ᠮᠣᠩᠭᠤᠯᠴᠤᠳ ᠤᠨ ᠴᠠᠭᠠᠨ ᠢᠳᠡᠭᠡ ᠵᠠᠰᠠᠬᠤ ᠶᠣᠰᠣᠨ
ᠨᠡᠶᠢᠲᠡᠯᠡᠭᠰᠡᠨ ᠴᠠᠭ᠄
2023/5/25
       ᠮᠣᠩᠭᠤᠯᠴᠤᠳ᠂ ᠴᠠᠭᠠᠨ ᠢᠳᠡᠭᠡᠨ ᠢ ᠬᠤᠭᠤᠯᠠ ᠤᠮᠳᠠ ᠳᠤ ᠠᠰᠢᠭᠯᠠᠨ ᠦᠯ ᠬᠤᠭᠤᠯᠠ ᠪᠤᠯᠭᠠᠵᠤ ᠡᠳᠤᠷ ᠲᠤᠳᠤᠮ ᠤᠨ ᠠᠮᠢᠳᠤᠷᠠᠯ ᠤᠨ ᠭᠡᠷᠡᠭᠴᠡᠭᠡ ᠪᠠᠨ ᠬᠠᠨᠭ᠍ᠭᠠᠬᠤ ᠶᠢᠨ ᠬᠠᠮᠳᠤ᠂ ᠴᠠᠭᠠᠨ ᠢᠳᠡᠭᠡᠨ ᠢ ᠢᠳᠡᠭᠡᠨ ᠤᠮᠳᠠᠭᠠᠨ ᠤ ᠲᠡᠭᠡᠵᠢ ᠪᠠᠷ ᠡᠷᠬᠢᠮᠯᠡᠨ ᠦᠵᠡᠬᠦ ᠤᠯᠠᠮᠵᠢᠯᠠᠯ ᠡᠷᠳᠡ ᠦᠶ᠎ᠡ ᠳᠤ ᠡᠬᠦᠰᠴᠤ᠂ ᠲᠡᠤᠭᠡᠨ ᠬᠦᠭᠵᠢᠯ ᠶᠠᠪᠤᠴᠠ ᠤᠨ ᠳᠤ ᠴᠠᠭᠠᠨ ᠢᠳᠡᠭᠡᠨ ᠤ ᠲᠤᠬᠠᠢ ᠠᠯᠢ ᠤᠯᠠᠨ ᠶᠤᠰᠤ ᠵᠠᠩᠰᠢᠯ ᠪᠦᠷᠢᠯᠳᠦᠭᠰᠡᠨ ᠶᠤᠮ᠃ ᠡᠬᠦᠨ ᠤ ᠲᠤᠳᠤᠷ᠎ᠡ ᠴᠠᠭᠠᠨ ᠢᠳᠡᠭᠡ ᠵᠠᠰᠠᠬᠤ ᠶᠤᠰᠤ ᠨᠢ ᠡᠳᠤᠷ ᠲᠤᠳᠤᠮ ᠤᠨ ᠠᠮᠢᠳᠤᠷᠠᠯ ᠪᠤᠯᠤᠨ ᠦᠪᠡᠳᠡᠭᠰᠢ ᠶᠡᠭᠡ ᠨᠠᠶᠢᠷ ᠬᠤᠷᠢᠮ ᠤᠨ ᠶᠤᠰᠤᠯᠠᠯ ᠳᠤ ᠨᠢᠭᠡ ᠯᠠ ᠠᠳᠠᠯᠢ ᠪᠠᠷᠢᠮᠳᠠᠯᠠᠭᠳᠠᠭᠰᠠᠭᠠᠷ ᠢᠷᠡᠭᠰᠡᠨ ᠪᠠᠶᠢᠨ᠎ᠠ᠃       1. ᠡᠩ ᠤᠨ ᠦᠶ᠎ᠡ ᠳᠠᠬᠢ ᠴᠠᠭᠠᠨ ᠢᠳᠡᠭᠡ ᠵᠠᠰᠠᠬᠤ ᠶᠤᠰᠤ       ᠮᠤᠩᠭᠤᠯᠴᠤᠳ᠂ ᠡᠳᠤᠷ ᠲᠤᠳᠤᠮ ᠤᠨ ᠠᠮᠢᠳᠤᠷᠠᠯ ᠲᠤᠮᠳᠠ ᠬᠤᠷᠤᠳ᠂ ᠡᠭᠡᠵᠡᠭᠡᠢ᠂ ᠪᠢᠰᠢᠯᠠᠭ᠂ ᠴᠣᠷ᠎ᠠ ᠠᠭᠠᠷᠤᠤᠯ ᠵᠡᠷᠭᠡ ᠴᠠᠭᠠᠨ ᠢᠳᠡᠭᠡᠨ ᠤ ᠵᠦᠢᠯᠡᠰ ᠢ ᠲᠤᠰᠬᠠᠢ ᠪᠡᠯᠡᠳᠭᠡᠭᠰᠡᠨ ᠮᠤᠳᠤᠨ ᠲᠠᠪᠠᠭ᠂ ᠱᠠᠭᠠᠵᠠᠩ ᠫᠢᠯᠠ ᠳᠤ ᠲᠠᠪᠠᠭᠯᠠᠵᠤ ᠲᠠᠯᠪᠢᠬᠤ ᠪᠠᠨ ᠮᠦᠨ ᠴᠠᠭᠠᠨ ᠢᠳᠡᠭᠡ ᠵᠠᠰᠠᠬᠤ ᠭᠡᠳᠡᠭ᠃ ᠡᠬᠦᠨ ᠢ ᠭᠡᠷ  ᠪᠦᠯᠢ ᠶᠢᠨ ᠬᠦᠮᠤᠰ ᠡᠳᠤᠷ ᠲᠤᠳᠤᠮ ᠴᠠᠢ ᠣᠤᠭᠤᠬᠤ ᠳᠤ ᠪᠠᠨ ᠢᠳᠡᠬᠦ ᠠᠴᠠ ᠭᠠᠳᠠᠨ᠎ᠠ᠂ ᠭᠡᠶᠢᠴᠢᠨ ᠵᠤᠴᠢᠨ ᠢᠷᠡᠪᠡᠯ ᠴᠠᠢ ᠠᠶᠠᠭᠠᠯᠠᠵᠤ᠂ ᠴᠠᠭᠠᠨ ᠢᠳᠡᠭᠡ ᠲᠠᠯᠪᠢᠨ ᠵᠤᠴᠢᠯᠠᠨ ᠲᠠᠶᠢᠯᠠᠬᠤ ᠳᠤ ᠵᠤᠷᠢᠭᠤᠯᠤᠭᠰᠡᠨ ᠪᠠᠶᠢᠳᠠᠭ᠃ ᠭᠡᠷ ᠤᠨ ᠬᠦᠮᠤᠰ ᠴᠠᠭᠠᠨ ᠢᠳᠡᠭᠡ ᠠᠴᠠ ᠢᠳᠡᠬᠦ ᠳᠤ ᠪᠠᠨ ᠲᠠᠪᠠᠭᠯᠠᠵᠤ ᠵᠠᠰᠠᠭᠰᠠᠨ ᠴᠠᠭᠠᠨ ᠢᠳᠡᠭᠡ ᠶᠢᠨ ᠲᠡᠭᠡᠷ᠎ᠡ ᠲᠠᠯ᠎ᠠ ᠠᠴᠠ ᠠᠪᠴᠤ ᠢᠳᠡᠳᠡᠭ᠃ ᠠᠳᠡ ᠲᠡᠨᠳᠡ ᠠᠴᠠ ᠨᠢ ᠰᠢᠯᠢᠵᠤ᠂ ᠡᠷᠤᠢ ᠬᠤᠷᠤᠢ ᠦᠭᠡᠢ ᠠᠪᠬᠤ ᠶᠢ ᠴᠡᠭᠡᠷᠯᠡᠳᠡᠭ ᠪᠦᠭᠡᠳ ᠭᠡᠤᠭᠡᠳ ᠪᠠᠭᠠᠴᠤᠳ ᠴᠠᠭᠠᠨ ᠢᠳᠡᠭᠡ ᠶᠢᠨ ᠲᠠᠪᠠᠭ ᠠᠴᠠ ᠲᠤᠷ᠎ᠡ ᠪᠠᠷ ᠠᠪᠴᠤ ᠪᠤᠯᠳᠠᠭ ᠦᠭᠡᠢ᠃       2. ᠪᠠᠶᠠᠷ ᠲᠤᠷᠠᠰᠬᠠᠯ ᠤᠨ ᠦᠶ᠎ᠡ ᠳᠠᠬᠢ ᠴᠠᠭᠠᠨ ᠢᠳᠡᠭᠡ ᠵᠠᠰᠠᠬᠤ ᠶᠤᠰᠤ       ᠮᠤᠩᠭᠤᠯᠴᠤᠳ᠂ ᠴᠠᠭᠠᠨ ᠰᠠᠷ᠎ᠡ ᠶᠢ ᠤᠭᠳᠤᠬᠤ ᠪᠤᠶᠤ ᠦᠪᠡᠳᠡᠭᠰᠢ ᠶᠡᠭᠡ ᠪᠠᠶᠠᠷ ᠶᠤᠰᠤᠯᠠᠯ ᠤᠨ ᠦᠶ᠎ᠡ ᠳᠤ ᠴᠠᠭᠠᠨ ᠢᠳᠡᠭᠡ ᠵᠠᠰᠠᠵᠤ᠂ ᠢᠳᠡᠭᠡᠨ ᠤ ᠲᠡᠭᠡᠵᠢ ᠪᠠᠷ ᠡᠷᠬᠢᠮᠯᠡᠨ᠂ ᠠᠵᠤ ᠠᠮᠢᠳᠤᠷᠠᠯᠤᠨ ᠪᠠᠶᠠᠨ ᠡᠯᠪᠡᠭ᠂ ᠠᠯᠢᠪᠠ ᠦᠢᠯᠡᠰ ᠤᠨ ᠢᠶᠠᠨ ᠰᠠᠶᠢᠨ ᠰᠠᠶᠢᠬᠠᠨ ᠤ ᠪᠡᠯᠭᠡᠳᠡᠯ ᠪᠤᠯᠭᠠᠳᠠᠭ ᠵᠠᠩᠰᠢᠯ ᠲᠠᠢ᠃ ᠴᠠᠭᠠᠨ ᠢᠳᠡᠭᠡ ᠵᠠᠰᠠᠬᠤ ᠳᠤ ᠲᠤᠰᠬᠠᠢᠢᠯᠠᠨ ᠪᠡᠯᠡᠳᠭᠡᠭᠰᠡᠨ ᠤᠷᠳᠤ ᠲᠦᠷᠪᠡᠯᠵᠢᠨ ᠭᠡᠯᠪᠡᠷᠢ ᠲᠠᠢ ᠪᠤᠭᠤᠷᠰᠤᠭ ᠢ ᠭᠤᠷᠪᠠ ᠪᠤᠶᠤ ᠲᠦᠷᠪᠡ ᠪᠠᠷ ᠢᠳᠡᠭᠡᠨ ᠤ ᠲᠠᠪᠠᠭ ᠲᠤ ᠵᠡᠷᠭᠡᠴᠡᠬᠦᠯᠤᠨ ᠲᠠᠯᠪᠢᠵᠤ᠂ ᠲᠠᠪᠤ ᠠᠴᠠ ᠲᠤᠯᠤᠭᠠᠨ ᠲᠡᠭᠳᠡᠷ ᠵᠡᠷᠭᠡᠯᠡᠨ᠂ ᠲᠡᠭᠡᠷ᠎ᠡ ᠨᠢ ᠭᠡᠪ ᠤᠨ ᠬᠤᠷᠤᠳ ᠪᠤᠶᠤ ᠶᠧᠪᠠᠩ ᠲᠠᠯᠪᠢᠵᠤ᠂ ᠥᠷᠥᠮ᠎ᠡ᠂ ᠬᠤᠷᠤᠳ᠂  ᠰᠢᠬᠢᠷ᠂ ᠴᠢᠪᠠᠭ᠎ᠠ ᠪᠠᠷ ᠴᠢᠮᠡᠨ ᠵᠠᠰᠠᠳᠠᠭ᠃ ᠵᠠᠰᠠᠵᠤ ᠲᠠᠯᠪᠢᠭᠰᠠᠨ ᠴᠠᠭᠠᠨ ᠢᠳᠡᠭᠡ ᠶᠢ ᠴᠠᠭᠠᠨ ᠰᠠᠷ᠎ᠡ ᠶᠢᠨ ᠰᠢᠨ᠎ᠡ ᠶᠢᠨ ᠨᠢᠭᠡᠨ ᠪᠤᠶᠤ ᠪᠠᠶᠠᠷ ᠶᠤᠰᠤᠯᠠᠯ ᠤᠨ ᠦᠶ᠎ᠡ ᠳᠤ ᠰᠢᠷᠡᠭᠡᠨ ᠤ ᠭᠤᠤᠯ ᠳᠤ ᠲᠠᠯᠪᠢᠳᠠᠭ᠃ ᠰᠢᠨ᠎ᠡ ᠶᠢᠨ ᠭᠡᠶᠢᠴᠢᠨ ᠪᠤᠶᠤ ᠨᠠᠶᠢᠷ ᠶᠤᠰᠤᠯᠠᠯ ᠳᠤ ᠤᠷᠤᠯᠴᠠᠭᠰᠠᠳ᠂ ᠲᠠᠪᠠᠭ ᠲᠠᠢ ᠢᠳᠡᠭᠡ ᠠᠴᠠ ᠲᠡᠭᠷᠢ᠂ ᠭᠠᠵᠠᠷ᠂ ᠭᠠᠯ ᠳᠤ ᠡᠷᠬᠦᠭᠰᠡᠨ ᠤ ᠲᠠᠷᠠᠭ᠎ᠠ ᠠᠮᠰᠠᠳᠠᠭ ᠶᠤᠰᠤ ᠲᠠᠢ᠃ ᠴᠠᠭᠠᠨ ᠢᠳᠡᠭᠡ ᠠᠮᠰᠠᠬᠤ ᠳᠤ ᠪᠠᠨ ᠦᠡᠭᠭᠡ ᠪᠤᠯᠭᠠᠵᠤ ᠵᠠᠰᠠᠭᠰᠠᠨ ᠥᠷᠥᠮ᠎ᠡ᠂ ᠬᠤᠷᠤᠳ ᠠᠴᠠ ᠠᠮᠰᠠᠬᠤ ᠲᠡᠳᠤᠢ ᠶᠤᠰᠤ ᠬᠦᠢᠴᠡᠳᠭᠡᠵᠤ᠂ ᠶᠠᠩᠵᠤ ᠭᠡᠯᠪᠡᠷᠢ ᠶᠢ ᠨᠢ ᠡᠪᠳᠡᠬᠦ ᠪᠤᠶᠤ ᠨᠤᠷᠠᠭᠠᠬᠤ ᠶᠢ ᠴᠡᠭᠡᠷᠯᠡᠳᠡᠭ᠃ ᠴᠠᠭᠠᠨ ᠰᠠᠷ᠎ᠡ ᠳᠤ ᠵᠤᠷᠢᠭᠤᠯᠤᠨ ᠵᠠᠰᠠᠭᠰᠠᠨ  ᠴᠠᠭᠠᠨ ᠢᠳᠡᠭᠡ ᠶᠢ ᠰᠢᠨ᠎ᠡ ᠬᠠᠭᠤᠴᠢᠷᠠᠵᠤ᠂ ᠰᠢᠨ᠎ᠡ ᠶᠢᠨ ᠠᠷᠪᠠᠳ ᠪᠤᠯᠬᠤ ᠳᠤ ᠭᠡᠷ ᠵᠠᠭᠤᠷ᠎ᠡ ᠪᠠᠨ ᠬᠤᠪᠢ ᠲᠦᠭᠡᠭᠡᠳᠡᠭ ᠪᠠ ᠪᠠᠶᠠᠷ ᠶᠤᠰᠤᠯᠠᠯ ᠳᠤ ᠵᠠᠰᠠᠭᠰᠠᠨ  ᠴᠠᠭᠠᠨ ᠢᠳᠡᠭᠡ ᠶᠢ ᠭᠤᠷᠪᠠᠨ ᠬᠤᠨᠤᠭ ᠤᠨ ᠲᠠᠷᠠᠭ᠎ᠠ ᠬᠤᠪᠢᠶᠠᠯᠴᠠᠨ ᠢᠳᠡᠳᠡᠭ ᠵᠠᠩᠰᠢᠯ ᠲᠠᠢ᠃ 
ᠢᠷᠡᠯᠲᠡ᠄ ᠪᠠᠶᠠᠨᠨᠠᠭᠤᠷ ᠬᠤᠲᠠ ᠶᠢᠨ ᠠᠷᠠᠳ ᠤᠨ ᠵᠠᠰᠠᠭ ᠤᠨ ᠣᠷᠳᠣᠨ ᠤ ᠮᠣᠩᠭᠤᠯ ᠰᠦᠯᠵᠢᠶ᠎ᠡ