᠷᠭᠠᠵᠤ ᠥᠭᠭᠦᠭᠰᠡᠨ ᠦᠬᠡᠢ ︽ᠪᠤᠯᠵᠤᠮᠤᠷ ᠰᠢᠪᠠᠭᠤ ᠨᠠᠴᠢᠨ ᠱᠣᠩᠬᠤᠷ ᠠᠴᠠ ᠵᠢᠭᠤᠳᠠᠵᠤ ᠪᠤᠲᠠᠨ ᠤ ᠢᠷᠣᠭᠠᠷ ᠲᠤ ᠠᠮᠢ ᠬᠤᠷᠭᠤᠳᠠᠨ ᠠᠶᠤᠯ ᠠᠴᠠ ᠠᠪᠤᠷᠠᠭᠳᠠᠬᠤ ᠠᠳᠠᠯᠢ᠂ ᠡᠳᠡᠭᠡᠷ ᠬᠦᠮᠦᠰ ᠪᠠᠰᠠ ᠪᠢᠳᠡᠨ ᠤ ᠠᠳᠡ ᠬᠤᠷᠭᠤᠳᠠᠬᠤ ᠪᠠᠷ ᠮᠠᠨ ᠤ ᠮᠡᠳᠡᠯ ᠤᠨ ᠭᠠᠵᠠᠷ ᠤᠨ ᠬᠢᠵᠠᠭᠠᠷ ᠲᠤ ᠣᠷᠣᠵᠤ ᠢᠷᠡᠯ᠎ᠡ᠃ ᠡᠳᠡᠨ ᠢ ᠪᠠᠷᠢᠵᠤ ᠥᠭᠪᠡᠯ ᠡᠨᠡᠷᠢᠬᠦ ᠰᠡᠳᠬᠢᠯ ᠤᠨ ᠬᠠᠥᠯᠢ ᠵᠦᠢ ᠳᠤ ᠦᠯᠦ ᠵᠣᠬᠢᠴᠠᠬᠤ ᠠᠴᠠ ᠭᠠᠳᠠᠨ᠎ᠠ ᠬᠦᠮᠦᠨ ᠤ ᠶᠣᠰᠣᠭᠠᠷ ᠭᠠᠵᠢᠭᠤ ᠬᠡᠷᠡᠭ ᠪᠣᠯᠣᠨ᠎ᠠ᠃ ᠨᠠᠮ᠎ᠠ ᠶᠢ ᠬᠤᠯᠠ ᠣᠶᠢᠷ᠎ᠠ ᠶᠢᠨ ᠬᠦᠮᠦᠨ᠂ ᠲᠦᠷᠦᠭ ᠲᠡᠵᠢᠭᠡ ᠢᠯᠭᠠᠯ ᠦᠭᠡᠢ ᠴᠦᠮ ᠤᠴᠢᠷ ᠢ ᠮᠡᠳᠡᠵᠦ ᠦᠷᠦᠰᠢᠶᠡᠨ᠎ᠡ᠃ ᠮᠦᠨ ᠤᠳᠠᠯ ᠦᠬᠡᠢ ᠬᠤᠷᠠᠯᠳᠤᠭᠠᠨ ᠪᠣᠯᠬᠤ ᠲᠤᠯᠠ ᠡᠳᠡᠨ ᠢ ᠤᠷᠤᠭ ᠤᠳᠤᠮ᠂ ᠨᠣᠶᠠᠳ ᠲᠦᠰᠢᠮᠡᠳ ᠤᠨ ᠡᠮᠦᠨ᠎ᠡ ᠠᠪᠠᠴᠢᠵᠦ ᠭᠡᠮ ᠪᠤᠷᠤᠭᠤ  ᠨᠢ ᠶᠢ ᠲᠣᠭᠠᠴᠢᠨ ᠬᠡᠯᠡᠯᠴᠡᠭᠦᠯᠵᠦ ᠵᠣᠬᠢᠬᠤ ᠶᠠᠯ᠎ᠠ ᠶᠢ ᠬᠦᠯᠢᠶᠡᠯᠭᠡᠶ᠎ᠡ︾ ᠭᠡᠵᠦ ᠬᠡᠯᠡᠭᠦᠯᠦᠨ ᠡᠯᠴᠢ ᠶᠢ ᠪᠤᠴᠠᠭᠠᠵᠠᠢ᠃ ᠬᠠᠲᠤᠨ ᠳᠠᠬᠢᠨ ᠬᠡᠳᠦᠨ ᠤᠳᠠᠭ᠎ᠠ ᠡᠯᠴᠢ ᠢᠯᠡᠭᠡᠭᠰᠡᠨ ᠪᠣᠯᠪᠠᠴᠤ ᠬᠤᠭᠤᠰᠣᠨ ᠪᠤᠴᠠᠭᠰᠠᠨ ᠪᠠᠶᠢᠨ᠎ᠠ᠃      1246 ᠣᠨ ᠳᠤ ᠭᠦᠶᠦᠭ ᠬᠠᠭᠠᠨ ᠰᠢᠷᠡᠭᠡᠨ ᠳᠤ ᠰᠠᠭᠤᠭᠠᠳ ᠲᠥᠷᠭᠡᠨ᠎ᠡ ᠬᠠᠲᠤᠨ ᠤ ᠦᠶ᠎ᠡ ᠳᠤ ᠬᠠᠪᠴᠢᠭᠳᠠᠵᠤ ᠣᠭᠴᠠᠷᠠᠭᠰᠠᠨ ᠴᠢᠩᠭᠠᠢ ᠶᠢ ᠤᠷᠢᠭᠰᠠᠨ ᠲᠡᠷᠡᠪᠡᠷ ᠴᠢᠩᠰᠠᠩ ᠤᠨ ᠲᠠᠮᠠᠭ᠎ᠠ ᠶᠢ ᠳᠠᠬᠢᠨ ᠭᠠᠷᠳᠠᠭᠰᠠᠨ ᠪᠣᠯᠪᠠᠴᠤ ᠤᠭ ᠠᠯᠪᠠᠨ ᠳᠠᠭᠠᠨ ᠤᠳᠠᠭᠰᠠᠨ ᠦᠬᠡᠢ᠃ ᠡᠶᠢᠨᠬᠦ ᠲᠡᠷᠡ ᠴᠢᠩᠭᠢᠰ᠂ ᠦᠭᠡᠳᠡᠢ᠂ ᠭᠦᠶᠦᠭ ᠭᠤᠷᠪᠠᠨ ᠬᠠᠭᠠᠨ ᠤ ᠦᠶ᠎ᠡ ᠳᠤ ᠰᠠᠶᠢᠳ ᠪᠠᠶᠢᠵᠤ᠂ ᠮᠣᠩᠭᠤᠯ ᠤᠨ ᠲᠦᠷᠥ ᠶᠢᠨ ᠦᠢᠯᠡ ᠬᠡᠷᠡᠭ ᠲᠤ ᠲᠠᠪᠢ ᠰᠢᠬᠠᠮ ᠵᠢᠯ ᠬᠦᠴᠦᠨ ᠵᠢᠳᠬᠦᠵᠡᠢ᠃ 1248 ᠣᠨ ᠳᠤ ᠭᠦᠶᠦᠭ ᠬᠠᠭᠠᠨ ᠲᠡᠭᠷᠢ ᠳᠤ ᠬᠠᠯᠢᠵᠤ ᠲᠦᠷᠥ ᠶᠢᠨ ᠳᠡᠭᠡᠳᠦ ᠵᠢᠩᠳᠠᠭᠠᠨ ᠤ ᠬᠢᠨ ᠭᠤᠷᠪᠠᠨ ᠵᠢᠯ ᠦᠢᠮᠡᠭᠰᠡᠨ ᠤ ᠡᠴᠦᠰ ᠲᠤ ᠬᠠᠭᠠᠨ ᠰᠢᠷᠡᠭᠡ ᠲᠣᠯᠣᠢ ᠶᠢᠨ ᠤᠭᠰᠠᠭᠠᠨ ᠤ ᠬᠢᠨ ᠳᠤ ᠰᠢᠯᠵᠢᠪᠡ᠃ ᠡᠨᠡ ᠶᠠᠪᠤᠳᠠᠯ ᠢ ᠰᠢᠳᠤᠷᠭᠤ ᠪᠤᠰᠤ ᠭᠡᠵᠦ ᠦᠵᠡᠭᠰᠡᠨ ᠬᠡᠳᠦ ᠬᠡᠳᠦᠨ ᠲᠦᠰᠢᠮᠡᠯ ᠢ ᠮᠦᠩᠬᠡ ᠬᠠᠭᠠᠨ ᠰᠢᠢᠳᠭᠡᠵᠦ ᠲᠤᠰᠢᠶᠠᠯ ᠪᠠᠭᠤᠷᠠᠭᠤᠯᠤᠭᠰᠠᠨ ᠤ ᠳᠣᠲᠣᠷ᠎ᠠ ᠴᠢᠩᠭᠠᠢ ᠴᠢᠩᠰᠠᠩ ᠣᠷᠣᠵᠠᠢ᠃ ᠲᠡᠭᠦᠨ ᠠᠴᠠ ᠬᠤᠶᠢᠰᠢ ᠦᠭᠡᠳᠡᠢ ᠶᠢᠨ ᠤᠭᠰᠠᠭ᠎ᠠ ᠲᠥᠷᠥ ᠶᠢᠨ ᠲᠣᠯᠣᠭᠠᠢ ᠳᠤ ᠭᠠᠷᠤᠭ᠎ᠠ ᠦᠭᠡᠢ ᠶᠢᠨ ᠨᠢᠭᠡᠨ ᠠᠳᠠᠯᠢ ᠴᠢᠩᠭᠠᠢ ᠴᠦ ᠤᠯᠤᠰ ᠲᠦᠷᠥ ᠶᠢᠨ ᠲᠠᠪᠴᠠᠩ ᠠᠴᠠ ᠪᠠᠭᠤᠵᠤ᠂ ᠠᠮᠢᠳᠤᠷᠠᠯ ᠤᠨ ᠬᠢᠨᠢ ᠰᠡᠭᠦᠯᠴᠢ ᠶᠢᠨ ᠮᠦᠴᠡ ᠶᠢ ᠠᠤᠭ᠎ᠠ ᠶᠡᠭᠡ ᠨᠢᠭᠲᠠ ᠴᠢᠮᠪᠠᠢ ᠪᠣᠯᠪᠠᠴᠤ ᠪᠠᠰᠠ ᠬᠠᠮ ᠬᠤᠮ ᠶᠠᠭᠠᠷᠠᠤ ᠳᠣᠪᠲᠣᠯᠭᠠᠳᠠᠭ ᠲᠡᠦᠬᠡ ᠶᠢᠨ ᠬᠠᠭᠤᠳᠠᠰᠤᠨ᠎ᠠ ᠲᠡᠮᠳᠡᠭᠯᠡᠯ ᠦᠬᠡᠢ ᠥᠩᠭᠡᠷᠡᠭᠡᠵᠡᠢ᠃      ᠠᠶᠠᠨ ᠳᠤ ᠮᠣᠷᠳᠠᠬᠤ ᠠᠴᠠ ᠡᠮᠦᠨ᠎ᠡ ᠶᠡᠭᠡ ᠠᠷᠰᠢ ᠭᠠᠵᠠᠷ ᠦᠵᠡᠰᠦᠭᠡᠢ ᠬᠡᠮᠡᠨ ᠬᠦᠰᠡᠭᠰᠡᠨ ᠲᠤᠯᠠ ᠬᠥᠩᠭᠡᠨ ᠰᠦᠢᠬᠡ ᠵᠠᠰᠠᠭᠤᠯᠵᠤ᠂  ᠴᠢᠩᠭᠠᠢ ᠴᠢᠩᠰᠠᠩ ᠢ ᠳᠠᠭᠠᠭᠤᠯᠤᠨ ᠮᠣᠷᠳᠠᠪᠠ᠃ ᠠᠪᠠᠭ᠎ᠠ ᠶᠢᠨ ᠠᠭᠤᠯᠠ ᠬᠡᠮᠡᠬᠦ ᠨᠢᠴᠦᠭᠦᠨ ᠬᠦᠷᠡᠩ ᠨᠢᠷᠤᠭᠤ ᠶᠢ ᠴᠢᠭᠯᠡᠨ ᠶᠠᠪᠤᠬᠤ ᠳᠤ ᠨᠠᠮᠤᠷ ᠤᠨ ᠳᠤᠮᠳᠠ ᠰᠠᠷ᠎ᠠ ᠶᠢᠨ ᠨᠠᠷᠠ ᠨᠠᠮᠤᠭᠤᠬᠠᠨ ᠡᠭᠡᠵᠦ᠂ ᠬᠡᠭᠡᠷ᠎ᠡ ᠶᠢᠨ ᠵᠠᠳᠠᠭᠠᠢ ᠰᠠᠯᠬᠢᠨ ᠳᠤ ᠰᠥᠯ ᠨᠢ ᠪᠠᠭᠤᠷᠠᠵᠤ ᠪᠠᠶᠢᠭ᠎ᠠ ᠪᠣᠷᠤᠭ ᠡᠪᠡᠰᠦ ᠨᠠᠮᠤᠭᠤᠬᠠᠨ ᠨᠠᠶᠢᠭᠤᠬᠤ ᠨᠢ ᠤᠶᠢᠳᠬᠠᠷᠯᠠᠮᠠᠷ ᠪᠠᠶᠢᠯ᠎ᠠ᠃ ᠪᠠᠶᠢᠨ ᠪᠠᠶᠢᠨ ᠰᠦᠷᠦᠭ ᠭᠦᠷᠦᠭᠡᠰᠦ ᠵᠠᠮ ᠣᠭᠲᠤᠯᠤᠨ ᠳᠠᠪᠬᠢᠬᠤ ᠳᠤ ᠡᠪᠦᠭᠡᠨ ᠠᠷᠰᠢ ᠤᠤᠯᠭ᠎ᠠ ᠠᠯᠳᠠᠨ ᠬᠡᠦᠬᠡᠳ ᠠᠳᠠᠯᠢ ᠪᠠᠶᠠᠰᠪᠠ᠃ ︽ᠠᠶ᠎ᠠ᠂ ᠬᠡᠭᠡᠷ᠎ᠡ ᠲᠠᠯ᠎ᠠ ᠬᠤᠣᠰ ᠦᠬᠡᠢ ᠶᠤᠮ ᠰᠢᠤ᠂ ᠮᠡᠬᠦᠰ ᠪᠢ ᠠᠯᠢᠪᠠ ᠠᠭᠤᠳᠠᠮ ᠶᠠᠭᠤᠮ᠎ᠠ ᠶᠢ ᠰᠢᠲᠦᠳᠡᠭ ᠬᠦᠮᠦᠨ︾ ᠬᠡᠮᠡᠨ ᠰᠦᠢᠬᠡ ᠶᠢᠨ ᠭᠡᠭᠡᠪᠴᠢ ᠶᠢ ᠴᠢᠯᠠᠶᠢᠲᠠᠯ᠎ᠠ ᠨᠡᠭᠡᠭᠡᠭᠡᠳ᠂ ᠭᠠᠳᠠᠭᠰᠢ ᠰᠠᠨᠳᠠᠶᠢᠯᠠᠨ ᠰᠠᠭᠤᠬᠤ ᠳᠤ ᠴᠢᠩᠭᠠᠢ ᠮᠣᠷᠢᠨ ᠤ ᠠᠮᠠ ᠶᠢ ᠵᠢᠭᠠᠬᠠᠨ ᠲᠠᠲᠠᠵᠤ ᠵᠡᠷᠭᠡᠴᠡᠨ ᠠᠯᠬᠤᠭᠤᠯᠬᠤ ᠳᠠᠭᠠᠨ ︽ᠦᠨᠡᠬᠡᠷ ᠠᠭᠤᠳᠠᠮ ᠢ ᠠᠭᠤᠳᠠᠮ ᠳᠤ ᠪᠠᠭᠲᠠᠭᠠᠶ᠎ᠠ ᠭᠡᠪᠡᠯ ᠬᠦᠮᠦᠨ ᠰᠡᠳᠬᠢᠯ ᠠᠴᠠ ᠢᠯᠡᠭᠦᠦ ᠶᠠᠭᠤ ᠪᠠᠶᠢᠬᠤ ᠪᠢᠯᠡ︾ ᠭᠡᠵᠦ ᠬᠡᠯᠡᠴᠢᠭᠡᠳ ᠡᠷᠳᠡᠮᠲᠡᠨ ᠤ ᠳᠡᠷᠭᠡᠳᠡ ᠴᠢᠩᠭᠢᠵᠦ ᠰᠡᠴᠡᠷᠬᠡᠭᠰᠡᠨ ᠳᠡᠭᠡᠨ ᠬᠠᠷᠠᠮᠰᠠᠪᠠ᠃ ᠬᠠᠷᠢᠨ ᠴᠠᠩ ᠴᠥᠨ ᠪᠣᠮᠪᠤ ᠠᠯᠭ᠎ᠠ ᠪᠠᠨ ᠲᠠᠰᠢᠭᠠᠳ ︽ᠬᠤᠷᠴᠠ ᠦᠭᠡ᠂ ᠬᠤᠷᠴᠠ ᠰᠠᠨᠠᠭ᠎ᠠ︾ ᠬᠡᠮᠡᠨ ᠰᠠᠶᠢᠰᠢᠶᠠᠭᠠᠳ ︽ᠮᠠᠨ ᠤ ᠲᠠᠷᠢᠶᠠᠯᠠᠩ ᠤᠨ ᠵᠠᠬ᠎ᠠ ᠲᠡᠨᠳᠡ ᠬᠠᠷᠠᠭᠳᠠᠵᠤ ᠪᠠᠶᠢᠨ᠎ᠠ︾ ᠭᠡᠪᠡ᠃ ᠡᠪᠦᠭᠡᠨ ᠤ ᠠᠷᠰᠢ ᠪᠣᠭᠤᠯ ᠬᠦᠮᠦᠰᠭᠡ ᠪᠠᠨ ᠰᠡᠬᠡᠶᠢᠯᠭᠡᠨ ᠬᠠᠷᠠᠭᠰᠠᠨ ᠢᠶᠠᠨ ︽ᠲᠡᠷᠡ ᠵᠦᠭ ᠲᠥᠬᠦᠵᠦ ᠪᠣᠯᠬᠤ ᠦᠦ︖︾ ᠭᠡᠵᠦ ᠠᠰᠠᠭᠤᠵᠠᠢ᠃ ︽ᠪᠣᠯᠣᠯ ᠦᠭᠡᠢ ᠶᠠᠭᠠᠬᠢᠬᠤᠪ︕ ᠨᠢᠭᠡ ᠰᠤᠪᠠᠭ ᠭᠡᠳᠦᠯᠦᠭᠡᠳ ᠬᠦᠷᠦᠨ᠎ᠡ︾ ᠭᠡᠵᠦ ᠴᠢᠩᠭᠠᠢ ᠬᠡᠯᠡᠭᠡᠳ ᠬᠦᠲᠦᠴᠢ ᠶᠢ ᠲᠡᠷᠭᠡ ᠪᠠᠨ ᠡᠷᠭᠢᠭᠦᠯ ᠭᠡᠵᠦ ᠳᠣᠬᠢᠯ᠎ᠠ᠃ ᠰᠣᠨᠳᠤᠤᠯᠠ ᠬᠦᠨᠳᠡᠢ ᠶᠢ ᠵᠦᠰᠦᠨ ᠭᠠᠷᠤᠭᠰᠠᠨ ᠰᠤᠪᠠᠭ ᠤᠨ ᠨᠠᠮᠬᠠᠨ ᠳᠠᠯᠠᠩ ᠴᠠᠶᠢᠪᠤᠷᠲᠤᠨ ᠤᠶᠢᠷᠠᠲᠤᠪᠠ᠃ ᠮᠣᠳᠣ ᠴᠢᠯᠠᠭᠤ ᠪᠠᠷ ᠬᠢᠴᠢᠶᠡᠩᠭᠦᠶᠢᠯᠡᠨ ᠵᠠᠰᠠᠭᠰᠠᠨ ᠪᠢᠴᠢᠬᠠᠨ ᠬᠦᠭᠦᠷᠭᠡᠨ ᠳᠡᠭᠡᠷ᠎ᠡ ᠲᠡᠷᠭᠡ ᠪᠠᠨ ᠵᠣᠭᠰᠤᠭᠠᠬᠤ ᠶᠢ ᠠᠷᠰᠢ ᠬᠦᠰᠡᠭᠡᠳ ᠰᠦᠢᠬᠡᠨ ᠠᠴᠠ ᠪᠠᠭᠤᠨ ᠠᠯᠳᠠ ᠬᠦᠷᠬᠦ ᠦᠬᠡᠢ ᠭᠤᠯᠳᠤᠷᠢᠯ ᠢᠶᠠᠷ ᠵᠢᠷᠢᠯᠵᠡᠨ ᠤᠷᠤᠰᠬᠤ ᠨᠠᠮᠤᠷ ᠤᠨ ᠴᠡᠩᠬᠡᠭ ᠤᠰᠤ ᠶᠢ ᠪᠠᠭ᠋ᠠᠨ ᠰᠢᠷᠲᠡᠪᠡ᠃ ᠴᠢᠩᠭᠠᠢ ᠴᠢᠩᠰᠠᠩ ᠮᠣᠷᠢᠨ ᠠᠴᠠ ᠪᠠᠭᠤᠵᠤ ᠳᠡᠷᠭᠡᠳᠡ ᠨᠢ ᠣᠴᠢᠭᠠᠳ ︽ᠪᠠᠭᠰᠢ ᠶᠠᠭᠤ ᠶᠢ ᠠᠵᠢᠶᠠᠷᠠᠪᠠ︾ ᠭᠡᠪᠡᠯ ᠡᠪᠦᠭᠡᠨ ᠲᠡᠷᠢᠭᠦᠨ ᠡᠷᠭᠦᠵᠦ ︽ᠬᠦᠮᠦᠨ ᠭᠡᠵᠦ ᠠᠯᠳᠠᠬᠠᠨ ᠪᠡᠶ᠎ᠡ ᠶᠢᠨ ᠢᠶᠠᠨ ᠲᠦᠯᠦᠭᠡ ᠬᠡᠴᠢᠨᠡᠨ ᠶᠡᠭᠡ ᠶᠠᠭᠤᠮ᠎ᠠ ᠰᠦᠢᠳᠭᠡᠳᠡᠭ ᠢ ᠮᠡᠳᠡᠵᠦ ᠪᠠᠶᠢᠬᠤ ᠤᠴᠢᠷᠲᠠᠢ ᠶᠤᠮ᠃ ᠡᠨᠡ ᠤᠰᠤᠨ ᠳᠤ ᠵᠢᠷᠠᠭᠠᠬᠠᠢ ᠴᠦᠬᠡᠨ ᠪᠤᠰᠤ᠂ ᠬᠦᠭᠡᠷᠦᠬᠦᠢ ᠲᠡᠳᠡ ᠬᠡᠳᠦᠬᠡᠨ ᠪᠠᠷ᠎ᠠ ᠣᠳᠣᠭᠠᠳ ᠡᠴᠦᠰᠯᠡᠬᠦ ᠪᠤᠶᠤ᠃ ᠦᠷ᠎ᠡ ᠲᠥᠯ ᠨᠢ ᠬᠤᠷᠸ᠎ᠠ ᠳᠤ ᠡᠰᠡ ᠦᠯᠡᠳᠡᠬᠦ ᠨᠢ ᠬᠠᠷᠠᠭᠤᠰᠠᠯᠲᠠᠢ︾ ᠭᠡᠬᠦ ᠳᠤ ᠴᠢᠩᠭᠠᠢ ︽ᠡᠪᠦᠭᠡᠨ ᠨᠠᠳᠠ ᠳᠤ ᠪᠠᠰᠠ ᠴᠢᠩᠭᠢᠵᠦ ᠰᠠᠨᠠᠭᠳᠠᠳᠠᠭ ᠪᠢᠯᠡ᠃ ᠨᠠᠮᠤᠷ ᠵᠢᠭᠠᠰᠤ ᠤᠷᠤᠭᠤᠳᠠᠬᠤ ᠠᠴᠠ ᠡᠮᠦᠨ᠎ᠡ ᠵᠠᠪᠳᠤᠨ ᠰᠤᠪᠠᠭ ᠢ ᠬᠠᠭᠠᠳᠠᠭ ᠶᠤᠮ᠂ ᠡᠨᠡ ᠵᠢᠯ ᠵᠢᠭᠠᠬᠠᠨ ᠣᠷᠣᠶᠢᠲᠠᠬᠤ ᠮᠡᠲᠦ᠂ ᠭᠡᠪᠡᠴᠦ ᠠᠮᠵᠢᠬᠤ ᠪᠣᠯᠪᠠᠤ ᠬᠡᠮᠡᠨ ᠰᠠᠨᠠᠨ᠎ᠠ︾ ᠭᠡᠬᠦ ᠳᠤ ᠠᠷᠰᠢ ᠲᠣᠯᠣᠭᠠᠢ ᠰᠡᠭᠰᠦᠷᠦᠭᠡᠳ ᠬᠦᠭᠦᠷᠭᠡᠨ ᠠᠴᠠ ᠪᠠᠭᠤᠵᠤ ᠬᠠᠨᠴᠤᠢ ᠪᠠᠨ ᠨᠠᠮᠢᠷᠠᠭᠤᠯᠤᠨ ᠲᠠᠷᠢᠶᠠᠨ ᠤ ᠵᠦᠭ ᠠᠯᠬᠤᠪᠠ᠃ ᠴᠢᠩᠭᠠᠢ ᠬᠦᠲᠦᠴᠢ ᠳᠤ ᠮᠣᠷᠢ ᠪᠠᠨ ᠥᠭᠭᠦᠭᠡᠳ ᠬᠤᠶᠢᠨ᠎ᠠ ᠠᠴᠠ ᠨᠢ ᠶᠠᠭᠠᠷᠠᠨ ᠣᠳᠪᠠ᠃ ᠨᠠᠮᠬᠠᠨ ᠪᠣᠯᠪᠠᠴᠤ ᠦᠳᠬᠡᠨ ᠤᠷᠭᠤᠭᠰᠠᠨ ᠲᠠᠷᠢᠶ᠎ᠠ ᠶᠢ ᠠᠷᠰᠢ ᠰᠣᠨᠢᠷᠬᠠᠨ ᠬᠠᠷᠠᠭᠰᠠᠨ ᠢᠶᠠᠨ ᠨᠢᠭᠡᠨ ᠲᠦᠷᠦᠭᠦᠨ ᠲᠠᠰᠤᠳᠠᠨ ᠠᠪᠴᠤ᠂ ᠠᠯᠠᠭᠠᠨ ᠳᠡᠭᠡᠷ᠎ᠡ ᠪᠠᠨ ᠦᠷᠡᠭᠦᠯᠬᠦ ᠳᠤ ︽ᠮᠡᠬᠦᠰ ᠪᠢ ᠪᠤᠰᠤᠳ ᠤᠨ ᠬᠢᠭᠰᠡᠨ ᠢ ᠢᠳᠡᠵᠦ ᠠᠮᠢ ᠲᠡᠵᠢᠭᠡᠭᠰᠡᠭᠡᠷ ᠤᠳᠠᠭᠰᠠᠨ ᠪᠣᠯᠪᠠᠴᠤ ᠲᠠᠷᠢᠶᠠᠴᠢᠨ ᠤᠳᠤᠮ ᠬᠠᠷᠠᠬᠠᠨ ᠮᠠᠷᠲᠠᠭᠳᠠᠭ᠎ᠠ ᠦᠬᠡᠢ᠂ ᠡᠨᠡ ᠦᠶ᠎ᠡ ᠡᠮᠦᠨ᠎ᠡ ᠭᠠᠵᠠᠷ ᠤᠨ ᠬᠢ ᠠᠴᠠ ᠨᠠᠮᠬᠠᠨ ᠥᠭᠡᠷ᠎ᠡ ᠮᠡᠲᠦ︾ ᠬᠡᠮᠡᠨ ᠦᠭᠦᠯᠡᠪᠡ᠃ ᠴᠢᠩᠭᠠᠢ ᠴᠢᠩᠰᠠᠩ ᠲᠠᠷᠢᠶᠠᠨ ᠤ ᠪᠣᠯᠴᠤᠭ ᠢ ᠦᠵᠡᠬᠦ ᠭᠡᠵᠦ ᠢᠮᠡᠷᠬᠦ ᠵᠠᠭᠤᠷ᠎ᠠ ᠠᠷᠰᠢ ᠳᠤ ᠬᠠᠨᠳᠤᠨ ︽ᠲᠠᠨ ᠤ ᠵᠥᠪ᠂ ᠡᠨᠡ ᠬᠡᠰᠡᠭ ᠢ ᠨᠠᠢᠮᠠᠨ ᠤ ᠲᠠᠯᠠᠪᠠᠢ ᠬᠡᠮᠡᠨ᠎ᠡ᠃ ᠦᠷ᠎ᠡ ᠨᠢ ᠭᠠᠩ ᠭᠠᠴᠢᠭ ᠲᠤ ᠲᠡᠰᠪᠦᠷᠢᠲᠡᠢ᠂ ᠭᠠᠵᠠᠷ ᠭᠤᠯᠣᠬᠤ ᠦᠭᠡᠢ ᠨᠢ ᠰᠣᠨᠢᠨ ᠪᠤᠯᠠᠢ᠃ ᠬᠦᠭᠰᠢᠳ ᠡᠭᠦᠨ ᠢ ᠪᠠᠨ ︿ᠮᠣᠩᠭᠤᠯ ᠠᠮᠤ﹀ ᠬᠡᠮᠡᠨ ᠶᠡᠬᠡᠳᠡ ᠬᠠᠶᠢᠷᠠᠯᠠᠨ᠎ᠠ︾ ᠭᠡᠵᠦ ᠦᠭᠦᠯᠡᠪᠡ᠃ ᠡᠪᠦᠭᠡᠨ ᠠᠷᠰᠢ ᠲᠡᠷᠡ ᠦᠴᠦᠬᠡᠨ ᠰᠢᠷᠭᠠᠯ ᠦᠷ᠎ᠡ ᠶᠢ ᠠᠯᠠᠭᠠᠨ ᠳᠡᠭᠡᠷ᠎ᠡ ᠪᠠᠨ ᠤᠳᠠᠲᠠᠯ᠎ᠠ ᠦᠩᠬᠦᠷᠢᠭᠦᠯᠦᠨ ᠪᠠᠶᠢᠭᠰᠠᠨ ᠢᠶᠠᠨ ᠰᠠᠴᠤᠵᠤ ᠲᠦᠪᠳᠡᠭᠰᠡᠨ ᠦᠭᠡᠢ ᠪᠣᠯᠣᠯᠲᠠᠢ ᠬᠠᠨᠴᠤᠢ ᠶᠢᠨ ᠳᠣᠲᠣᠷᠠᠬᠢ ᠤᠭᠤᠲᠠᠨ ᠳᠠᠭᠠᠨ ᠨᠢᠮᠪᠠᠶᠢᠯᠠᠨ ᠬᠢᠨ᠎ᠡ᠃
ᠢᠷᠡᠯᠲᠡ᠄ ︽ᠮᠣᠩᠭᠤᠯᠴᠤᠳ ᠤᠨ ᠲᠡᠦᠬᠡᠨ ᠳᠤ ᠠᠯᠳᠠᠷᠰᠢᠭᠰᠠᠨ 33 ᠴᠤᠤᠲᠤ︾ ᠨᠤᠮ ᠠᠴᠠ