ᠡᠷᠳᠡᠨ ᠤ ᠬᠤᠷᠢᠮ ᠤᠨ ᠵᠠᠩᠰᠢᠯ ᠳᠤ ᠱᠠᠭ᠎ᠠ ᠮᠤᠯᠳᠤᠯᠬᠤ ᠶᠢ ᠬᠡᠤᠬᠡᠨ ᠮᠤᠷᠳᠠᠬᠤ ᠥᠶ᠎ᠡ ᠳᠤ ᠡᠷᠬᠡᠪᠰᠢ ᠬᠥᠢᠴᠡᠳᠬᠡᠬᠦ ᠶᠤᠰᠤ ᠪᠤᠯᠭᠠᠭᠰᠠᠭᠠᠷ ᠢᠷᠠᠵᠠᠢ᠃ ᠰᠢᠨ᠎ᠡ | ᠪᠡᠷᠢ ᠮᠤᠷᠳᠠᠬᠤ ᠪᠤᠯᠬᠤ ᠳᠤ ᠬᠤᠶᠠᠷ ᠲᠠᠭᠠᠯᠳᠠ ᠬᠡᠤᠬᠡᠨ ᠲᠠᠢ ᠨᠢ ᠬᠡᠷ ᠲᠤ ᠰᠠᠭᠤᠯᠭᠠᠵᠤ᠂ ᠨᠢᠬᠡᠨ ᠬᠤᠨᠢᠨ ᠤ ᠱᠠᠭᠠᠨᠳᠥ ᠶᠢᠨ ᠨᠠᠷᠢᠨ ᠥᠵᠥᠬᠦᠷ ᠢ ᠢᠯᠡ ᠪᠠᠶᠢᠯᠭᠠᠵᠤ | ᠪᠠᠶᠢᠬᠤ ᠳᠤ ᠬᠥᠷᠬᠡᠨ ᠨᠢ ᠢᠷᠡᠵᠤ ᠲᠡᠷᠡᠬᠦ ᠰᠠᠮᠪᠠᠢ ᠪᠠᠷ ᠤᠷᠢᠶᠠᠭᠰᠡᠨ ᠱᠠᠭ᠎ᠠ ᠶᠢ ᠪᠠᠷᠠᠭᠤᠨ ᠭᠠᠷ ᠤᠨ ᠡᠷᠡᠬᠡᠢ ᠬᠤᠷᠤᠭᠤ ᠪᠠᠷ ᠮᠤᠯᠳᠤᠯᠤᠨ ᠠᠪᠴᠥ ᠪᠠᠷᠠᠭᠤᠨ | ᠬᠥᠯ ᠤᠨ ᠭᠤᠳᠤᠯ ᠤᠨ ᠢᠶᠠᠨ ᠲᠤᠳᠤᠷ᠎ᠠ ᠲᠠᠯ᠎ᠠ ᠶᠢᠨ ᠲᠥᠷᠡᠢ ᠳᠤ ᠬᠢᠳᠡᠯ᠎ᠡ ᠬᠡᠤᠬᠡᠨ ᠢ ᠠᠪᠬᠤ ᠬᠥᠮᠥᠰ ᠤᠷᠤᠵᠤ ᠢᠷᠡᠨ ᠶᠠᠪᠤᠬᠤ ᠲᠤᠷ᠎ᠠ ᠦᠭᠡᠢ ᠪᠠᠶᠢᠭᠰᠡᠨ ᠴᠦ | ᠠᠯᠪᠠ ᠪᠠᠷ ᠬᠡᠷ ᠠᠴᠠ ᠠᠪᠴᠥ ᠭᠠᠷᠤᠨ ᠰᠠᠮᠫᠠᠨ ᠦᠭᠡᠢ ᠵᠠᠯᠠᠭ᠎ᠠ ᠲᠠᠢ ᠮᠠᠯᠠᠭᠠᠢ ᠡᠮᠥᠰᠬᠡᠵᠤ ᠲᠤᠭᠳᠠᠭᠰᠡᠨ ᠥᠩᠬᠡ ᠶᠢᠨ ᠪᠥᠰ ᠢᠶᠠᠷ ᠲᠤᠯᠤᠭᠠᠢ ᠶᠢ ᠪᠥᠳᠡᠬᠡᠨ | ᠲᠤᠭᠳᠠᠭᠰᠡᠨ ᠵᠢᠰᠥᠮ ᠤᠨ ᠮᠤᠷᠢ ᠤᠨᠤᠭᠤᠯᠵᠤ ᠶᠠᠪᠤᠳᠠᠭ ᠶᠤᠮ᠃ | ᠲᠤᠬᠠᠶᠢᠯᠠᠪᠠᠯ᠄ ᠬᠥᠬᠡ ᠬᠥᠬᠡᠭᠴᠢᠨ ᠥᠩᠭᠡ ᠲᠠᠢ ᠵᠢᠯ ᠳᠤ ᠴᠡᠩᠬᠡᠷ᠂ ᠭᠦᠶᠦᠬᠡᠨ ᠬᠥᠬᠡ ᠪᠦᠰ ᠢᠶᠠᠷ ᠬᠡᠦᠬᠡᠨ ᠤ ᠲᠤᠯᠤᠭᠠᠢ ᠶᠢ ᠪᠦᠲᠦᠭᠡᠵᠦ᠂ ᠬᠥᠬᠡ ᠪᠣᠷᠣ᠂ | ᠬᠠᠷ᠎ᠠ ᠪᠣᠷᠣ ᠵᠢᠰᠦᠮ ᠤᠨ ᠮᠣᠷᠢ ᠤᠨᠤᠭᠤᠯᠳᠠᠭ᠃ ᠬᠠᠷ᠎ᠠ ᠬᠠᠷᠠᠭᠴᠢᠨ ᠥᠩᠭᠡ ᠲᠠᠢ ᠵᠢᠯ ᠳᠤ ᠬᠠᠷ᠎ᠠ ᠬᠥᠬᠡ ᠪᠦᠰ ᠢᠶᠠᠷ ᠬᠡᠦᠬᠡᠨ ᠤ ᠲᠤᠯᠤᠭᠠᠢ ᠶᠢ ᠪᠦᠲᠦᠭᠡᠵᠦ᠂ ᠬᠠᠷ᠎ᠠ᠂ | ᠬᠠᠯᠳᠠᠷ ᠵᠢᠰᠦᠮ ᠤᠨ ᠮᠣᠷᠢ ᠤᠨᠤᠭᠤᠯᠳᠠᠭ᠃ ᠴᠠᠭᠠᠨ ᠴᠠᠭᠠᠭᠴᠢᠨ ᠥᠩᠭᠡ ᠲᠠᠢ ᠵᠢᠯ ᠳᠤ ᠴᠠᠭᠠᠨ ᠴᠠᠶᠢᠪᠣᠷ ᠪᠦᠰ ᠢᠶᠠᠷ ᠬᠡᠦᠬᠡᠨ ᠤ ᠲᠤᠯᠤᠭᠠᠢ ᠶᠢ ᠪᠦᠲᠦᠭᠡᠵᠦ᠂ | ᠴᠠᠭᠠᠨ ᠪᠣᠷᠣ᠂ ᠰᠠᠷᠠᠯ ᠵᠢᠰᠦᠮ ᠤᠨ ᠮᠣᠷᠢ ᠤᠨᠤᠭᠤᠯᠳᠠᠭ᠃ ᠰᠢᠷ᠎ᠠ ᠰᠢᠷᠠᠭᠴᠢᠨ ᠥᠩᠭᠡ ᠲᠠᠢ ᠵᠢᠯ ᠳᠤ ᠰᠢᠷ᠎ᠠ ᠰᠢᠷᠭᠠᠯ ᠪᠦᠰ ᠢᠶᠠᠷ ᠬᠡᠦᠬᠡᠨ ᠤ ᠲᠤᠯᠤᠭᠠᠢ ᠶᠢ | ᠪᠦᠲᠦᠭᠡᠵᠦ᠂ ᠰᠢᠷᠭ᠎ᠠ᠂ ᠬᠠᠯᠢᠭᠤᠨ ᠵᠢᠰᠦᠮ ᠤᠨ ᠮᠣᠷᠢ ᠤᠨᠤᠭᠤᠯᠳᠠᠭ᠃ ᠤᠯᠠᠭᠠᠨ ᠤᠯᠠᠭᠠᠭᠴᠢᠨ ᠥᠩᠭᠡ ᠲᠠᠢ ᠵᠢᠯ ᠳᠤ ᠤᠯᠠᠭᠠᠨ ᠪᠦᠰ ᠢᠶᠠᠷ ᠬᠡᠦᠬᠡᠨ ᠤ | ᠲᠤᠯᠤᠭᠠᠢ ᠶᠢ ᠪᠦᠲᠦᠭᠡᠵᠦ᠂ ᠬᠦᠷᠡᠩ᠂ ᠬᠡᠭᠡᠷ ᠵᠢᠰᠦᠮ ᠤᠨ ᠮᠣᠷᠢ ᠤᠨᠤᠭᠤᠯᠳᠠᠭ᠃ |