ᠮᠣᠩᠭᠤᠯᠴᠤᠳ ᠤᠨ ᠰᠠᠪᠠ ᠬᠤᠭᠤᠰᠤᠯᠠᠬᠤ ᠦᠭᠡᠢ ᠶᠣᠰᠤᠨ
ᠨᠡᠶᠢᠲᠡᠯᠡᠭᠰᠡᠨ ᠴᠠᠭ᠄
2023/5/24
      ᠡᠷᠲᠡ ᠤᠷᠢᠳᠤ ᠠᠴᠠ ᠪᠠᠨ ᠮᠣᠩᠭᠤᠯ ᠭᠦᠮᠦᠨ ᠠᠶᠢᠯ ᠳᠤ ᠪᠠᠭᠤᠵᠤ ᠴᠠᠢ ᠤᠰᠤ ᠤᠤᠭᠤᠬᠤ ᠪᠤᠶᠤ ᠬᠤᠭᠤᠯᠠ ᠪᠤᠳᠠᠭ᠎ᠠ ᠢᠳᠡᠭᠦ ᠳᠡᠭᠡᠨ᠂ ᠠᠶᠢᠯ ᠤᠨ ᠲᠠᠯᠪᠢᠵᠤ ᠦᠭᠭᠦᠭᠰᠡᠨ ᠪᠤᠭᠤᠷᠰᠤᠭ᠂ ᠰᠢᠭᠢᠷ ᠵᠢᠮᠢᠰ᠂ ᠬᠤᠷᠤᠤᠨ ᠴᠠᠭ᠎ᠠ ᠪᠤᠶᠤ ᠮᠢᠬ᠎ᠠ ᠰᠢᠭᠦᠰᠦ ᠶᠢ ᠲᠠᠪᠠᠭ᠂ ᠰᠠᠪᠠ ᠶᠢ ᠨᠢ ᠬᠤᠭᠤᠰᠤᠷᠠᠲᠠᠯ᠎ᠠ ᠢᠳᠡᠵᠤ ᠤᠤᠭᠤᠬᠤ ᠶᠢ ᠶᠡᠭᠡ ᠴᠡᠭᠡᠷᠯᠡᠳᠡᠭ᠃ ᠡᠭᠦᠨ ᠢ ᠰᠠᠪᠠ ᠬᠤᠭᠤᠰᠤᠯᠠᠬᠤ ᠦᠭᠡᠢ ᠶᠣᠰᠤᠨ ᠭᠡᠳᠡᠭ᠃ ᠮᠣᠩᠭᠤᠯ ᠭᠦᠮᠦᠨ ᠵᠣᠴᠢᠨᠰᠠᠭ᠃ ᠮᠣᠩᠭᠤᠯ ᠨᠤᠲᠤᠭ ᠦᠷᠭᠡᠨ ᠠᠭᠤᠳᠠᠮ᠂ ᠵᠠᠮ ᠮᠦᠷ ᠬᠤᠯᠠ᠂ ᠶᠠᠪᠤᠵᠤ ᠰᠠᠭᠤᠬᠤ ᠴᠠᠭ ᠤᠷᠲᠤ᠃ ᠭᠡᠨ ᠳᠤ ᠪᠣᠯᠣᠭᠰᠠᠨ ᠴᠤ᠂ ᠭᠡᠵᠢᠶ᠎ᠡ᠂ ᠶᠠᠮᠠᠷ ᠴᠠᠭ ᠦᠶ᠎ᠡ ᠳᠤ ᠴᠤ ᠭᠡᠰᠡᠨ᠂ ᠠᠶᠢᠯ ᠳᠤ ᠣᠴᠢᠵᠤ ᠵᠣᠴᠢᠯᠠᠭᠳᠠᠬᠤ ᠪᠤᠶᠤ ᠵᠠᠮ ᠮᠦᠷ ᠭᠦᠭᠡᠭᠡᠵᠦ ᠶᠠᠪᠣᠵᠤ ᠪᠠᠶᠢᠭᠠᠳ ᠠᠶᠢᠯ ᠳᠤ ᠪᠠᠭᠤᠵᠤ ᠴᠡᠢ ᠤᠰᠤ ᠤᠤᠭᠤᠬᠤ᠂ ᠬᠤᠭᠤᠯᠠ ᠪᠤᠳᠠᠭ᠎ᠠ ᠢᠳᠡᠭᠦ ᠶᠠᠪᠤᠳᠠᠯ ᠣᠯᠠᠨ ᠲᠣᠭᠢᠶᠠᠯᠳᠤᠳᠠᠭ᠃ ᠠᠯᠢ ᠨᠢᠭᠡ ᠠᠶᠢᠯ ᠡᠷᠦᠭᠡ ᠳᠤ ᠨᠢ ᠴᠦ ᠭᠡᠰᠡᠨ᠂ ᠵᠠᠯᠠᠭᠰᠠᠨ ᠵᠣᠴᠢᠨ ᠢᠷᠡᠭᠦ ᠪᠤᠶᠤ ᠮᠦᠷ ᠭᠦᠭᠡᠭᠡᠵᠦ ᠶᠠᠪᠤᠵᠤ ᠪᠠᠶᠢᠭᠰᠠᠨ ᠭᠦᠮᠦᠨ  ᠪᠠᠭᠤᠵᠤ ᠰᠠᠭᠤᠭᠠᠳ ᠭᠠᠷᠬᠤ ᠶᠠᠪᠤᠳᠠᠯ ᠴᠦ ᠵᠦᠩᠳᠡᠭᠡᠨ ᠲᠣᠭᠢᠶᠠᠯᠳᠤᠳᠠᠭ᠃ ᠪᠠᠭᠤᠭᠠᠳ ᠯᠠ ᠭᠠᠷᠳᠠᠭ᠂ ᠪᠤᠴᠠᠭᠠᠳ ᠯᠠ ᠮᠣᠷᠳᠠᠳᠠᠭ᠃ ᠠᠯᠢ ᠨᠢᠭᠡ ᠠᠶᠢᠯ ᠡᠷᠦᠭᠡ ᠪᠣᠯᠤᠭᠰᠠᠨ ᠴᠦ᠂ ᠲᠠᠨᠢᠬᠤ᠂ ᠲᠠᠨᠢᠬᠤ ᠦᠭᠡᠢ ᠭᠦᠮᠦᠨ ᠢᠷᠡᠯ᠎ᠡ ᠭᠡᠳ ︽ᠴᠠᠢ ᠴᠦ ᠦᠭᠡᠢ᠂ ᠴᠢᠷᠡᠢ ᠴᠦ ᠦᠭᠡᠢ︾ ᠴᠠᠮᠪᠠᠶᠢᠵᠤ ᠲᠠᠮᠪᠠᠶᠢᠵᠤ ᠰᠠᠭᠤᠭᠠᠳ ᠦᠩᠭᠡᠷᠡᠭᠡᠴᠢᠭᠡᠳᠡᠭ ᠦᠭᠡᠢ᠃ ᠭᠡᠨ ᠨᠢ ᠢᠷᠡᠭᠰᠡᠨ ᠴᠦ ᠬᠠᠮᠢᠶ᠎ᠠ ᠦᠭᠡᠢ᠂ ᠪᠣᠭᠤᠷᠰᠤᠭ ᠢᠶᠠᠨ ᠭᠠᠷᠭᠠᠵᠤ᠂ ᠰᠢᠭᠢᠷ ᠵᠢᠮᠢᠰ ᠢᠶᠠᠨ ᠲᠠᠯᠪᠢᠵᠤ᠂ ᠴᠠᠢ ᠤᠰᠤ ᠪᠠᠨ ᠠᠶᠠᠭᠠᠯᠠᠵᠤ ᠦᠭᠳᠡᠭ᠃      ᠠᠶᠢᠯ ᠳᠤ ᠵᠠᠯᠠᠭᠳᠠᠵᠤ ᠣᠴᠢᠭᠰᠠᠨ ᠵᠣᠴᠢᠨ ᠪᠤᠶᠤ ᠵᠠᠮ ᠢᠶᠠᠨ ᠢᠶᠠᠨ ᠭᠦᠷᠦᠭᠰᠡᠨ ᠭᠡᠶᠢᠴᠢᠨ ᠭᠡᠰᠡᠨ ᠴᠦ᠂ ᠭᠡᠨ ᠨᠢ ᠴᠦ ᠪᠣᠯᠤᠭᠰᠠᠨ᠂ ᠶᠠᠮᠠᠷ ᠪᠠᠶᠢᠳᠠᠯ ᠳᠣᠣᠷ᠎ᠠ ᠴᠦ ᠭᠡᠰᠡᠨ᠂ ︽ᠢᠳᠡ᠂ ᠤᠤᠭᠤ ᠭᠡᠰᠡᠨ ᠶᠤᠮ᠂ ᠡᠷᠢᠶ᠎ᠡ ᠦᠭᠡᠢ ᠶᠤᠮ᠂ ᠵᠢᠷᠤᠭ᠎ᠠ ᠦᠭᠡᠢ ᠶᠤᠮ᠃ ᠲᠠᠯᠪᠢᠭᠠᠳ ᠦᠭᠴᠢᠭᠡᠭᠰᠡᠨ ᠶᠤᠮ ᠴᠢᠨᠢ᠂  ᠲᠠᠪᠠᠭ ᠢ ᠨᠢ ᠬᠤᠭᠤᠰᠤᠷᠠᠲᠠᠯ᠎ᠠ ᠢᠳᠡᠴᠢᠭᠡᠶ᠎ᠡ᠂ ᠤᠤᠭᠤᠴᠢᠬᠠᠶ᠎ᠠ᠂ ᠪᠠᠷᠠᠭᠠᠴᠢᠬᠠᠶ᠎ᠠ︾ ᠭᠡᠳ ᠲᠠᠯᠪᠢᠵᠤ ᠦᠭᠭᠦᠭᠰᠡᠨ ᠶᠠᠭᠤᠮ᠎ᠠ ᠶᠢ ᠨᠢ ︵ᠪᠤᠳᠠᠭ᠎ᠠ᠂ ᠬᠤᠭᠤᠯᠠ ᠴᠦ  ᠪᠠᠭᠲᠠᠨ᠎ᠠ︶ ᠲᠠᠪᠠᠭ ᠰᠠᠪᠠ ᠶᠢ ᠨᠢ ᠬᠤᠭᠤᠰᠤᠷᠠᠲᠠᠯ᠎ᠠ ᠢᠲᠡᠴᠢᠭᠡᠳᠡᠭ ᠦᠭᠡᠢ᠂ ᠤᠤᠭᠤᠴᠢᠬᠠᠳᠠᠭ ᠦᠭᠡᠢ᠃      ᠲᠠᠯᠪᠢᠵᠤ ᠦᠭᠭᠦᠭᠰᠡᠨ ᠶᠠᠭᠤᠮ᠎ᠠ ᠨᠢ ᠠᠷᠪᠢᠨ — ᠭᠦᠷᠦᠯᠴᠡᠭᠡᠲᠡᠢ ᠪᠣᠯ ᠴᠠᠳᠲᠠᠯ᠎ᠠ ᠪᠤᠶᠤ ᠦᠯ ᠢᠶᠠᠨ ᠳᠠᠷᠤᠵᠤ ᠠᠩᠭᠠᠭ᠎ᠠ ᠴᠠᠩᠭᠠᠭ᠎ᠠ ᠪᠠᠨ ᠲᠠᠶᠢᠯᠲᠠᠯ᠎ᠠ ᠢᠳᠡᠵᠦ ᠤᠤᠭᠤᠵᠤ᠂ ᠲᠠᠯᠪᠢᠵᠤ ᠦᠭᠭᠦᠭᠰᠡᠨ ᠶᠠᠭᠤᠮ᠎ᠠ ᠨᠢ ᠪᠠᠭ᠎ᠠ᠂ ᠴᠦᠭᠡᠨ᠂ ᠭᠦᠷᠦᠯᠴᠡᠭᠡ ᠪᠠᠷ ᠠᠨᠠᠢ ᠰᠢᠭ᠋ ᠪᠣᠯ ᠠᠮᠰᠠᠭᠠᠳ ᠲᠠᠯᠪᠢᠴᠢᠬᠠᠵᠤ᠂ ᠠᠩᠭᠠᠭ᠎ᠠ ᠴᠩᠭᠠᠭ᠎ᠠ ᠪᠠᠨ ᠪᠠᠭ᠎ᠠ ᠳᠠᠷᠤᠭᠠᠳ ᠪᠣᠯᠴᠢᠬᠠᠳᠠᠭ᠃ ᠶᠠᠭᠠᠭᠢᠵᠦ ᠶᠡᠭᠡ ᠦᠯᠦᠰᠴᠦ ᠬᠠᠷᠠᠩᠭᠠᠰᠴᠣ ᠠᠩᠭᠠᠵᠤ ᠴᠠᠩᠭᠠᠵᠤ ᠪᠠᠶᠢᠭᠰᠠᠨ ᠴᠦ᠂ ︽ᠭᠡᠰᠢᠭ︾᠂ ︽ᠳᠡᠭᠡᠵᠢ ︾ ︽ᠪᠤᠶᠠᠨ︾ ᠢ ᠨᠢ ᠦᠯᠡᠳᠡᠶ᠎ᠡ ᠭᠡᠳ᠂ ᠲᠠᠯᠪᠢᠵᠤ ᠦᠭᠭᠦᠭᠰᠡᠨ ᠪᠤᠳᠠᠭ᠎ᠠ᠂ ᠬᠤᠭᠤᠯᠠ ᠪᠤᠶᠤ ᠢᠳᠡᠭᠡᠨ ᠤᠮᠳᠠᠭᠠᠨ ᠠᠴᠠ ᠨᠢ ᠲᠠᠪᠠᠭ᠂ ᠰᠠᠪᠠ᠂ ᠭᠡᠷᠡᠭᠰᠡᠯ ᠤᠨ ᠭᠢᠨᠢ ᠢᠷᠤᠭᠠᠷ ᠲᠤ ᠨᠢᠭᠡ ᠬᠤᠶᠠᠷ ᠭᠡᠰᠡᠭ ︵ᠰᠢᠷᠭᠡᠭ︶ ᠪᠤᠶᠤ ᠨᠢᠭᠡ ᠬᠤᠶᠠᠷ ᠤᠤᠭᠤᠴᠢ ︵ᠠᠮᠠ︶ ᠴᠦ ᠭᠡᠰᠡᠨ ᠦᠯᠡᠳᠡᠭᠡᠵᠦ ᠦᠭᠭᠦᠭᠡᠳ ᠮᠣᠷᠳᠠᠳᠠᠭ᠃ ᠮᠣᠩᠭᠤᠯᠴᠤᠳ᠂ ᠠᠶᠢᠯ ᠳᠤ ᠣᠴᠢᠭᠰᠠᠨ ᠭᠡᠶᠢᠴᠢᠨ ᠵᠣᠴᠢᠨ ᠠᠶᠢᠯ ᠤᠨ ᠲᠠᠯᠪᠢᠵᠤ ᠦᠭᠭᠦᠭᠰᠡᠨ ᠶᠠᠭᠤᠮ᠎ᠠ ᠶᠢ ᠲᠠᠪᠠᠭ᠂ ᠰᠠᠪᠠ ᠶᠢ ᠨᠢ ᠬᠤᠭᠤᠰᠤᠷᠠᠲᠠᠯ᠎ᠠ ᠢᠳᠡᠭᠦ ᠤᠤᠭᠤᠬᠤ ᠨᠢ ᠶᠣᠰᠤ ᠦᠭᠡᠢ᠂ ᠮᠣᠷᠠᠯ ᠦᠭᠡᠢ᠂ ᠶᠠᠭᠤᠮ᠎ᠠ ᠮᠡᠳᠡᠭᠦ ᠦᠭᠡᠢ᠂ ᠪᠦᠳᠦᠭᠦᠯᠢᠭ᠂ ᠦᠯᠦᠩᠭᠡᠷ ᠬᠤᠪᠳᠤᠭ ᠬᠠᠷᠠᠭᠳᠠᠨ᠎ᠠ ᠭᠡᠵᠦ ᠦᠵᠡᠳᠡᠭ᠃ 
ᠢᠷᠡᠯᠲᠡ᠄ ᠳᠦᠷᠪᠡᠳ ᠬᠤᠰᠢᠭᠤᠨ ᠤ ᠠᠷᠠᠳ ᠤᠨ ᠵᠠᠰᠠᠭ ᠤᠨ ᠣᠷᠳᠤᠨ