ᠠᠨᠤ ᠪᠤᠯ ᠰᠡᠩᠭᠡ ᠬᠤᠩ ᠲᠠᠶᠢᠵᠢ ᠶᠢᠨ ᠬᠠᠳᠤᠨ᠃ ᠠᠨᠤ ︵ᠪᠠᠰᠠ ᠠᠨᠤ ᠳ᠋ᠠᠷ᠎ᠠ ᠭᠡᠳᠡᠭ︶ ᠪᠠ ᠰᠠᠩᠭᠡ ᠬᠤᠩ ᠲᠠᠶᠢᠵᠢ ᠠᠴᠠ ᠴᠠᠸᠠᠩᠷᠠᠪᠳᠠᠨ᠂ | ᠰᠤᠨᠠᠮᠷᠠᠪᠳᠠᠨ᠂ ᠲᠠᠨᠵᠢᠨ ᠭᠡᠭᠦ ᠭᠤᠷᠪᠠᠨ ᠬᠦᠪᠡᠭᠦᠨ ᠲᠠᠢ ᠪᠠᠶᠢᠵᠠᠢ᠃ ᠰᠡᠩᠬᠡ ᠬᠤᠩ ᠲᠠᠶᠢᠵᠢ ᠬᠤᠤᠷᠯᠠᠭᠳᠠᠭᠰᠠᠨ ᠤ ᠬᠤᠶᠢᠨ᠎ᠠ᠂ ᠡᠭᠡ ᠶᠤᠮ ︵ᠶᠦᠮᠦ︶ ᠠᠭᠠᠰ | ᠬᠠᠳᠤᠨ ᠤ ᠰᠠᠨᠠᠭᠤᠯᠭ᠎ᠠ ᠪᠠᠷ ᠯᠠᠮᠠ ᠪᠠᠶᠢᠭᠰᠠᠨ ᠭᠠᠯᠳᠠᠨ ᠬᠠᠷ᠎ᠠ ᠪᠤᠯᠵᠤ ᠲᠦᠪᠡᠳ ᠤᠷᠤᠨ ᠠᠴᠠ ᠵᠡᠬᠦᠨᠭᠠᠷ ᠲᠠᠭᠠᠨ ᠬᠠᠷᠢᠵᠦ ᠢᠷᠡᠭᠡᠳ᠂ ᠠᠬ᠎ᠠ ᠰᠡᠩᠬᠡ ᠶᠢᠨ ᠴᠤᠯᠠ | ᠭᠡᠷᠭᠡᠮ ᠢ ᠵᠠᠯᠭᠠᠮᠵᠢᠯᠠᠵᠤ᠂ ᠴᠤᠷᠤᠰ ᠠᠶᠢᠮᠠᠭ ᠤᠨ ᠬᠤᠩ ᠲᠠᠶᠢᠵᠢ ᠪᠤᠯᠵᠠᠢ᠃ ᠮᠦᠨ ᠡᠭᠡ ᠶᠢᠨ ᠢᠶᠠᠨ ᠰᠠᠨᠠᠯ ᠢᠶᠠᠷ ᠠᠬ᠎ᠠ ᠰᠡᠩᠬᠡ ᠶᠢᠨ ᠭᠡᠷᠭᠡᠢ ᠠᠨᠤ ᠶᠢ | ᠬᠠᠳᠤᠨ ᠢᠶᠠᠨ ᠪᠤᠯᠭᠠᠵᠤ ᠠᠪᠴᠠᠢ᠃ ᠠᠨᠤ ᠬᠠᠳᠤᠨ ᠭᠠᠯᠳᠠᠨ ᠲᠠᠢ ᠵᠠᠯᠭᠠᠨ ᠰᠠᠭᠤᠭᠠᠳ ᠰᠧᠪᠳᠡᠨᠪᠠᠯᠵᠦᠦᠷ ᠭᠡᠳᠡᠭ ᠨᠢᠭᠡ ᠬᠦᠦ᠂ ᠵᠦᠩᠴᠢᠬᠠᠢ ︵ᠵᠤᠨᠴᠢᠬᠠᠢ︶ | ᠭᠡᠳᠡᠭ ᠨᠢᠭᠡ ᠦᠬᠢᠨ ᠲᠠᠢ ᠪᠤᠯᠵᠠᠢ᠃ ᠭᠠᠯᠳᠠᠨ ᠤᠷᠤᠭ ᠭᠡᠷ ᠪᠦᠯᠢ ᠶᠢᠨ ᠬᠠᠷᠢᠴᠠᠭ᠎ᠠ ᠪᠠᠨ ᠰᠠᠶᠢᠨ ᠰᠠᠶᠢᠬᠠᠨ ᠢᠶᠠᠷ ᠰᠢᠢᠳᠪᠤᠷᠢᠯᠡᠬᠦ ᠪᠠᠷ ᠴᠢᠷᠮᠠᠶᠢᠵᠦ᠂ ᠠᠬ᠎ᠠ | ᠰᠡᠩᠭᠡ ᠶᠢᠨ ᠭᠤᠷᠪᠠᠨ ᠬᠦᠪᠡᠬᠦᠨ ᠢ ᠲᠡᠷᠭᠡᠳᠡ ᠪᠠᠨ ᠲᠡᠵᠢᠭᠡᠨ ᠬᠦᠮᠦᠵᠢᠬᠦᠯᠦᠭᠰᠡᠨ ᠳᠤ ᠰᠡᠩᠭᠡ ᠶᠢᠨ ᠬᠠᠭᠤᠴᠢᠨ ᠲᠦᠰᠢᠮᠡᠯ ᠵᠢᠴᠢ ᠬᠠᠷᠢᠶᠠᠳᠤ ᠨᠠᠷ ᠤᠨ ᠬᠦᠷᠢᠶᠡᠯᠡᠯ | ᠪᠠ ᠲᠡᠮᠵᠢᠯᠭᠡ ᠶᠢ ᠶᠡᠭᠡᠪᠡᠷ ᠤᠯᠵᠠᠢ᠃ ᠭᠠᠯᠳᠠᠨ ᠰᠢᠷ᠎ᠠ ᠪᠠᠨ ᠰᠢᠪᠳᠤᠯᠵᠤ ᠬᠠᠷ᠎ᠠ ᠪᠤᠯᠬᠤ ᠦᠶ᠎ᠡ ᠳᠤ ᠲᠠᠪᠤᠳᠤᠭᠠᠷ ᠲᠠᠯᠠᠢ ᠯᠠᠮᠠ ᠠᠴᠠ ᠭᠠᠯᠳᠠᠨ ᠤ ᠨᠡᠷ᠎ᠡ ᠬᠦᠨᠳᠦ ᠪᠡ | ᠪᠠᠶᠢᠷᠢ ᠰᠠᠭᠤᠷᠢ ᠶᠢ ᠬᠠᠷᠠᠭᠠᠯᠵᠠᠨ ︽ ᠪᠤᠱᠤᠭᠳᠤ︾ ᠴᠤᠯᠠ ᠰᠤᠶᠤᠷᠬᠠᠪᠠ᠃ ᠵᠡᠬᠦᠨᠭᠠᠷ ᠦᠢᠷᠡᠳ ᠤᠨ ᠬᠢᠨ ᠲᠡᠭᠦᠨ ᠢ ᠲᠠᠯᠠᠢ ᠯᠠᠮᠠ᠂ ᠪᠠᠨᠴᠢᠨ ᠡᠷᠳᠡᠨᠢ ᠶᠢᠨ | ᠲᠤᠰᠬᠠᠢ ᠱᠠᠪᠢ ᠪᠠᠷ ᠦᠵᠡᠵᠦ ᠪᠢᠰᠢᠷᠠᠨ ᠬᠦᠨᠳᠦᠳᠭᠡᠳᠡᠭ ᠢᠶᠠᠷ ᠦᠯᠦ ᠪᠠᠷᠠᠨ ᠭᠠᠯᠳᠠᠨ ᠤ ᠦᠭᠡ ᠦᠢᠯᠡ ᠨᠢ ᠲᠠᠯᠠᠢ ᠯᠠᠮᠠ ᠶᠢᠨ ᠵᠢᠭᠠᠪᠤᠷᠢ ᠶᠢ ᠲᠦᠯᠦᠭᠡᠯᠡᠵᠦ | ᠪᠠᠶᠢᠬᠤ ᠪᠠᠷ ᠢᠳᠡᠭᠡᠳᠡᠭ ᠪᠠᠶᠢᠭᠰᠠᠨ ᠠᠴᠠ ᠪᠤᠰᠤᠳ ᠠᠶᠢᠮᠠᠭ ᠤᠨ ᠤᠯᠠᠨ ᠲᠠᠶᠢᠵᠢ ᠨᠠᠷ ᠴᠣ᠋ ᠬᠦᠷᠢᠶᠡᠯᠡᠨ ᠢᠷᠡᠵᠢᠭᠡᠨ ᠲᠠᠭᠠᠨ ᠲᠦᠰᠢᠯᠴᠡᠵᠡᠢ᠃ ᠲᠡᠶᠢᠮᠦ ᠠᠴᠠ | ᠭᠠᠯᠳᠠᠨ ᠪᠤᠱᠤᠭᠳᠤ ᠤᠨᠴᠠᠭᠠᠢ ᠪᠠᠶᠢᠷᠢ ᠰᠠᠭᠤᠷᠢ᠂ ᠨᠡᠷ᠎ᠡ ᠨᠦᠯᠦᠬᠡ ᠪᠠᠨ ᠠᠰᠢᠭᠯᠠᠨ ᠬᠦᠴᠦᠨ ᠢᠶᠠᠨ ᠦᠷᠭᠡᠳᠭᠡᠨ᠂ ᠤᠯᠤᠰ ᠲᠦᠷᠦ ᠶᠢᠨ ᠲᠠᠯ᠎ᠠ ᠪᠠᠷ ᠴᠣ᠋ ᠮᠠᠰᠢ | ᠦᠭᠡᠳᠡ ᠲᠠᠢ ᠪᠤᠯᠵᠤ ᠪᠤᠵᠠᠭᠠᠶᠢᠷᠠᠵᠠᠢ᠃ ᠢᠯᠠᠩᠭᠤᠶ᠎ᠠ ᠠᠨᠤ ᠬᠠᠳᠤᠨ ᠪᠤᠯ ᠴᠢᠭᠤᠯᠭᠠᠨ ᠬᠠᠨ ᠸᠴᠢᠷ ᠴᠡᠴᠡᠨ ᠤ ᠤᠮᠪᠤᠯᠤ ᠬᠡᠤᠬᠡᠨ ᠲᠤᠯᠠ ᠬᠤᠱᠤᠳ ᠠᠶᠢᠮᠠᠭ ᠲᠠᠢ | ᠨᠦᠭᠦᠷᠰᠡᠭ ᠬᠠᠷᠢᠴᠠᠭ᠎ᠠ ᠶᠢ ᠪᠠᠳᠤᠯᠠᠵᠤ ᠴᠢᠳᠠᠭᠰᠠᠨ ᠪᠠᠶᠢᠯ᠎ᠠ᠃ | ᠡᠷᠳᠡᠨ ᠤ ᠤᠪᠤᠭ ᠠᠶᠢᠮᠠᠭ ᠤᠨ ᠤᠷᠤᠭ ᠬᠤᠯᠪᠤᠭᠠᠨ ᠪᠤᠯ ᠬᠠᠷᠢᠯᠴᠠᠨ ᠲᠦᠰᠢᠯᠴᠡᠬᠦ ᠬᠦᠴᠦᠨ ᠤ ᠡᠬᠢ ᠰᠤᠷᠪᠤᠯᠵᠢ ᠪᠠᠶᠢᠵᠠᠢ᠃ ᠤᠪᠤᠭ ᠤᠨ ᠭᠠᠳᠠᠨ᠎ᠠ | ᠤᠷᠤᠭᠯᠠᠬᠤ ᠨᠢ ᠴᠢᠰᠤᠨ ᠲᠦᠷᠦᠯ ᠤᠨ ᠬᠤᠭᠤᠷᠤᠨᠳᠤᠬᠢ ᠤᠷᠤᠭ ᠤᠨ ᠬᠠᠷᠢᠴᠠᠭ᠎ᠠ ᠶᠢ ᠴᠠᠭᠠᠵᠠᠯᠠᠬᠤ ᠮᠦᠷᠳᠡᠭᠡᠨ ᠪᠤᠰᠤᠳ ᠠᠶᠢᠮᠠᠭ ᠡᠰᠡᠭᠦᠯ᠎ᠡ ᠲᠠᠶᠢᠰᠤᠩᠨᠠᠭᠴᠢ | ᠡᠳᠡᠭᠡᠳ ᠲᠠᠢ ᠪᠠᠨ ᠡᠶᠡᠯᠳᠦᠨ ᠤᠷᠤᠭ ᠬᠤᠯᠪᠤᠬᠤ ᠨᠢ ᠤᠪᠤᠭ ᠤᠨ ᠵᠤᠬᠢᠶᠠᠨ ᠪᠠᠶᠢᠭᠤᠯᠬᠤ ᠬᠦᠴᠦᠨ ᠤ ᠪᠦᠷᠢᠯᠳᠤᠯ᠂ ᠵᠢᠴᠢ ᠬᠦᠴᠦᠷᠭᠡᠭ ᠠᠶᠢᠮᠠᠭ ᠲᠠᠢ ᠤᠷᠤᠭ | ᠬᠤᠯᠪᠤᠭᠠᠯᠠᠬᠤ ᠪᠠᠷ ᠲᠠᠮᠵᠢᠨ ᠬᠦᠴᠦᠨ ᠢᠶᠠᠨ ᠦᠷᠭᠡᠳᠭᠡᠨ᠂ ᠲᠤᠰ ᠲᠤᠰ ᠤᠨ ᠠᠰᠢᠭ ᠲᠤᠰᠠ ᠪᠠᠨ ᠤᠷᠭᠠᠨᠢᠭ ᠤᠶᠠᠯᠳᠤᠭᠤᠯᠤᠨ ᠨᠡᠩ ᠰᠠᠶᠢᠨ ᠬᠠᠮᠠᠭᠠᠯᠠᠵᠤ | ᠴᠢᠳᠠᠬᠤ ᠪᠣᠯᠣᠨ᠎ᠠ᠃ ᠭᠡᠬᠦ ᠳᠡᠭᠡᠨ ᠡᠨᠡᠬᠦ ᠠᠷᠭ᠎ᠠ ᠬᠡᠯᠪᠡᠷᠢ ᠨᠢ ᠶᠠᠭᠠᠬᠢᠬᠤ ᠶᠢᠨ ᠠᠷᠭ᠎ᠠ ᠦᠬᠡᠢ ᠲᠤᠬᠠᠢ ᠶᠢᠨ ᠨᠠᠶᠢᠭᠡᠮ ᠠᠬᠤᠢ ᠶᠢᠨ ᠪᠦᠳᠦᠭᠡᠭᠳᠡᠭᠦᠨ ᠪᠠᠶᠢᠭᠰᠠᠨ | ᠪᠢᠯᠠ᠃ | ᠭᠠᠯᠳᠠᠨ ᠪᠤᠱᠤᠭᠳᠤ ᠬᠠᠳᠠᠭᠤᠵᠢᠯᠳᠠᠢ ᠴᠢᠷᠮᠠᠶᠢᠯᠭ᠎ᠠ ᠪᠠᠷ 1678 ᠤᠨ ᠳᠤ ᠵᠡᠬᠦᠨᠭᠠᠷ ᠬᠠᠭᠠᠨᠳᠤ ᠤᠯᠤᠰ ᠢ ᠪᠠᠶᠢᠭᠤᠯᠤᠭᠰᠠᠨ ᠶᠤᠮ᠃ ᠨᠤᠳᠤᠭ | ᠲᠡᠪᠢᠰᠭᠡᠷ ᠢᠶᠠᠨ ᠦᠷᠭᠡᠳᠭᠡᠬᠦ ᠪᠠᠷ ᠲᠡᠳᠡ ᠬᠠᠯᠬ᠎ᠠ ᠪᠠ ᠴᠢᠩ ᠤᠯᠤᠰ ᠲᠠᠢ ᠲᠠᠶᠢᠨ ᠵᠠᠷᠯᠠᠵᠠᠢ᠃ ᠵᠢᠯ ᠲᠠᠷᠠᠭᠠᠯᠠᠨ ᠪᠠᠶᠢᠯᠳᠤᠭᠠᠨ ᠦᠷᠭᠦᠯᠵᠢᠯᠡᠬᠦ ᠳᠤ ᠠᠨᠤ ᠬᠠᠳᠤᠨ | ᠦᠷᠭᠦᠯᠵᠢ ᠬᠤᠶᠠᠭ ᠲᠤᠭᠤᠯᠭ᠎ᠠ ᠬᠡᠲᠡᠷᠴᠦ ᠂ ᠬᠤᠷᠤᠮᠰᠠᠭ᠎ᠠ ᠰᠠᠭᠠᠳᠠᠭ ᠠᠭᠰᠠᠭᠠᠨ᠂ ᠬᠤᠷᠳᠤᠨ ᠬᠦᠯᠦᠭ ᠲᠤ ᠮᠤᠷᠳᠠᠨ᠂ ᠲᠠᠶᠢᠨ ᠪᠠᠶᠢᠯᠳᠤᠭᠠᠨ ᠳᠤ ᠭᠠᠪᠰᠢᠭᠠᠶᠢᠯᠠᠨ | ᠤᠷᠤᠯᠴᠠᠬᠤ ᠪᠤᠶᠤ ᠠᠷᠤ ᠬᠦᠷᠢᠶ᠎ᠡ ᠰᠠᠭᠤᠷᠢ ᠪᠠᠬᠢᠯᠡᠯᠳᠡ ᠶᠢ ᠰᠠᠬᠢᠨ ᠬᠠᠮᠠᠭᠠᠯᠠᠬᠤ ᠬᠦᠨᠳᠦ ᠡᠭᠦᠷᠭᠡ ᠶᠢ ᠬᠦᠢᠴᠡᠳᠭᠡᠵᠦ ᠶᠠᠪᠤᠵᠠᠢ᠃ ᠲᠡᠷᠡᠬᠦ ᠴᠠᠭ ᠦᠶ᠎ᠡ ᠤᠷᠴᠢᠨ | ᠠᠬᠤᠢ ᠨᠢ ᠠᠨᠤ ᠬᠠᠳᠤᠨ ᠢ ᠢᠷᠯᠡᠨ ᠱᠤᠭᠤᠵᠤ᠂ ᠬᠡᠳᠦᠨ ᠠᠷᠪᠠᠨ ᠵᠢᠯ ᠤᠨ ᠲᠠᠶᠢᠨ ᠪᠠᠶᠢᠯᠳᠤᠭᠠᠨ ᠢᠶᠠᠷ ᠲᠠᠪᠳᠠᠭᠰᠠᠭᠠᠷ ᠪᠠᠶᠢᠵᠦ ᠨᠢᠭᠡᠨ ᠨᠤᠭᠤᠷᠠᠰᠢ ᠦᠭᠡᠢ ᠬᠠᠳᠠᠨ | ᠲᠠᠰᠪᠤᠷᠢᠳᠠᠢ ᠡᠮᠡᠭᠳᠡᠢ ᠪᠠᠭᠠᠳᠤᠷ ᠪᠤᠯᠭᠠᠨ ᠰᠢᠯᠭᠠᠷᠠᠭᠤᠯᠵᠠᠢ᠃ ᠵᠡᠬᠦᠨᠭᠠᠷ ᠬᠠᠭᠠᠨᠳᠤ ᠤᠯᠤᠰ ᠢ ᠴᠤᠭᠴᠠᠯᠠᠨ ᠪᠠᠶᠢᠭᠤᠯᠬᠤ ᠪᠠ ᠨᠤᠳᠤᠭ ᠲᠡᠪᠢᠰᠭᠡᠷ ᠤᠨ ᠦᠷᠭᠡᠳᠭᠡᠬᠦ | ᠲᠠᠶᠢᠨ ᠳᠤ ᠤᠶᠤᠨ ᠤᠬᠠᠭᠠᠨ᠂ ᠬᠦᠴᠦ ᠴᠢᠳᠠᠯ᠂ ᠠᠮᠢ ᠨᠠᠰᠤ ᠠᠯᠢᠪᠠ ᠪᠠᠨ ᠬᠠᠷᠠᠮ ᠦᠭᠡᠢ ᠡᠷᠭᠦᠭᠰᠡᠨ ᠠᠨᠤ ᠬᠠᠳᠤᠨ᠂ ᠵᠡᠬᠦᠨᠭᠠᠷ ᠬᠠᠭᠠᠨᠳᠤ ᠤᠯᠤᠰ ᠲᠠᠭᠠᠨ | ᠲᠦᠢᠯ ᠤᠨ ᠶᠡᠭᠡ ᠢᠳᠡᠭᠡᠯ ᠬᠦᠨᠳᠦ ᠲᠠᠢ ᠶᠤᠮᠰᠠᠨ᠃ ᠬᠠᠮᠤᠭ ᠮᠤᠩᠭᠤᠯ ᠤᠨ ᠲᠡᠤᠬᠡᠨ ᠳᠤ ᠴᠤ ᠮᠠᠰᠢ ᠨᠦᠯᠦᠭᠡ ᠶᠡᠭᠡᠳᠡᠢ ᠪᠠᠭᠠᠳᠤᠷ ᠪᠦᠰᠡᠭᠦᠢ ᠶᠤᠮᠰᠠᠨ᠃ | ᠠᠨᠤ ᠪᠤᠯ ᠬᠤᠱᠤᠳ ᠠᠶᠢᠮᠠᠭ ᠤᠨ ᠸᠴᠢᠷᠳᠤ ᠴᠡᠴᠡᠨ ᠬᠠᠨ ᠤ ᠬᠦᠪᠡᠬᠦᠨ ᠭᠠᠯᠳᠠᠮ᠎ᠠ ︵ᠭᠠᠯᠳᠠᠮᠪᠠ︶ ᠶᠢᠨ ᠶᠡᠭᠡ ᠦᠬᠢᠨ᠃ ᠰᠡᠴᠡᠨ ᠰᠡᠷᠭᠦᠯᠡᠩ ᠠᠨᠤ | ᠬᠠᠷᠬᠠᠨ ᠪᠠᠭ᠎ᠠ ᠠᠴᠠ ᠪᠠᠨ ᠬᠠᠷᠪᠤᠬᠤ ᠨᠠᠮᠨᠠᠬᠤ ᠶᠢ ᠰᠤᠷᠴᠣ᠂ ᠵᠠᠷ ᠵᠠᠪᠰᠡᠭ ᠤᠨ ᠡᠷᠳᠡᠮ ᠢ ᠴᠢᠳᠠᠮᠠᠭᠠᠢ ᠡᠵᠡᠮᠰᠢᠵᠡᠢ᠃ ᠭᠠᠯᠳᠠᠮ᠎ᠠ ᠳᠤ ᠪᠠᠰᠠ ᠨᠢᠭᠡᠨ ᠪᠠᠭ᠎ᠠ ᠦᠬᠢᠨ | ᠪᠤᠢ᠃ ᠨᠠᠷᠠ ᠨᠢ ᠠᠬᠠᠢ ᠭᠡᠳᠡᠭ᠃ ᠬᠤᠱᠤᠳ ᠠᠶᠢᠮᠠᠭ ᠪᠤᠯᠤᠨ ᠴᠤᠷᠤᠰ ᠠᠶᠢᠮᠠᠭ ᠡᠷᠳᠡᠨ ᠠᠴᠠ ᠤᠷᠤᠭ ᠤᠨ ᠬᠠᠷᠢᠴᠠᠭ᠎ᠠ ᠲᠠᠢ ᠪᠠᠶᠢᠭᠰᠠᠨ ᠶᠤᠮ᠃ ᠭᠠᠯᠳᠠᠮ᠎ᠠ | ᠠᠮᠢᠳᠤ ᠰᠠᠷᠠᠭᠦᠨ ᠪᠠᠶᠢᠬᠤ ᠳᠤ ᠶᠡᠭᠡ ᠦᠬᠢᠨ ᠠᠨᠤ ᠳ᠋ᠠᠷ᠎ᠠ ᠶᠢ ᠰᠡᠩᠬᠡ ᠬᠤᠩ ᠲᠠᠶᠢᠵᠢ ᠳᠤ ᠤᠷᠤᠭᠯᠠᠭᠤᠯᠤᠭᠠᠳ᠂ ᠬᠤᠶᠠᠳᠤᠭᠠᠷ ᠦᠬᠢᠨ ᠠᠬᠠᠢ ᠶᠢ ᠬᠤᠵᠢᠮ ᠤᠨ | ᠡᠳᠦᠷ ᠴᠡᠸᠠᠩᠷᠡᠪᠳᠡᠨ ᠳᠤ ᠬᠤᠯᠪᠤᠶ᠎ᠠ ᠭᠡᠵᠦ ᠬᠡᠯᠡᠯᠴᠡᠵᠦ ᠲᠤᠭᠳᠠᠵᠠᠢ᠃ | 1679 ᠤᠨ ᠳᠤ ᠬᠤᠱᠤᠳ ᠠᠶᠢᠮᠠᠭ ᠤᠨ ᠬᠢᠨ ᠤᠤᠯ ᠤᠨ ᠬᠡᠯᠡᠯᠴᠡᠭᠰᠡᠨ ᠢᠶᠠᠨ ᠵᠢᠷᠤᠮᠯᠠᠵᠤ᠂ ᠠᠬᠠᠢ ᠬᠡᠤᠬᠡᠨ ᠢ ᠴᠡᠸᠠᠩᠷᠡᠪᠳᠡᠨ ᠳᠤ ᠬᠦᠷᠭᠡᠵᠦ | ᠤᠴᠢᠬᠤ ᠪᠠᠷ ᠪᠤᠯᠵᠠᠢ᠃ ᠭᠡᠳᠡᠯ᠎ᠡ ᠪᠤᠱᠤᠭᠳᠤ ᠬᠠᠭᠠᠨ ᠨᠢ ᠠᠬᠠᠢ ᠬᠡᠤᠬᠡᠨ ᠢ ᠴᠡᠸᠠᠩᠷᠡᠪᠳᠡᠨ ᠲᠠᠢ ᠤᠷᠤᠭᠯᠠᠭᠤᠯᠤᠭᠰᠠᠨ ᠦᠭᠡᠢ᠂ ᠬᠠᠷᠢᠨ ᠦᠪᠡᠷ ᠢᠶᠠᠨ ᠬᠠᠳᠤᠨ | ᠪᠤᠯᠭᠠᠵᠤ ᠠᠪᠴᠠᠢ᠃ ᠡᠨᠡ ᠶᠠᠪᠤᠳᠠᠯ ᠨᠢ ᠴᠡᠸᠠᠩᠷᠡᠪᠳᠡᠨ ᠪᠡ ᠲᠡᠭᠦᠨ ᠤ ᠲᠡᠭᠦᠦ ᠰᠤᠨᠠᠮᠷᠠᠪᠳᠠᠨ ᠨᠡᠷ ᠤᠨ ᠲᠤᠷ᠎ᠠ ᠦᠭᠡᠶᠢᠴᠡᠯ ᠢ ᠬᠦᠷᠭᠡᠪᠡ᠃ ᠢᠯᠠᠩᠭᠤᠶ᠎ᠠ | ᠰᠤᠨᠠᠮᠷᠠᠪᠳᠠᠨ ᠲᠤᠰᠭᠠᠷᠯᠠᠨ ᠭᠠᠷᠴᠣ ᠡᠴᠢᠭᠡ ᠶᠢᠨ ᠢᠶᠠᠨ ᠰᠠᠭᠤᠷᠢᠨ ᠢ ᠰᠡᠷᠭᠦᠭᠡᠬᠦ ᠭᠡᠵᠦ ᠬᠢᠯᠢᠩᠨᠡᠨ ᠪᠠᠶᠢᠵᠠᠢ᠃ ᠠᠪᠠᠭ᠎ᠠ ᠬᠢᠬᠡᠳ ᠠᠴᠢ ᠬᠦᠪᠡᠬᠦᠳ ᠤᠨ | ᠬᠤᠭᠤᠷᠤᠨᠳᠤ ᠵᠦᠷᠢᠴᠡᠯ ᠡᠭᠦᠰᠬᠦ ᠠᠴᠠ ᠪᠤᠯᠭᠤᠮᠵᠢᠯᠠᠵᠤ᠂ ᠴᠡᠴᠡᠨ ᠮᠡᠷᠭᠡᠨ ᠠᠨᠤ ᠬᠠᠳᠤᠨ ᠲᠠᠷᠤᠢ ᠳᠤᠨᠢ ᠬᠦᠳᠡᠯᠦᠨ᠂ ᠦᠭᠡᠷ᠎ᠡ ᠨᠢᠭᠡᠨ ᠲᠠᠶᠢᠵᠢ ᠶᠢᠨ ᠬᠡᠤᠬᠡᠨ ᠢ | ᠴᠡᠸᠠᠩᠷᠡᠪᠳᠡᠨ ᠳᠤ ᠬᠡᠯᠡᠯᠴᠡᠨ ᠦᠭᠴᠦ᠂ ᠤᠷᠤᠭ ᠤᠨ ᠶᠠᠪᠤᠳᠠᠯ ᠢ ᠨᠢ ᠪᠦᠳᠦᠭᠡᠬᠦ ᠪᠠᠷ ᠲᠦᠪᠡᠳ ᠤᠨ ᠯᠾᠠᠰᠠ ᠳᠤ ᠨᠢᠭᠡᠨ ᠴᠢᠳᠠᠪᠤᠷᠢ ᠲᠠᠢ ᠡᠯᠴᠢ ᠶᠢ ᠢᠯᠡᠭᠡᠨ | ᠬᠦᠨᠳᠦ ᠪᠡᠯᠡᠭ ᠰᠠᠯᠳᠠ ᠬᠦᠷᠭᠡᠪᠡ᠃ ᠲᠡᠭᠡᠭᠡᠳ ᠫᠤᠩᠰᠤᠭ ᠲᠠᠯᠠᠢ ᠬᠠᠨ ᠤ ᠦᠬᠢᠨ ᠢ ᠴᠡᠸᠠᠩᠷᠡᠪᠳᠡᠨ ᠳᠤ ᠬᠡᠯᠡᠯᠴᠡᠵᠦ ᠲᠤᠬᠢᠷᠠᠭᠠᠳ᠂ ᠭᠡᠷᠡᠭ ᠶᠠᠪᠤᠳᠠᠯ ᠢ ᠨᠠᠮᠳᠠᠭᠠᠨ | ᠡᠶ᠎ᠡ ᠡᠪ ᠢ ᠵᠤᠬᠢᠴᠡᠭᠤᠯᠪᠠ᠃ 1686 ᠤᠨ ᠤ ᠪᠢᠯᠢᠭ ᠤᠨ ᠤᠯᠠᠷᠢᠯ ᠤᠨ 9 ᠰᠠᠷ᠎ᠠ ᠳᠤ ᠠᠨᠤ ᠬᠠᠳᠤᠨ ᠦᠪᠡᠷ ᠤᠨ ᠪᠠᠶ᠎ᠠ ᠪᠠᠷ ᠮᠢᠩᠭ᠎ᠠ ᠭᠠᠷᠤᠢ ᠴᠡᠷᠢᠭ | ᠲᠠᠭᠠᠭᠠᠤᠯᠤᠨ ᠪᠤᠯᠠᠩᠬᠢᠷ ᠤᠨ ᠭᠤᠤᠯ ᠢᠶᠠᠷ ᠲᠠᠭᠠᠷᠢᠵᠦ ᠬᠦᠬᠡᠨᠠᠭᠤᠷ ᠲᠦᠪᠡᠳ ᠠᠴᠠ ᠫᠤᠩᠰᠤᠭ ᠲᠠᠯᠠᠢ ᠬᠠᠨ ᠤ ᠦᠬᠢᠨ ᠢ ᠪᠠᠭᠤᠯᠭᠠᠨ ᠠᠪᠴᠢᠷᠠᠵᠤ᠂ | ᠴᠡᠸᠠᠩᠷᠡᠪᠳᠡᠨ ᠤ ᠤᠷᠤᠭ ᠤᠨ ᠶᠠᠪᠤᠳᠠᠯ ᠢ ᠠᠮᠵᠢᠯᠳᠠ ᠲᠠᠢ ᠪᠦᠳᠦᠭᠡᠭᠰᠡᠨ ᠶᠤᠮ᠃ | ᠡᠮᠡᠭᠳᠡᠢ ᠬᠦᠮᠦᠨ ᠤ ᠰᠤᠷᠭᠤᠭ ᠮᠡᠳᠡᠷᠡᠮᠵᠢ ᠪᠠᠷ ᠡᠯ᠎ᠡ ᠲᠠᠯ᠎ᠠ ᠶᠢ ᠬᠠᠷᠠᠭᠠᠯᠵᠠᠵᠤ ᠴᠢᠳᠠᠭᠠᠳ᠂ ᠡᠭᠡ ᠬᠦᠮᠦᠨ ᠤ ᠬᠠᠶᠢᠷ᠎ᠠ ᠬᠠᠯᠠᠮᠵᠢᠯᠠᠯ ᠢᠶᠠᠷ ᠴᠡᠸᠠᠩᠷᠡᠪᠳᠡᠨ ᠤ | ᠤᠷᠤᠭ ᠤᠨ ᠶᠠᠪᠤᠳᠠᠯ ᠢ ᠠᠮᠵᠢᠯᠳᠠ ᠲᠠᠢ ᠪᠠᠷ ᠪᠦᠳᠦᠭᠡᠭᠰᠡᠨ ᠠᠨᠤ ᠬᠠᠳᠤᠨ ᠤ ᠰᠠᠶᠢᠬᠠᠨ ᠰᠡᠳᠭᠢᠯ ᠴᠠᠶᠢᠯᠭᠠᠨ ᠵᠡᠩ ᠨᠠᠷᠠᠨ ᠰᠠᠷ᠎ᠠ ᠲᠠᠢ ᠵᠡᠷᠭᠡᠴᠡᠨ᠂ ᠰᠢᠯᠤᠭᠤᠨ | ᠬᠢᠳᠡᠯ ᠰᠢᠭᠤᠷᠬᠠᠢ ᠦᠢᠯᠡ ᠨᠢ ᠤᠳᠤᠨ ᠮᠡᠴᠢᠳ ᠲᠠᠢ ᠮᠦᠴᠡᠷᠭᠡᠨ᠂ ᠪᠦᠰᠡᠭᠦᠢ ᠬᠠᠶᠢᠷ᠎ᠠ ᠤᠶᠠᠩᠭᠠᠳᠤ ᠲᠤᠤᠯᠢ ᠬᠠᠶᠢᠯᠠᠨ ᠴᠠᠶᠢᠯᠠᠨ ᠴᠤᠤᠷᠢᠶᠠᠯᠠᠨ᠎ᠠ᠃ ᠬᠠᠶᠢᠷᠠᠯᠠᠯᠳᠠᠢ | ᠠᠨᠤ ᠬᠠᠳᠤᠨ ᠴᠡᠷᠢᠭ ᠲᠠᠶᠢᠨ ᠤ ᠡᠷᠳᠡᠮ ᠴᠢᠳᠠᠯ ᠢᠶᠠᠷ ᠴᠠᠭᠠᠷᠠᠭᠰᠠᠨ ᠪᠠᠭᠠᠳᠤᠷ ᠪᠦᠰᠡᠭᠦᠢ︕ ᠤᠶᠠᠬᠠᠨ ᠨᠠᠶᠢᠷᠠᠮᠳᠠᠭᠤ ᠠᠷᠭ᠎ᠠ ᠪᠤᠳᠤᠯᠭᠠᠳᠤ ᠲᠡᠭᠦᠰ | ᠦᠵᠡᠰᠬᠦᠯᠡᠩᠳᠤ ᠰᠠᠶᠢᠳ ᠡᠭᠡᠨᠡᠷ︕ ᠤᠷᠤᠭ ᠭᠡᠷ ᠪᠦᠯᠢ ᠶᠢᠨ ᠡᠶ᠎ᠡ ᠵᠤᠬᠢᠴᠡᠯ ᠢ ᠤᠶᠤᠨ ᠤᠬᠠᠭᠠᠨ ᠢᠶᠠᠷ ᠢᠶᠠᠨ ᠤᠶᠠᠰᠬᠠᠨ ᠡᠪᠯᠡᠭᠦᠯᠵᠦ ᠴᠢᠳᠠᠬᠤᠶᠢᠴᠢ ᠰᠤᠳᠤᠨ | ᠡᠭᠡ︕ ᠮᠤᠩᠭᠤᠯ ᠤᠨ ᠮᠢᠨᠢ ᠮᠤᠯᠤᠷ ᠡᠷᠳᠡᠨᠢ ᠮᠤᠩᠭᠤᠯᠵᠢᠨ ᠭᠤᠸ᠎ᠠ ᠰᠤᠤᠳᠤ ᠬᠠᠳᠤᠨ︕ | 1688 ᠤᠨ ᠳᠤ ᠲᠡᠭᠷᠢ ᠠᠭᠤᠯᠠ ᠶᠢᠨ ᠡᠮᠤᠨ᠎ᠡ ᠠᠴᠠ ᠢᠯᠢ ᠳᠤ ᠨᠡᠭᠦᠯᠭᠡᠨ ᠰᠠᠭᠤᠯᠭᠠᠭᠰᠠᠨ ᠬᠤᠶᠠᠷ ᠰᠦᠯᠳᠡ ᠤᠷᠪᠠᠯᠭᠠᠨ ᠭᠠᠷᠭᠠᠬᠤ ᠳᠤ᠂ ᠴᠡᠸᠠᠩᠷᠡᠪᠳᠡᠨ | ᠨᠢᠭᠡᠨ ᠰᠠᠯᠠᠭ᠎ᠠ ᠴᠡᠷᠢᠭ ᠲᠠᠶᠢᠴᠢᠯᠠᠨ ᠭᠠᠯᠳᠠᠨ ᠪᠤᠱᠤᠭᠳᠤ ᠶᠢ ᠬᠠᠪᠰᠤᠷᠤᠨ᠂ ᠤᠷᠪᠠᠯᠭᠠᠨ ᠢ ᠬᠦᠴᠦᠳᠡᠢ ᠴᠤᠬᠢᠨ ᠲᠠᠷᠤᠩᠭᠤᠶᠢᠯᠠᠭᠰᠠᠨ ᠳᠤ ᠪᠤᠱᠤᠭᠳᠤ ᠬᠠᠭᠠᠨ | ᠪᠠᠶᠠᠷᠯᠠᠨ ᠰᠠᠶᠢᠰᠢᠶᠠᠪᠠ᠃ ᠭᠠᠯᠳᠠᠨ ᠪᠤᠱᠤᠭᠳᠤ ᠬᠠᠭᠠᠨ ᠤᠷᠪᠠᠯᠭᠠᠨ ᠤ ᠲᠠᠷᠠᠭ᠎ᠠ ᠪᠦᠬᠦ᠋ᠢᠯᠠ ᠵᠡᠬᠦᠨᠭᠠᠷ ᠤᠷᠤᠨ ᠳᠤ ᠲᠠᠷᠤᠩᠭᠤᠶᠢᠯᠠᠬᠤ ᠴᠡᠷᠢᠭ ᠰᠠᠭᠤᠯᠭᠠᠭᠰᠠᠨ | ᠦᠭᠡᠢ ᠬᠦᠩᠭᠡᠪᠴᠢᠯᠡᠪᠡ᠃ ᠡᠨᠡᠬᠦ ᠵᠠᠪᠰᠢᠶᠠᠨ ᠢ ᠲᠠᠯᠢᠮᠳᠠᠭᠤᠯᠤᠨ ᠴᠡᠸᠠᠩᠷᠡᠪᠳᠡᠨ ᠤᠷᠪᠠᠵᠤ ᠭᠠᠷᠬᠤ ᠪᠠᠷ 1689 ᠤᠨ ᠤ ᠬᠠᠪᠤᠷ ᠡᠴᠢᠭᠡ ᠶᠢᠨ ᠬᠠᠭᠤᠴᠢᠨ | ᠲᠦᠰᠢᠮᠡᠯ ᠲᠤᠯᠤᠭᠠᠨ ᠬᠦᠮᠦᠨ ᠵᠢᠴᠢ ᠲᠡᠭᠦᠦ ᠰᠤᠨᠠᠮᠷᠠᠪᠳᠠᠨ ᠲᠠᠢ ᠲᠠᠯᠳᠠᠭᠤᠷ ᠵᠦᠪᠯᠠᠪᠠ᠃ ᠵᠦᠪᠯᠡᠯᠭᠡ ᠶᠢ ᠲᠠᠨᠵᠢᠨ ᠤᠮᠪᠤ ︵ ᠴᠡᠸᠠᠩᠷᠡᠪᠳᠡᠨ ᠤ ᠬᠤᠶᠠᠳᠤᠭᠠᠷ ᠲᠡᠭᠦᠦ | ︶ ᠪᠤᠱᠤᠭᠳᠤ ᠬᠠᠭᠠᠨ ᠳᠤ ᠵᠠᠭᠠᠯᠳᠤᠵᠠᠢ᠃ ᠭᠠᠯᠳᠠᠨ ᠪᠤᠱᠤᠭᠳᠤ ᠬᠠᠭᠠᠨ ᠶᠠᠭᠤᠨ ᠤ ᠤᠷᠢᠳ ᠰᠤᠨᠠᠮᠷᠠᠪᠳᠠᠨ ᠢ ᠲᠠᠭᠤᠳᠠᠨ ᠰᠢᠬᠦᠵᠦ ᠰᠢᠳᠭᠡᠨ ᠠᠯᠠᠵᠠᠢ᠃ | ᠴᠡᠸᠠᠩᠷᠡᠪᠳᠡᠨ ᠬᠠᠭᠤᠴᠢᠨ ᠲᠦᠰᠢᠮᠡᠯ ᠨᠡᠷ ᠤᠨ ᠬᠠᠪᠰᠤᠷᠤᠯᠭ᠎ᠠ ᠲᠤᠤᠷ᠎ᠠ ᠬᠠᠷᠢᠶᠠᠳᠤ ᠲᠡᠪᠤᠨ ᠮᠢᠩᠭᠠᠨ ᠬᠦᠮᠦᠨ ᠢ ᠴᠤᠭᠯᠠᠭᠤᠯᠤᠨ ᠲᠤᠳᠠᠭᠠᠨ ᠭᠠᠷᠴᠤ ᠪᠤᠷᠤ | ᠲᠠᠯ᠎ᠠ ᠳᠤ ᠤᠴᠢᠵᠦ ᠰᠠᠭᠤᠵᠠᠢ᠃ ᠲᠤᠰ ᠵᠢᠯ ᠤᠨ ᠨᠠᠮᠤᠷ ᠨᠢ ᠪᠤᠱᠤᠭᠳᠤ ᠬᠠᠭᠠᠨ ᠰᠡᠯᠡᠩᠭᠡ ᠵᠦᠭ ᠢᠷᠡᠭᠰᠡᠨ ᠢ ᠴᠡᠸᠠᠩᠷᠡᠪᠳᠡᠨ ᠲᠤᠷᠰᠢᠨ ᠮᠡᠳᠡᠭᠡᠳ᠂ ᠬᠠᠷ᠎ᠠ | ᠡᠷᠴᠢᠰ ᠢᠶᠠᠨ ᠠᠯᠳᠠᠢ ᠶᠢ ᠲᠠᠪᠠᠭᠠᠳ ᠬᠤᠪᠳᠤ ᠵᠦᠭ ᠴᠦᠮᠦᠷᠦᠨ ᠤᠷᠤᠵᠤ᠂ ᠬᠤᠪᠳᠤ ᠶᠢᠨ ᠰᠠᠭᠤᠷᠢᠨ ᠭᠠᠵᠠᠷ ᠢ ᠰᠡᠬᠢᠵᠦ ᠦᠯᠡᠳᠡᠭᠰᠡᠨ ᠠᠨᠤ ᠬᠠᠳᠤᠨ ᠪᠤᠯᠤᠨ | ᠲᠠᠨᠵᠢᠨ ᠤᠮᠪᠤ ᠵᠢᠴᠢ ᠴᠡᠷᠢᠭ ᠠᠷᠠᠳ ᠤᠨ ᠡᠳ᠋ ᠬᠦᠷᠦᠩᠭᠡ ᠪᠦᠬᠦᠨ ᠢ ᠤᠯᠵᠠᠯᠠᠭᠠᠳ᠂ ᠠᠯᠳᠠᠢ ᠶᠢ ᠲᠠᠪᠠᠵᠤ ᠪᠠᠷᠠᠭᠤᠨᠰᠢ ᠶᠠᠪᠤᠵᠠᠢ᠃ | ᠭᠠᠯᠳᠠᠨ ᠪᠤᠱᠤᠭᠳᠤ ᠬᠠᠭᠠᠨ ᠬᠤᠪᠳᠤ ᠳᠤ ᠪᠤᠴᠠᠬᠤ ᠳᠤ᠂ ᠬᠤᠪᠳᠤ ᠨᠢᠭᠡᠨᠳᠡ ᠶᠠᠭᠤ ᠴᠣ᠋ ᠦᠭᠡᠢ ᠬᠤᠭᠤᠰᠤᠷᠪᠠ ᠃ ᠲᠦᠪᠡᠳ ᠬᠦᠬᠡᠨᠠᠭᠤᠷ ᠪᠡ ᠠᠯᠠᠱᠠ ᠶᠢᠨ | ᠲᠠᠰᠤᠷᠠᠯ ᠦᠭᠡᠢ ᠲᠡᠮᠵᠢᠯᠭᠡ ᠪᠠᠷ ᠬᠤᠪᠳᠤ ᠤᠷᠤᠨ ᠤ ᠴᠡᠷᠢᠭ ᠠᠷᠠᠳ ᠤᠨ ᠠᠮᠢᠳᠤᠷᠠᠯ ᠮᠠᠰᠢ ᠲᠦᠷᠭᠡᠨ ᠲᠡᠭᠡᠭᠰᠢᠯᠡᠭᠰᠡᠨ ᠢᠶᠠᠷ ᠦᠯᠦ ᠪᠠᠷᠠᠨ᠂ ᠡᠨᠡᠬᠦ ᠬᠤᠭᠤᠷᠤᠨᠳᠤ | ᠭᠠᠯᠳᠠᠨ ᠪᠤᠱᠤᠭᠳᠤ ᠬᠠᠭᠠᠨ ᠤ ᠨᠤᠮ ᠤᠨ ᠨᠦᠬᠦᠷ ᠳ᠋ᠢᠪᠠ ᠰᠠᠩᠵᠠᠢ ︽ᠲᠠᠯᠠᠢ ᠯᠠᠮᠠ︾ ᠶᠢᠨ ᠨᠠᠷᠠ ᠪᠠᠷ ᠴᠡᠸᠠᠩᠷᠡᠪᠳᠡᠨ ᠳᠤ ᠤᠯᠠᠨᠳᠠ ᠡᠯᠴᠢ ᠶᠠᠪᠤᠭᠤᠯᠤᠨ ᠠᠪᠠᠭ᠎ᠠ | ᠬᠦᠪᠠᠬᠦᠨ ᠬᠤᠶᠠᠭᠤᠯᠠ ᠶᠢ ᠡᠶᠡᠳᠡᠬᠦᠯᠬᠦ ᠠᠵᠢᠯ ᠬᠢᠵᠡᠢ᠃ ᠡᠶᠢᠨᠬᠦ ᠪᠠᠶᠢᠳᠠᠯ ᠲᠤᠤᠷ᠎ᠠ ᠪᠤᠱᠤᠭᠳᠤ ᠬᠠᠭᠠᠨ ᠪᠤᠷᠤ ᠲᠠᠯ᠎ᠠ ᠵᠦᠭ ᠬᠦᠮᠦᠨ ᠢᠯᠡᠭᠡᠵᠦ᠂ ᠠᠨᠤ ᠬᠠᠳᠤᠨ | ᠪᠤᠯᠤᠨ ᠲᠠᠨᠵᠢᠨ ᠤᠮᠪᠤ ᠲᠠᠢ ᠲᠠᠯᠳᠠᠭᠤᠷ ᠵᠦᠪᠯᠠᠵᠦ᠂ ᠲᠠᠳᠠᠨ ᠢ ᠤᠭᠳᠤᠨ ᠲᠤᠰᠬᠤ ᠴᠠᠭ ᠪᠠ ᠭᠠᠵᠠᠷ ᠢᠶᠠᠨ ᠬᠡᠯᠡᠯᠡᠴᠡᠨ ᠲᠤᠭᠳᠠᠵᠤ᠂ ᠲᠠᠶᠢᠵᠢ ᠦᠷᠵᠢᠵᠠᠪ ᠢ | ᠢᠯᠡᠭᠡᠵᠦ᠂ ᠠᠨᠤ ᠬᠠᠳᠤᠨ ᠪᠤᠯᠤᠨ ᠲᠠᠨᠵᠢᠨ ᠤᠮᠪᠤ ᠶᠢ ᠲᠤᠰᠴᠤ ᠠᠪᠴᠢᠷᠠᠵᠠᠢ᠃ | ᠠᠷᠭᠠᠴᠠᠬᠤ ᠡᠶᠡᠳᠡᠯ ᠢᠶᠠᠷ ᠲᠠᠮᠵᠢᠨ ᠠᠶᠢᠮᠠᠭ ᠤᠭᠰᠠᠭᠠᠨ ᠤ ᠲᠤᠮᠳᠠ ᠠᠯᠠᠯᠳᠤᠭᠠᠨ ᠭᠠᠷᠴᠣ ᠴᠢᠰᠤ ᠤᠷᠤᠰᠤᠭᠰᠠᠨ ᠦᠭᠡᠢ᠂ ᠠᠮᠤᠷ ᠲᠦᠪᠰᠢᠨ ᠢᠶᠠᠷ ᠠᠨᠤ | ᠬᠠᠳᠤᠨ ᠪᠠ ᠲᠠᠨᠵᠢᠨ ᠤᠮᠪᠤ ᠨᠡᠷ ᠴᠡᠸᠠᠩᠷᠡᠪᠳᠡᠨ ᠠᠴᠠ ᠰᠠᠯᠵᠤ ᠴᠢᠳᠠᠵᠠᠢ᠃ | 1695 ᠤᠨ ᠤ ᠪᠢᠯᠢᠭ ᠤᠨ ᠤᠯᠠᠷᠢᠯ ᠤᠨ ᠬᠤᠶᠠᠷ ᠰᠠᠷ᠎ᠠ ᠳᠤ ᠲᠦᠪᠡᠳ ᠠᠴᠠ ᠲᠠᠷᠬᠠᠨ ᠤᠮᠪᠤ ᠭᠡᠭᠴᠢ ᠯᠠᠮᠠ ᠢᠷᠡᠭᠡᠳ ︽ᠲᠠᠯᠠᠢ ᠯᠠᠮᠠ︾ ᠶᠢᠨ ᠴᠢᠬᠤᠯᠠ | ᠵᠢᠭᠠᠪᠤᠷᠢ ᠶᠢ ᠤᠯᠠᠮᠵᠢᠯᠠᠵᠠᠢ᠃ ᠲᠡᠷᠡ ᠵᠢᠭᠠᠪᠤᠷᠢ ᠳᠤ ᠲᠦᠰᠢᠶᠠᠳᠤ ᠬᠠᠨ ᠪᠠ ᠵᠢᠪᠽᠳᠳᠠᠮᠪᠠ ᠬᠤᠳᠤᠭᠳᠤ ᠶᠢ ᠮᠠᠨᠵᠤ ᠠᠴᠠ ᠪᠤᠴᠠᠭᠠᠨ ᠠᠪᠬᠤ ᠶᠠᠪᠤᠳᠠᠯ ᠢ | ᠴᠢᠩᠭᠠᠯᠠᠵᠤ ︽ᠡᠮᠤᠨᠡᠰᠢ ᠲᠡᠶᠢᠯᠡᠪᠡᠰᠤ ᠢᠷᠸ᠎ᠠ ᠪᠡᠯᠭᠡ ᠰᠠᠶᠢᠨ ᠪᠤᠯᠠᠢ︾ ᠭᠡᠪᠡ᠃ ᠡᠨᠡᠬᠦ ᠵᠢᠭᠠᠪᠤᠷᠢ ᠨᠢ ᠲᠤᠭᠳᠠᠭᠤᠨ ᠪᠠᠶᠢᠭᠰᠠᠨ ᠲᠤᠭᠤᠷᠢᠮ ᠤᠨ ᠤᠰᠤᠨ ᠳᠤ | ᠴᠢᠯᠠᠭᠤ ᠬᠠᠶᠠᠭᠰᠠᠨ ᠠᠳᠠᠯᠢ ᠲᠦᠰᠢᠮᠡᠯ ᠵᠠᠶᠢᠰᠠᠩ ᠵᠢᠴᠢ ᠠᠷᠠᠳ ᠢᠷᠡᠭᠡᠳ ᠤᠨ ᠲᠤᠮᠳᠠ ᠨᠢᠭᠡᠨ ᠵᠡᠷᠭᠡ ᠶᠠᠷᠢᠶ᠎ᠠ ᠭᠡᠯᠡᠯᠴᠡᠭᠡ ᠪᠣᠯᠪᠠ᠃ ᠭᠠᠯᠳᠠᠨ ᠪᠤᠱᠤᠭᠳᠤ ᠬᠠᠭᠠᠨ | ᠴᠤ ︽ᠡᠮᠤᠨᠡᠰᠢ ᠲᠡᠶᠢᠯᠠᠬᠤ︾ ᠲᠤᠷ᠎ᠠ ᠦᠭᠡᠢ ᠪᠠᠶᠢᠭᠰᠠᠨ ᠶᠤᠮ᠃ ᠭᠡᠳᠡᠯ᠎ᠡ ᠪᠤᠭᠳᠠ ᠶᠢᠨ ᠵᠢᠭᠠᠪᠤᠷᠢ ᠠᠴᠠ ᠵᠦᠷᠢᠴᠡᠪᠡᠯ ᠶᠠᠮᠠᠷ ᠮᠠᠭᠤ ᠢᠷᠸ᠎ᠠ ᠲᠤᠯᠭᠠᠷᠠᠵᠤ | ᠮᠡᠳᠡᠬᠦ ᠠᠴᠠ ᠠᠶᠤᠬᠤ ᠲᠤᠯᠠ ᠡᠴᠤᠰ ᠲᠡᠭᠡᠨ ᠠᠷᠭ᠎ᠠ ᠪᠤᠰᠤ ᠵᠢᠭᠠᠪᠤᠷᠢ ᠶᠢ ᠵᠢᠷᠤᠮᠯᠠᠨ ᠴᠡᠷᠢᠭ ᠮᠤᠷᠳᠠᠬᠤ ᠪᠠᠷ ᠪᠡᠯᠡᠳᠭᠡᠪᠡ᠃ ᠭᠠᠯᠳᠠᠨ ᠪᠤᠯ ᠪᠤᠱᠤᠭᠳᠤ ᠬᠠᠭᠠᠨ᠂ | ᠲᠡᠶᠢᠮᠦ ᠠᠴᠠ ᠱᠠᠰᠢᠨ ᠤ ᠬᠢ ᠶᠢ ᠰᠤᠨᠤᠰᠬᠤ ᠲᠤᠷᠠᠳᠠᠢ ᠮᠦᠷᠳᠡᠭᠡᠨ ᠰᠤᠨᠤᠰᠬᠤ ᠶᠤᠰᠤᠳᠠᠢ ᠪᠠᠶᠢᠭᠰᠠᠨ᠃ ︽ᠢᠩᠬᠢᠵᠦ ᠬᠠᠰᠢ ᠶᠠᠰᠢ ᠪᠠᠷ ᠴᠡᠷᠢᠭ ᠮᠤᠷᠳᠠᠬᠤ ᠨᠢ ᠮᠢᠨᠦ | ᠰᠠᠨᠠᠭ᠎ᠠ ᠪᠢᠰᠢ︾ ᠭᠡᠵᠦ ᠪᠤᠱᠤᠭᠳᠤ ᠬᠠᠨ ᠰᠡᠭᠦᠷᠡᠰᠦ ᠠᠯᠳᠠᠨ ᠦᠬᠦᠯᠡᠵᠦ ᠪᠠᠶᠢᠭᠰᠠᠨ ᠰᠠᠨ᠃ | ᠭᠠᠯᠳᠠᠨ ᠪᠤᠱᠤᠭᠳᠤ ᠬᠠᠭᠠᠨ ᠤ ᠬᠦᠴᠦᠨ ᠶᠠᠪᠤᠬᠤ ᠲᠤᠳᠤᠮ ᠪᠤᠵᠠᠭᠠᠶᠢᠷᠠᠬᠤ ᠳᠤ ᠰᠠᠨᠠᠭ᠎ᠠ ᠪᠤᠯᠵᠤ ᠪᠠᠶᠢᠭᠰᠠᠨ ᠮᠠᠨᠵᠤ ᠬᠠᠭᠠᠨ ᠡᠩᠬᠡ ᠠᠮᠤᠭᠤᠯᠠᠩ ᠲᠠᠷᠤᠢ | ᠲᠦᠷᠭᠡᠨ ᠰᠦᠨᠦᠬᠡᠭᠦ ᠪᠠᠷ ᠶᠠᠭᠠᠷᠠᠵᠤ ᠪᠠᠶᠢᠵᠠᠢ᠃ ᠡᠩᠭᠡ ᠠᠮᠤᠭᠤᠯᠠᠩ ᠬᠠᠭᠠᠨ ᠪᠡᠭᠡᠵᠢᠩ ᠠᠴᠠ ᠶᠡᠭᠡ ᠴᠡᠷᠢᠭ ᠢᠶᠠᠨ ᠬᠡᠳᠦ᠋ᠢᠨ ᠤ ᠬᠦᠳᠡᠯᠭᠡᠬᠦ ᠶᠢᠨ ᠲᠠᠭᠠᠤ ᠭ᠋ᠤᠭᠤᠴᠠᠬ | ᠬᠤᠵᠢᠬᠤ᠂ ᠭ᠋ᠠᠭᠤᠷᠡᠨ ᠮᠠᠭᠡᠯᠠᠬᠦ ᠵᠣᠷᠢᠯᠬ ᠪᠠᠷ 1696 ᠤᠨ ᠤ 5 ᠰᠠᠷ᠎ᠠ ᠶᠢᠨ ᠡᠬᠢᠨ ᠢᠶᠠᠷ ᠪᠤᠱᠤᠭᠳᠤ ᠬᠠᠭᠠᠨ ᠭᠠᠯᠳᠠᠨ ᠳᠤ 200 ᠯᠠᠩ ᠮᠥᠩᠭᠦ᠂ ᠬᠡᠯᠬᠢᠶ᠎ᠠ ᠲᠠᠢ | ᠵᠣᠭᠤᠰ᠂ ᠠᠯᠳᠡᠨ ᠬᠤᠶᠠᠭ᠂ ᠮᠠᠩᠨᠤᠭ ᠳᠠᠪᠠᠯ᠂ ᠪᠤᠯᠡᠭᠠᠨ ᠮᠡᠯᠡᠭᠠᠢ ᠵᠠᠷᠭᠡ ᠭ᠋ᠤᠪᠤᠷ ᠨᠡᠨᠳᠢᠨ ᠪᠠᠯᠡᠭ ᠬᠦᠷᠭᠡᠬᠦᠯᠦᠭᠰᠠᠨ ᠮᠦᠷᠳᠡᠭᠡᠨ ᠬᠤᠳᠠ ᠣᠷᠤᠬ ᠤᠨ ᠪᠠᠷᠢᠯᠳᠤᠯᠭ᠎ᠠ | ᠲᠣᠬᠲᠡᠭᠠᠬᠤ᠂ ︽ᠦᠩᠭᠡᠨ ᠳᠤ ᠤᠨᠠᠭᠠᠬᠤ︾ ᠠᠷᠭ᠎ᠠ ᠪᠠᠷ ᠴᠢᠩ ᠤᠨ ᠭ᠋ᠠᠭᠠᠨ ᠤ ᠬᠦᠩᠵᠤ ᠳ᠋ᠦᠸᠧ ᠴᠡᠨ ᠢ ᠬᠦᠷᠭᠡᠵᠡᠢ᠃ ᠭᠠᠯᠳᠠᠨ ᠪᠤᠱᠤᠭᠳᠤ ᠬᠠᠭᠠᠨ ᠵᠡᠬᠢᠲᠡᠯ᠂ ᠪᠠᠯᠡᠭ | ᠰᠠᠯᠳᠠ᠂ ᠭ᠋ᠠᠭᠠᠨ ᠤ ᠭᠦᠡᠭᠵᠤ ᠶᠢ ᠲᠤᠰᠴᠤ ᠠᠪᠤᠭᠠᠳ ᠡᠯᠴᠢ ᠲᠦᠯᠦᠬᠡᠯᠡᠭᠴᠢ ᠶᠢ ᠨᠢ ᠪᠤᠴᠠᠭᠠᠵᠡᠢ᠃ ᠡᠳᠡᠭᠡᠷ ᠦᠢᠯᠡ ᠶᠠᠪᠤᠳᠠᠯ ᠪᠤᠯ ︽ᠬᠦᠯ ᠲᠤᠱᠠᠬᠤ ᠠᠷᠭ᠎ᠠ︾ | ᠭᠡᠷᠡᠭᠯᠡᠵᠦ ᠪᠤᠢ ᠭᠡᠵᠦ ᠭᠠᠯᠳᠠᠨ ᠪᠤᠱᠤᠭᠳᠤ ᠬᠠᠭᠠᠨ ᠰᠠᠶᠢᠨ ᠮᠡᠳᠡᠵᠦ ᠪᠠᠶᠢᠭᠰᠠᠨ ᠪᠤᠯᠬᠤᠷ ᠭᠡᠷᠦᠯᠦᠨ ᠢ ᠦᠭᠰᠦᠵᠦ᠂ ᠭᠡᠷᠢᠶ᠎ᠡ ᠬᠤᠰᠢᠭᠤ ᠵᠦᠭ ᠲᠦᠷᠭᠡᠯᠡᠨ ᠵᠠᠶᠢᠯᠠᠵᠠᠢ᠃ | | ᠦᠨᠡᠬᠡᠷ ᠭᠠᠯᠳᠠᠨ ᠤ ᠰᠠᠨᠠᠭ᠎ᠠ ᠪᠢᠰᠢ᠂ ᠭᠠᠳᠠᠭᠠᠳᠤ ᠲᠤᠳᠤᠭᠠᠳᠤ ᠶᠢᠨ ᠲᠠᠷᠤᠯᠳᠠ ᠬᠠᠪᠴᠢᠯᠳᠠ ᠲᠤᠤᠷ᠎ᠠ ᠵᠠᠭᠤᠨ ᠮᠣᠳᠣ ᠶᠢᠨ ᠲᠤᠯᠤᠯᠳᠤᠭᠠᠨ ᠵᠠᠶᠢᠯᠠᠰᠢ ᠦᠭᠡᠢ | ᠡᠭᠦᠰᠦᠭᠰᠡᠨ ᠪᠢᠯᠠ᠃ ᠵᠠᠭᠤᠨ ᠮᠣᠳᠣ ᠶᠢᠨ ᠲᠠᠶᠢᠨ ᠪᠤᠯ ᠲᠡᠤᠭᠡᠨ ᠴᠠᠭ ᠦᠶ᠎ᠡ ᠳᠠᠬᠢ ᠡᠷᠬᠢᠯᠳᠡ ᠶᠢᠨ ᠴᠢᠨᠡᠷ ᠲᠠᠢ ᠲᠠᠶᠢᠨ ᠶᠤᠮ᠃ | ᠴᠢᠩ ᠤᠨ ᠬᠠᠭᠠᠨ ᠡᠩᠬᠡ ᠠᠮᠤᠭᠤᠯᠠᠩ ᠡᠨᠡ ᠤᠳᠠᠭᠠᠨ ᠤ ᠲᠠᠶᠢᠨ ᠳᠤ ᠦᠪᠡᠷ ᠤᠨ ᠪᠡᠶ᠎ᠡ ᠪᠠᠷ ᠴᠡᠷᠢᠭ ᠰᠢᠯᠭᠠᠨ ᠲᠠᠶᠢᠴᠢᠯᠠᠵᠤ᠂ ᠨᠡᠷᠢᠨ ᠲᠡᠭᠦᠰ ᠪᠡᠯᠡᠳᠭᠡᠯ | ᠬᠢᠭᠰᠡᠨ ᠶᠤᠮ᠃ ᠭᠠᠯᠳᠤ ᠵᠡᠪᠰᠡᠭ ᠶᠢ ᠮᠠᠰᠢ ᠴᠢᠬᠤᠯᠠᠴᠢᠯᠠᠨ᠂ ᠠᠪᠴᠣ ᠶᠠᠪᠤᠬᠤ ᠳᠤ ᠬᠢᠯᠪᠡᠷ᠂ ᠬᠦᠩᠬᠡᠨ ᠮᠠᠶ᠋ᠢᠭ ᠤᠨ ᠦᠭᠡᠷ ᠫᠤᠤ ᠶᠢ ᠰᠢᠨ᠎ᠡ ᠴᠢᠳᠬᠤᠭᠤᠯᠤᠭᠰᠠᠨ | ᠮᠦᠷᠳᠡᠭᠡᠨ ᠴᠡᠷᠢᠭ ᠤᠳ ᠲᠤ ᠰᠤᠮᠤ ᠨᠡᠪᠳᠡᠷᠡᠬᠦ ᠦᠭᠡᠢ ᠮᠢᠨᠳᠠᠰᠤ ᠲᠠᠯᠪᠢᠭᠰᠠᠨ ᠬᠤᠶᠠᠭ ᠡᠮᠤᠰᠭᠡᠵᠦ᠂ ᠬᠢᠳᠡᠳ᠂ ᠮᠠᠨᠵᠦ᠂ ᠦᠪᠦᠷᠯᠡᠭᠴᠢ᠂ ᠬᠠᠯᠬ᠎ᠠ ᠵᠡᠷᠭᠡ ᠴᠡᠷᠢᠭ ᠢᠶᠠᠷ | ᠪᠦᠷᠢᠯᠳᠦᠭᠰᠡᠨ ᠲᠦᠴᠢᠨ ᠲᠦᠮᠡᠨ ᠴᠡᠷᠢᠭ ᠲᠠᠢ ᠭᠡᠵᠦ ᠠᠯᠳᠠᠷᠰᠢᠭᠤᠯᠤᠨ ᠬᠦᠳᠡᠯᠵᠠᠢ᠃ | ᠭᠠᠯᠳᠠᠨ ᠪᠤᠱᠤᠭᠳᠤ ᠬᠠᠭᠠᠨ ᠦᠪᠡᠷ ᠤᠨ ᠴᠡᠷᠢᠭ ᠢ ᠠᠷᠪᠠᠨ ᠲᠦᠮᠡᠨ᠂ ᠬᠤᠳᠤᠩ ᠴᠡᠷᠢᠭ ᠠᠷᠪᠠᠨ ᠲᠦᠮᠡ ᠶᠢ ᠤᠷᠤᠰ ᠤᠨ ᠲᠤᠰᠠᠯᠠᠬᠤ ᠴᠡᠷᠢᠭ ᠭᠡᠵᠦ | ᠠᠯᠳᠠᠷᠰᠢᠭᠤᠯᠤᠨ᠂ ᠴᠡᠷᠢᠭ ᠤᠳ ᠨᠢ ᠮᠢᠨᠳᠠᠰᠤᠨ ᠲᠡᠪᠡᠯ ᠤᠨ ᠭᠠᠳᠠᠭᠤᠷ ᠨᠢᠮᠭᠡᠨ ᠲᠡᠮᠦᠷ ᠴᠠᠭᠠᠷᠢᠭ ᠭᠡᠯᠬᠢᠵᠦ ᠬᠠᠳᠠᠭᠰᠠᠨ ᠬᠤᠶᠠᠭ ᠡᠮᠤᠰᠴᠤ᠂ ᠵᠠᠷᠢᠮ ᠨᠢ | ᠬᠤᠶᠠᠭ ᠤᠨ ᠢᠶᠠᠨ ᠭᠠᠳᠠᠭᠤᠷ ᠬᠢᠨᠵᠢᠨ ᠬᠦᠷᠮ᠎ᠡ ᠲᠡᠪᠬᠤᠷᠯᠠᠨ ᠡᠮᠤᠰᠤᠭᠰᠠᠨ ᠪᠠᠶᠢᠯ᠎ᠠ᠃ ᠬᠤᠷᠴᠠ ᠢᠷ ᠲᠠᠢ ᠰᠠᠷᠠᠨ ᠵᠠᠪᠠ᠂ ᠬᠢᠳᠤᠭᠠᠨ ᠵᠡᠪᠡ᠂ ᠰᠢᠪᠤᠭᠡᠨ ᠵᠡᠪᠡ | ᠪᠦᠬᠦᠢ ᠨᠤᠮᠤ ᠰᠤᠮᠤ ᠲᠠᠢ ᠪᠦᠭᠡᠳ ᠪᠠᠰᠠ ᠭᠠᠯᠳᠤ ᠫᠤᠤ ᠲᠠᠢ ᠪᠠᠶᠢᠵᠠᠢ᠃ ᠭᠠᠯᠳᠠᠨ ᠪᠤᠱᠤᠭᠳᠤ ᠬᠠᠭᠠᠨ ᠪᠦᠭᠦ ᠴᠡᠷᠢᠭ ᠢᠶᠠᠨ ᠭᠡᠳᠦᠨ ᠠᠩᠬᠢ ᠬᠤᠪᠢᠶᠠᠵᠤ᠂ ᠠᠴᠢᠶ᠎ᠡ | ᠬᠦᠰᠭᠡ᠂ ᠬᠡᠤᠬᠡᠳ ᠪᠦᠰᠡᠭᠦ᠋ᠢᠴᠣᠳ᠂ ᠮᠠᠯ ᠤᠨᠤᠭ᠎ᠠ ᠪᠠᠨ ᠠᠷᠤ ᠲᠠᠯ᠎ᠠ ᠳᠠᠭᠠᠨ ᠲᠤᠬᠢᠷᠠᠭᠤᠯᠵᠠᠢ᠃ ᠦᠨᠡᠨ ᠳᠡᠭᠡᠨ ᠪᠤᠱᠤᠭᠳᠤ ᠬᠠᠭᠠᠨ ᠭᠡᠷᠦᠯᠦᠨ ᠠᠴᠠ ᠲᠤᠤᠯᠠ | ᠭᠤᠤᠯ ᠵᠦᠭ ᠢᠷᠡᠬᠦ ᠵᠠᠮ ᠳᠤ ᠴᠡᠷᠢᠭ ᠤᠨ ᠲᠤᠳᠤᠷ᠎ᠠ ᠡᠪᠡᠳᠴᠢᠨ ᠲᠠᠬᠤᠯ ᠲᠡᠯᠭᠡᠷᠡᠭᠰᠡᠨ ᠠᠴᠠ ᠦᠯᠡᠳᠡᠵᠦ ᠬᠤᠴᠤᠷᠠᠭᠰᠠᠨ ᠪᠠ ᠤᠷᠭᠤᠵᠤ ᠪᠤᠰᠠᠨᠢᠭᠰᠠᠨ ᠬᠦᠮᠦᠰ | ᠨᠡᠯᠢᠶᠡᠳ ᠭᠠᠷᠴᠠᠢ᠂ ᠡᠶᠢᠮᠦ ᠠᠴᠠ ᠲᠠᠶᠢᠨ ᠳᠤ ᠤᠷᠤᠯᠴᠠᠵᠤ ᠴᠢᠳᠠᠬᠤ ᠬᠦᠮᠦᠨ ᠲᠦᠮᠡ ᠬᠦᠷᠬᠦ ᠦᠭᠡᠢ ᠪᠠᠶᠢᠵᠠᠢ᠃ ᠬᠡᠳᠦᠶᠢᠪᠡᠷ ᠵᠡᠬᠦᠨᠭᠠᠷ ᠤᠨ ᠦᠢᠷᠡᠳ ᠴᠡᠷᠢᠭ | ᠪᠤᠯ ᠤᠤᠯ ᠠᠴᠠ ᠪᠠᠨ ᠪᠤᠯᠪᠠᠰᠤᠷᠠᠯ ᠰᠠᠶᠢᠳᠠᠢ᠂ ᠲᠠᠶᠢᠨ ᠤ ᠲᠤᠷᠰᠢᠯᠭ᠎ᠠ ᠲᠠᠢ᠂ ᠪᠠᠭᠠᠳᠤᠷᠯᠢᠭ ᠵᠤᠷᠢᠭ ᠰᠦᠰᠦ ᠲᠠᠢ ᠰᠢᠨᠳᠠᠰᠤᠯᠢᠭ ᠢᠶᠠᠷ ᠠᠯᠳᠠᠷ ᠲᠠᠢ ᠪᠣᠯᠪᠠᠴᠤ | ᠲᠤᠬᠠᠢ ᠶᠢᠨ ᠦᠶ᠎ᠡ ᠳᠤ ᠬᠦᠮᠦᠨ ᠤ ᠲᠤᠭ᠎ᠠ ᠪᠠ ᠬᠦᠴᠦᠨ ᠤ ᠬᠠᠷᠢᠴᠡᠯ ᠢᠶᠠᠷ ᠮᠠᠨᠵᠦ ᠴᠡᠷᠢᠭ ᠲᠠᠢ ᠠᠳᠠᠯᠢᠳᠬᠠᠬᠤ ᠠᠷᠭ᠎ᠠ ᠦᠭᠡᠢ ᠪᠠᠶᠢᠯ᠎ᠠ᠃ | ᠵᠠᠭᠤᠨ ᠮᠤᠳᠤ ᠪᠤᠯ ᠦᠨᠦ ᠶᠢᠨ ᠤᠯᠠᠭᠠᠨᠪᠠᠭᠠᠳᠤᠷ ᠬᠤᠳᠠ ᠶᠢᠨ ᠵᠡᠬᠦᠨ ᠡᠮᠤᠨ᠎ᠡ ᠪᠠᠶᠢᠳᠠᠭ᠃ ᠮᠢᠩ ᠤᠯᠤᠰ ᠤᠨ ᠴᠧᠩ ᠵᠤ᠋ ᠬᠠᠭᠠᠨ ᠮᠤᠩᠭᠤᠯ ᠤᠨ ᠠᠷᠤᠭᠰᠢ | ᠲᠠᠶᠢᠱᠢ ᠲᠠᠢ ᠪᠠᠶᠢᠯᠳᠤᠵᠤ ᠦᠩᠭᠡᠷᠡᠭᠰᠡᠨ ᠡᠷᠳ᠋ᠨ ᠠᠴᠠ ᠲᠠᠶᠢᠨ ᠤ ᠲᠠᠯᠠᠪᠤᠷ ᠪᠠᠶᠢᠭᠰᠠᠨ ᠶᠤᠮ᠃ ᠵᠠᠭᠤᠨ ᠮᠤᠳᠤ ᠨᠢ ᠲᠤᠤᠯᠠ ᠭᠤᠤᠯ ᠤᠨ ᠠᠷᠤ ᠳᠤ ᠤᠷᠤᠰᠢᠵᠦ᠂ | ᠪᠠᠷᠠᠭᠤᠨ ᠲᠠᠯ᠎ᠠ ᠳᠠᠭᠠᠨ ᠬᠠᠨ ᠠᠭᠤᠯᠠ᠂ ᠠᠷᠤ ᠲᠠᠯ᠎ᠠ ᠳᠠᠭᠠᠨ ᠬᠡᠨᠳᠡᠢ ᠠᠭᠤᠯᠠ ᠨᠢᠷᠤᠭᠤ ᠶᠢ ᠲᠦᠰᠢᠵᠦ᠂ ᠲᠠᠯ᠎ᠠ ᠶᠢᠨ ᠡᠮᠤᠨ᠎ᠡ᠂ ᠲᠠᠷᠤᠢ ᠲᠤᠤᠯᠠ ᠭᠤᠤᠯ ᠤᠨ | ᠠᠷᠤ ᠳᠤ ᠨᠢᠭᠡᠨ ᠡᠮᠡᠭᠡᠯ ᠤᠨ ᠭᠡᠯᠪᠡᠷᠢ ᠲᠠᠢ ᠪᠤᠭᠤᠨᠢ ᠠᠭᠤᠯᠠ ᠪᠠᠶᠢᠳᠠᠭ᠃ | ᠮᠡᠨᠵᠦ ᠶᠢᠨ ᠵᠠᠩᠵᠤᠨ ᠫᠢᠶᠠᠩᠭᠤ ᠵᠠᠭᠤᠨ ᠮᠤᠳᠤ ᠶᠢᠨ ᠤᠶᠢᠷᠠᠯᠴᠠᠭ᠎ᠠ ᠬᠦᠷᠢᠶ᠎ᠡ ᠪᠠᠭᠤᠮᠠᠭᠴᠠ᠂ ᠴᠡᠷᠢᠭ ᠢᠶᠠᠨ ᠭᠤᠷᠪᠠᠨ ᠠᠩᠬᠢ ᠬᠤᠪᠢᠶᠠᠨ᠂ ᠡᠮᠡᠬᠡᠯ | ᠠᠭᠤᠯᠠᠨ ᠤ ᠵᠡᠬᠦᠨ ᠲᠠᠯ᠎ᠠ᠂ ᠡᠮᠤᠨ᠎ᠡ ᠲᠠᠯ᠎ᠠ ᠪᠠᠷ ᠲᠤᠰ ᠲᠤᠰ ᠵᠢᠭᠰᠠᠭᠠᠯ ᠵᠠᠰᠠᠭᠠᠳ ᠵᠢᠴᠢ ᠠᠭᠤᠯᠠ ᠶᠢᠨ ᠤᠷᠤᠢ ᠳᠤ ᠵᠠᠩᠵᠤᠨ ᠰᠦᠨ ᠰᠧ ᠺᠧ ᠶᠢᠨ ᠨᠤᠭᠤᠭᠠᠨ | ᠲᠤᠭᠳᠤ ᠴᠡᠷᠢᠭ ᠢ ᠵᠢᠭᠰᠠᠭᠠᠪᠠ ᠃ ᠭᠠᠪᠰᠢᠭᠠᠢ ᠴᠡᠷᠢᠭ ᠤᠨ ᠪᠦᠬᠦᠳᠡ ᠶᠢᠨ ᠲᠠᠷᠤᠭ᠎ᠠ ᠰᠤᠳᠠᠢ ᠪᠤᠯᠤᠨ ᠮᠠᠶᠢᠷᠠᠨ ᠵᠠᠩᠬᠢ ᠠᠨᠠᠨᠳᠠ ᠳᠤ ᠲᠦᠷᠪᠠᠨ ᠵᠠᠭᠤᠨ ᠴᠡᠷᠢᠭ | ᠦᠭᠴᠤ᠂ ᠵᠡᠬᠦᠨᠭᠠᠷ ᠤᠨ ᠴᠡᠷᠢᠭ ᠢ ᠦᠳᠦᠭᠡᠨ ᠠᠪᠴᠢᠷᠠᠬᠤ ᠪᠠᠷ ᠢᠯᠡᠭᠡᠪᠡ᠃ | 1696 ᠤᠨ ᠤ 5 ᠰᠠᠷ᠎ᠠ ᠶᠢᠨ 13 ᠳᠤ ᠪᠤᠯᠤᠭᠰᠠᠨ ᠵᠠᠭᠤᠨ ᠮᠤᠳᠤ ᠶᠢᠨ ᠲᠤᠯᠤᠯᠳᠤᠭᠠᠨ ᠨᠢ ᠬᠤᠨᠢᠨ ᠴᠠᠭ ᠠᠴᠠ ᠡᠭᠢᠯᠡᠨ ᠪᠠᠶᠢᠯᠳᠤᠪᠠ᠃ ᠪᠤᠱᠤᠭᠳᠤ | ᠬᠠᠭᠠᠨ ᠤ ᠲᠡᠷᠢᠬᠦᠨ ᠠᠩᠬᠢ ᠴᠡᠷᠢᠭ ᠲᠦᠷᠪᠡᠯᠵᠢᠨ ᠵᠢᠭᠰᠠᠭᠠᠯ ᠤᠨ ᠭᠡᠯᠪᠡᠷᠢ ᠪᠠᠷ ᠤᠷᠤᠭᠰᠢ ᠲᠦᠯᠬᠢᠯᠡᠨ ᠲᠠᠭᠠᠷᠢᠭᠰᠠᠨ ᠳᠤ ᠴᠢᠩ ᠤᠨ ᠵᠡᠬᠦᠨ ᠲᠠᠯ᠎ᠠ ᠶᠢᠨ ᠴᠡᠷᠢᠭ | ᠨᠢᠭᠡ ᠭᠠᠷ ᠲᠠᠭᠠᠨ ᠬᠤᠯᠤᠰᠤᠨ ᠬᠠᠯᠬᠠᠪᠴᠢ ᠪᠠᠷᠢᠵᠦ᠂ ᠨᠦᠬᠦᠭᠡ ᠭᠠᠷ ᠲᠠᠭᠠᠨ ᠵᠢᠳᠡ ᠰᠠᠯᠠᠮ᠎ᠠ ᠠᠳᠬᠤᠨ ᠵᠢᠳᠠᠯᠠᠵᠤ ᠶᠠᠪᠠᠭᠠᠨ ᠢᠶᠠᠷ ᠵᠢᠭᠤᠷᠠᠯᠳᠤᠨ ᠪᠠᠶᠢᠯᠳᠤᠪᠠ᠃ | ᠭᠠᠪᠰᠢᠭᠠᠢ ᠪᠠᠶᠢᠯᠳᠤᠭᠠᠨ ᠢᠶᠠᠷ ᠦᠢᠷᠡᠳ ᠤᠨ ᠴᠡᠷᠢᠭ ᠵᠡᠭᠦᠨ ᠲᠠᠯ᠎ᠠ ᠶᠢᠨ ᠵᠢᠭᠰᠠᠭᠠᠯ ᠢ ᠡᠪᠳᠡᠯᠡᠨ᠂ ᠤᠷᠤᠭᠰᠢ ᠲᠦᠷᠢᠵᠦ ᠡᠮᠡᠭᠡᠯ ᠠᠭᠤᠯᠠ ᠶᠢ ᠡᠵᠡᠯᠡᠬᠦ ᠪᠠᠷ | ᠴᠢᠷᠮᠠᠶᠢᠪᠠ᠃ | ᠡᠮᠡᠭᠡᠯ ᠭᠡᠯᠪᠡᠷᠢ ᠲᠠᠢ ᠠᠭᠤᠯᠠᠨ ᠳᠤ ᠵᠢᠭᠰᠠᠭᠠᠵᠤ ᠪᠠᠶᠢᠭ᠎ᠠ ᠨᠤᠭᠤᠭᠠᠨ ᠲᠤᠭᠳᠤ ᠴᠡᠷᠢᠭ ᠨᠢ ᠭᠠᠯᠳᠤ ᠫᠤᠤ᠂ ᠨᠤᠮᠤ ᠰᠤᠮᠤ ᠪᠠᠷ ᠲᠤᠷᠤᠭᠰᠢ ᠭᠠᠯᠯᠠᠨ | ᠬᠠᠷᠪᠤᠬᠤ ᠳᠤ ᠵᠡᠬᠦᠨᠭᠠᠷ ᠴᠡᠷᠢᠭ ᠪᠠᠰᠠ ᠭᠠᠯᠳᠤ ᠫᠤᠤ᠂ ᠨᠤᠮᠤ ᠰᠤᠮᠤ ᠪᠠᠷ ᠲᠡᠭᠡᠭᠰᠢ ᠬᠠᠷᠪᠤᠬᠤ ᠶᠢᠨ ᠲᠠᠭᠠᠤ ᠮᠠᠴᠤᠪᠠ᠃ ᠲᠤᠯᠤᠯᠳᠤᠭᠠᠨ ᠮᠠᠰᠢ ᠰᠢᠷᠦᠭᠦᠨ | ᠶᠠᠪᠤᠭᠳᠠᠵᠤ᠂ ᠪᠤᠱᠤᠭᠳᠤ ᠬᠠᠭᠠᠨ ᠦᠪᠡᠷ ᠤᠨ ᠪᠡᠶ᠎ᠡ ᠪᠠᠷ ᠲᠡᠷᠢᠭᠦᠯᠡᠨ ᠮᠤᠷᠢᠨ ᠠᠴᠠ ᠪᠠᠨ ᠪᠠᠭᠤᠵᠤ ᠶᠠᠪᠠᠭᠠᠨ ᠢᠶᠠᠷ ᠪᠠᠶᠢᠯᠳᠤᠵᠤ᠂ ᠲᠤᠭᠠᠷ ᠠᠷᠠᠪᠳᠠᠨ ᠤ ᠪᠠᠶ᠎ᠠ | ᠭᠡᠳᠦᠨ ᠭᠠᠵᠠᠷ ᠰᠢᠷᠬ᠎ᠠ ᠤᠯᠤᠭᠰᠠᠨ ᠴᠤ ᠲᠡᠭᠡᠭᠰᠢ ᠪᠠᠨ ᠮᠠᠴᠤᠨ ᠪᠠᠭᠠᠳᠤᠷᠯᠠᠨ ᠪᠠᠶᠢᠯᠳᠤᠭᠰᠠᠭᠠᠷ ᠠᠭᠤᠯᠠᠨ ᠤ ᠬᠠᠭᠠᠰ ᠢ ᠡᠵᠡᠯᠡᠨ ᠠᠪᠴᠠᠢ᠃ ᠬᠤᠶᠠᠷ ᠡᠳᠡᠭᠡᠳ | ᠠᠭᠤᠯᠠᠨ ᠲᠡᠭᠡᠷ᠎ᠡ ᠬᠠᠷᠢᠯᠴᠠᠨ ᠬᠠᠷᠪᠤᠯᠴᠠᠵᠤ᠂ ᠠᠭᠤᠯᠠᠨ ᠤ ᠲᠤᠤᠷ᠎ᠠ ᠵᠢᠭᠤᠷᠠᠯᠳᠤᠨ ᠪᠠᠶᠢᠯᠳᠤᠵᠤ᠂ ᠬᠡᠨ ᠠᠯᠢᠨ ᠳᠠᠭᠠᠨ ᠬᠦᠴᠦᠨ ᠲᠠᠷᠤᠭᠳᠠᠬᠤ ᠦᠭᠡᠢ᠂ ᠠᠯᠠᠭᠳᠠᠨ | ᠰᠢᠷᠠᠭᠳᠤᠭᠰᠠᠨ ᠬᠦᠮᠦᠨ ᠤ ᠲᠤᠭ᠎ᠠ ᠲᠡᠩᠴᠠᠭᠦᠦ ᠪᠠᠶᠢᠭᠰᠠᠨ ᠶᠤᠮ᠃ ᠡᠨᠡ ᠮᠠᠳᠤ ᠬᠤᠨᠢᠨ ᠴᠠᠭ ᠠᠴᠠ ᠨᠠᠷᠠ ᠰᠢᠩᠬᠡᠬᠦ ᠪᠤᠯᠳᠠᠯ᠎ᠠ ᠪᠠᠶᠢᠯᠳᠤᠬᠤ ᠳᠤ ᠵᠡᠬᠦᠨᠭᠠᠷ | ᠦᠢᠷᠡᠳ ᠴᠡᠷᠢᠭ ᠤᠨ ᠤᠳᠠᠭᠠᠨ ᠲᠡᠰᠪᠤᠷᠢᠳᠡᠢ᠂ ᠵᠤᠷᠢᠭ ᠰᠦᠰᠦ ᠲᠠᠢ ᠡᠷᠡᠯᠭᠡᠭᠯᠡᠨ ᠲᠡᠮᠡᠴᠡᠬᠦ ᠨᠢ ᠴᠢᠩ ᠤᠨ ᠵᠠᠩᠵᠤᠨ ᠫᠢᠶᠠᠩᠭᠤ ᠶᠢ ᠲᠦᠢᠯ ᠢᠶᠠᠷ ᠪᠠᠴᠢᠮᠳᠠᠭᠤᠯᠵᠤ᠄ | ︽ᠡᠨᠡ ᠨᠠᠰᠤᠨ ᠳᠠᠭᠠᠨ ᠡᠶᠢᠮᠦᠷᠬᠦ ᠠᠶᠢᠬᠤᠪᠳᠤᠷ ᠭᠡᠴᠡᠭᠦᠦ ᠲᠠᠶᠢᠰᠤᠨ ᠲᠠᠢ ᠠᠩᠬ᠎ᠠ ᠤᠳᠠᠭ᠎ᠠ ᠲᠤᠯᠭᠠᠷᠠᠭᠰᠠᠨ︾ ᠭᠡᠵᠦ ᠵᠢᠷᠦᠭᠡ ᠭᠤᠤᠯ ᠨᠢ ᠲᠤᠯᠬᠢᠰᠴᠣ ᠠᠷᠭ᠎ᠠ | ᠪᠠᠷᠠᠵᠤ ᠪᠠᠶᠢᠵᠠᠢ᠃ ᠡᠨᠡ ᠦᠶ᠎ᠡ ᠳᠤ ᠬᠢᠳᠡᠳ ᠴᠡᠷᠢᠭ ᠤᠨ ᠲᠠᠷᠤᠭ᠎ᠠ ᠶᠢᠨ ᠬᠤᠸᠠ ᠴᠧᠩ ︵ ᠶᠢᠨ ᠬᠤᠸᠠ ᠰᠢᠩ ᠭᠡᠵᠦ ᠪᠠᠰᠠ ᠪᠢᠴᠢᠵᠦ ᠪᠤᠢ︶ ᠠᠴᠠ ᠨᠢᠭᠡᠨ | ᠠᠷᠭ᠎ᠠ ᠡᠷᠭᠦᠵᠦ᠂ ᠨᠢᠭᠡᠨ ᠰᠠᠯᠠᠭ᠎ᠠ ᠴᠦᠬᠡᠨ ᠴᠡᠷᠢᠭ ᠢ ᠢᠯᠡᠭᠡᠵᠦ᠂ ᠭᠠᠯᠳᠠᠨ ᠪᠤᠱᠤᠭᠳᠤ ᠬᠠᠭᠠᠨ ᠤ ᠠᠷᠤ ᠲᠠᠯ᠎ᠠ ᠶᠢᠨ ᠠᠴᠢᠶ᠎ᠠ ᠬᠦᠰᠭᠡ᠂ ᠬᠡᠤᠬᠡᠳ | ᠪᠦᠰᠡᠭᠦ᠋ᠢᠴᠤᠳ ᠢ ᠲᠠᠭᠠᠷᠢᠭᠤᠯᠵᠠᠢ᠃ ᠠᠷᠤ ᠲᠠᠯ᠎ᠠ ᠶᠢᠨ ᠦᠢᠮᠡᠭᠡᠨ ᠲᠡᠪᠵᠢᠶᠡᠨ᠂ ᠬᠡᠤᠬᠡᠳ ᠪᠦᠰᠡᠬᠦ᠋ᠢᠴᠤᠳ ᠪᠠᠷᠬᠢᠷᠠᠨ ᠤᠬᠢᠯᠠᠯᠳᠤᠬᠤ ᠳᠤ ᠵᠡᠬᠦᠨᠭᠠᠷ ᠴᠡᠷᠢᠭ ᠤᠨ | ᠰᠡᠳᠭᠢᠯ ᠬᠤᠪᠢᠶᠠᠭᠳᠠᠵᠤ ᠵᠢᠭᠰᠠᠭᠠᠯ ᠤᠨ ᠬᠦᠯ ᠢᠶᠠᠨ ᠠᠯᠳᠠᠪᠠ᠃ ᠲᠡᠷᠡ ᠬᠢᠷᠢ ᠳᠤ ᠠᠭᠤᠯᠠᠨ ᠲᠡᠭᠡᠷ᠎ᠡ ᠪᠤᠭᠤ ᠶᠢᠨ ᠡᠪᠡᠷ ᠬᠠᠩᠬᠢᠨᠠᠵᠤ᠂ ᠨᠤᠭᠤᠭᠠᠨ ᠲᠤᠭᠳᠤ | ᠴᠡᠷᠢᠭ ᠤᠳ ᠲᠤᠷᠤᠭᠰᠢ ᠲᠠᠭᠠᠷᠢᠬᠤ ᠳᠤ ᠵᠡᠬᠦᠨᠭᠠᠷ ᠴᠡᠷᠢᠭ ᠤᠳ ᠪᠦᠯᠦᠭ ᠪᠦᠯᠦᠭ ᠢᠶᠠᠷ ᠬᠤᠶᠢᠰᠢ ᠤᠬᠤᠷᠢᠵᠠᠭᠠᠪᠠ᠃ | ᠬᠦᠮᠦᠨ ᠤᠷᠢᠯᠠᠯᠳᠤᠨ᠂ ᠮᠤᠷᠢᠳ ᠢᠨᠴᠠᠭᠠᠨ᠂ ᠫᠤᠤ ᠲᠦᠵᠢᠭᠡᠨᠡᠵᠦ᠂ ᠬᠠᠷᠪᠤᠭᠰᠠᠨ ᠰᠤᠮᠤ ᠢᠰᠬᠢᠷᠤᠯᠳᠤᠨ᠂ ᠴᠢᠬᠢ ᠲᠦᠯᠡᠶᠢᠷᠠᠬᠦᠯᠤᠮᠠ ᠲᠠᠭᠤᠨ ᠱᠤᠤᠬᠢᠶᠠᠨ | ᠂ ᠬᠦᠮᠦᠨ ᠤ ᠦᠬᠦᠳᠡᠯ ᠬᠦᠨᠳᠡᠯᠡᠨ ᠭᠤᠤᠯᠳᠤ᠂ ᠬᠦᠮᠦᠨ ᠤ ᠴᠢᠰᠤ ᠭᠤᠤᠯ ᠭᠤᠷᠤᠬ᠎ᠠ ᠪᠤᠯᠵᠤ ᠤᠷᠤᠰᠤᠭᠠᠳ᠂ ᠨᠢᠳᠤ ᠬᠠᠯᠳᠠᠷᠠᠮᠠ ᠲᠠᠶᠢᠨ ᠤ ᠲᠠᠯᠠᠪᠤᠷ ᠲᠤ | ᠠᠮᠢᠰᠬᠤᠭ᠎ᠠ ᠪᠦᠭᠰᠢᠬᠦ ᠬᠠᠷ᠎ᠠ ᠤᠳᠤᠭ᠎ᠠ ᠮᠠᠨᠠᠷᠠᠨ᠎ᠠ ᠁ ᠡᠶᠢᠮᠦᠷᠬᠦ ᠪᠠᠴᠢᠮ ᠲᠤᠯᠭᠠᠮ᠎ᠠ ᠪᠠᠶᠢᠳᠠᠯ ᠳᠤ ᠡᠷᠡᠯᠭᠡᠭ ᠪᠠᠭᠠᠳᠤᠷ ᠠᠨᠤ ᠬᠠᠳᠤᠨ ᠤᠷᠳᠤ ᠵᠢᠳᠠ ᠪᠠᠷᠢᠵᠦ | ᠭᠠᠷᠬᠠᠨ ᠬᠤᠶᠠᠭ ᠬᠡᠳᠦᠷᠴᠣ᠂ ᠭᠤᠷᠪᠠᠨ ᠵᠠᠭᠤᠨ ᠠᠮᠢ ᠬᠠᠮᠠᠭᠠᠯᠠᠬᠤ ᠰᠢᠯᠢᠳᠡᠭ ᠴᠡᠷᠢᠭ ᠢ ᠲᠠᠭᠠᠭᠤᠯᠤᠨ ᠵᠡᠬᠢᠷᠴᠤ ᠂ ᠲᠠᠶᠢᠰᠤᠨ ᠤ ᠬᠠᠭᠠᠯᠳᠠ ᠶᠢ ᠰᠡᠳᠡᠯᠤᠨ ᠵᠠᠮ | ᠭᠠᠷᠭᠠᠬᠤ ᠪᠠᠷ ᠮᠡᠨᠵᠤ ᠴᠡᠷᠢᠭ ᠤᠷᠤᠭᠤ ᠴᠢᠰᠤᠨ ᠵᠠᠮ ᠲᠠᠳᠠᠭᠤᠯᠤᠨ ᠲᠠᠭᠠᠷᠢᠨ ᠤᠷᠤᠪᠠ᠃ ᠠᠨᠤ ᠬᠠᠳᠤᠨ ᠤ ᠲᠠᠭᠠᠭᠤᠯᠤᠭᠰᠠᠨ ᠴᠡᠷᠢᠭ᠂ ᠠᠷᠤ ᠪᠠᠷ ᠤᠷᠤᠵᠤ | ᠢᠷᠡᠭᠡᠳ ᠬᠠᠭᠠᠵᠤ ᠪᠠᠶᠢᠭᠰᠠᠨ ᠴᠢᠩ ᠤᠨ ᠴᠡᠷᠢᠭ ᠢ ᠬᠤᠶᠠᠷ ᠲᠠᠶᠢᠰᠢ ᠨᠢ ᠢᠷᠡᠨ᠂ ᠠᠯᠠᠯᠳᠤᠨ ᠲᠤᠯᠤᠯᠳᠤᠨ ᠵᠠᠮ ᠭᠠᠷᠭᠠᠭᠰᠠᠨ ᠳᠤ ᠭᠠᠯᠳᠠᠨ ᠪᠤᠱᠤᠭᠳᠤ ᠬᠠᠭᠠᠨ | ᠦᠯᠡᠳᠡᠭᠰᠡᠨ ᠬᠡᠳᠦᠬᠡᠨ ᠵᠠᠭᠤᠨ ᠴᠡᠷᠢᠭ ᠲᠠᠢ ᠪᠠᠨ ᠲᠠᠶᠢᠨ ᠤ ᠲᠠᠯᠠᠪᠤᠷ ᠠᠴᠠ ᠰᠤᠭᠤᠷᠠᠨ ᠭᠠᠷᠴᠤ᠂ ᠰᠢᠨᠳᠠᠰᠤᠳᠤ ᠬᠦᠯᠦᠭ ᠤᠨ ᠬᠤᠷᠳᠤ ᠪᠠᠷ ᠲᠠᠷᠠᠯᠵᠢ ᠶᠢᠨ | ᠠᠮᠠ ᠪᠠᠷ ᠪᠤᠷᠤᠭᠤᠯᠠᠵᠠᠢ᠃ ᠳ᠋ᠠᠢ ᠪᠠᠭᠠᠳᠤᠷ ᠵᠠᠶᠢᠰᠠᠩ᠂ ᠪᠤᠯᠤᠳ ᠬᠤᠵᠤ ᠲᠡᠷᠢᠬᠦᠳᠡᠢ ᠨᠡᠯᠢᠶᠡᠳ ᠤᠯᠠᠨ ᠨᠤᠶᠠᠳ ᠴᠡᠷᠢᠭ ᠪᠠᠶ᠎ᠠ ᠦᠷᠡᠭᠳᠡᠵᠦ᠂ ᠲᠤᠭᠠᠷ ᠠᠷᠠᠪᠳᠠᠨ᠂ | ᠲᠠᠨᠵᠢᠨ ᠤᠮᠪᠤ ᠨᠡᠷ ᠰᠢᠷᠬ᠎ᠠ ᠤᠯᠵᠤ᠂ ᠬᠤᠶᠠᠷ ᠮᠢᠩᠭ᠎ᠠ ᠰᠢᠬᠠᠮ ᠴᠡᠷᠢᠭ ᠠᠯᠭ᠍ᠳᠠᠵᠤ᠂ ᠭᠤᠷᠪᠠᠨ ᠮᠢᠩᠭ᠎ᠠ ᠭᠠᠷᠤᠢ ᠬᠦᠮᠦᠨ ᠤᠯᠵᠠᠯᠠᠭᠳᠠᠵᠠᠢ᠃ ᠪᠠᠰᠠ ᠠᠴᠢᠶ᠎ᠡ | ᠬᠦᠰᠭᠡ᠂ ᠦᠭᠡᠷ ᠬᠤᠨᠢ ᠬᠡᠳᠦᠨ ᠲᠦᠮᠡ ᠪᠠᠷ ᠮᠠᠨᠵᠤ ᠶᠢᠨ ᠴᠡᠷᠢᠭ ᠲᠤ ᠤᠯᠠᠢ ᠪᠤᠯᠪᠠ᠃ ᠠᠨᠤ ᠭ᠋ᠠᠳᠤᠨ ᠪᠤᠴᠠᠰᠢ ᠦᠭᠡᠢ ᠨᠤᠭᠤᠷᠠᠰᠠᠢ ᠦᠭᠡᠢ ᠪᠠᠶᠢᠯᠳᠤᠨ | ᠪᠠᠶᠢᠬᠤ ᠳᠠᠭᠠᠨ ᠲᠠᠶᠢᠰᠤᠨ ᠤ ᠭᠠᠯᠳᠤ ᠫᠤᠤ ᠶᠢᠨ ᠭᠠᠯᠠᠯᠭᠠ ᠳᠤ ᠬᠦᠨᠳᠦ ᠰᠢᠷᠬᠠᠳᠤᠨ ᠦᠬᠡᠳᠡ ᠪᠤᠯᠵᠠᠢ᠃ ᠭᠠᠯᠳᠠᠨ ᠪᠤᠱᠤᠭᠳᠤ ᠬᠠᠭᠠᠨ ᠤ ᠬᠠᠶᠢᠷᠠᠳᠠᠢ ᠬᠠᠨᠢ | ᠢᠳᠡᠭᠡᠯᠳᠡᠢ ᠬᠠᠪᠰᠤᠷᠤᠭᠴᠢ ᠠᠨᠤ ᠬᠠᠳᠤᠨ ᠭᠡᠭᠴᠢ ᠦᠯᠠᠮᠵᠢ ᠭᠠᠪᠢᠶ᠎ᠠ ᠦᠷᠭᠡᠨ ᠵᠢᠳᠭᠦᠯ ᠢᠶᠠᠨ ᠦᠨᠢ ᠶᠢᠨ ᠲᠡᠤᠭᠡᠨ ᠳᠤ ᠲᠡᠮᠳᠡᠭᠯᠡᠭᠦᠯᠵᠦ᠂ ᠠᠮᠢ ᠨᠠᠰᠤᠨ ᠤ ᠢᠷᠠᠭᠤ | ᠲᠠᠭᠤᠯᠠᠯ ᠳᠠᠭᠠᠨ ᠵᠠᠭᠤᠨ ᠮᠤᠳᠤ ᠶᠢᠨ ᠴᠤᠤᠳᠤ ᠪᠠᠶᠢᠯᠳᠤᠭᠠᠨ ᠢᠶᠠᠷ ᠲᠡᠭᠦᠰᠭᠡᠯ ᠴᠢᠭ ᠵᠢᠷᠤᠭᠰᠠᠨ ᠪᠢᠯᠠ᠃ | ᠠᠨᠤ ᠬᠠᠳᠤᠨ ᠨᠢᠭᠡ ᠨᠠᠰᠤ ᠪᠠᠷ ᠢᠶᠠᠨ ᠤᠯᠤᠰ ᠲᠦᠷᠦ ᠶᠢᠨ ᠤᠴᠢᠷ ᠶᠠᠪᠤᠳᠠᠯ ᠢ ᠠᠷᠭᠠᠴᠠᠵᠤ ᠰᠢᠢᠳᠪᠤᠷᠢᠯᠠᠬᠦ ᠠᠷᠭ᠎ᠠ ᠪᠤᠳᠤᠯᠭ᠎ᠠ ᠶᠢ ᠰᠤᠷᠢᠨ᠂ ᠲᠠᠶᠢᠨ | ᠪᠠᠶᠢᠯᠳᠤᠭᠠᠨ ᠳᠤ ᠭᠠᠪᠰᠢᠭᠠᠶᠢᠯᠠᠨ ᠤᠷᠤᠯᠴᠠᠨ ᠴᠡᠷᠢᠭ ᠮᠤᠷᠢᠳ ᠢ ᠴᠢᠳᠠᠮᠠᠭᠠᠢ ᠵᠢᠯᠤᠭᠤᠳᠴᠤ ᠶᠠᠪᠤᠵᠠᠢ᠃ ᠬᠤᠷᠴᠠ ᠰᠡᠷᠭᠦᠯᠡᠩ ᠤᠬᠠᠭᠠᠨ ᠡᠷᠳᠡᠮ ᠬᠤᠤᠰᠯᠠᠭᠰᠠᠨ | ᠭᠤᠸ᠎ᠠ ᠦᠵᠡᠰᠭᠦᠯᠡᠩᠳᠦ ᠠᠨᠤ ᠬᠠᠳᠤᠨ ᠦᠢᠷᠡᠳ ᠤᠨ ᠲᠡᠤᠭᠡᠨ ᠳᠤ ᠤᠳᠤ ᠪᠤᠯᠵᠤ ᠮᠦᠩᠭᠡ ᠭᠡᠷᠡᠯᠳᠤᠵᠤ᠂ ᠮᠤᠩᠭᠤᠯ ᠪᠦᠰᠡᠭᠦ᠋ᠢᠴᠤᠳ ᠤᠨ ᠲᠤᠮᠳᠠ ᠰᠤᠳᠤ | ᠪᠤᠯᠤᠭᠰᠠᠨ ᠡᠬᠦᠷᠢᠳᠡ ᠶᠢᠨ ᠲᠠᠭᠤᠷᠢᠶᠠᠯ ᠪᠢᠯᠠ᠃ ᠮᠤᠩᠭᠤᠯ ᠤᠨ ᠢᠷᠠᠭᠤ ᠨᠠᠶᠢᠷᠠᠭᠴᠢ ᠪᠠᠮᠪᠠᠵᠠᠪ ᠤᠨ ᠡᠩᠬᠡᠳᠤᠶᠠᠭᠠ ︽ᠠᠨᠤ ᠬᠠᠳᠤᠨ︾ ᠭᠡᠬᠦ ᠰᠢᠯᠦᠭ ᠲᠡᠭᠡᠨ᠄ | ᠁ ᠡᠷᠡᠬᠡᠢ ᠬᠤᠷᠤᠭᠤ ᠪᠠᠨ ᠡᠪᠡᠷᠰᠢᠳᠡᠯᠡ | ᠡᠪᠡᠷ ᠨᠤᠮᠤ ᠡᠪᠰᠢᠶᠡᠯᠭᠡᠵᠦ ᠶᠠᠪᠤᠭᠰᠠᠨ | ᠡᠩᠭᠡᠰᠭᠡᠳᠦ ᠬᠠᠴᠠᠷ ᠢᠶᠠᠨ ᠲᠤᠯᠢᠳᠠᠬᠤ ᠵᠡᠪ ᠦᠭᠡᠢ | ᠡᠮᠡᠭᠡᠯ ᠤᠨ ᠪᠦᠭᠦᠷᠭᠡ ᠳᠤ ᠲᠤᠭᠬᠢᠵᠦ ᠶᠠᠪᠤᠭᠰᠠᠨ | ᠣᠷᠭᠤᠬᠤ ᠨᠠᠷᠠ ᠰᠢᠭ᠋ ᠠᠨᠤ ᠬᠠᠳᠤᠨ | ᠤᠨᠳᠠᠷᠠᠬᠤ ᠭᠠᠯ ᠤᠨ ᠰᠢᠨᠡᠬᠡᠨ ᠭᠡᠩᠰᠢᠭᠦᠦ | ᠡᠷᠡᠮᠡᠭ ᠵᠤᠷᠢᠮᠠᠭ ᠠᠨᠤ ᠬᠠᠳᠤᠨ | ᠡᠮᠳᠡᠷᠡᠬᠦ ᠬᠠᠳᠠᠨ ᠤ ᠪᠤᠯᠤᠷ ᠲᠡᠯᠡᠰᠳᠤ | ᠦᠬᠦᠯ ᠤᠨ ᠲᠠᠮᠠᠭ᠎ᠠ ᠲᠠᠢ ᠭᠠᠯᠳᠠᠨ ᠪᠤᠱᠤᠭᠳᠤ ᠳᠤ | ᠦᠢᠯᠡ ᠪᠠᠷ ᠬᠠᠨᠢᠯᠠᠭᠰᠠᠨ ᠦᠵᠡᠰᠭᠦᠯᠡᠩ ᠭᠤᠸ᠎ᠠ | ᠦᠳᠡᠯᠦᠭᠡᠳ ᠮᠤᠷᠳᠠᠬᠤ ᠬᠤᠷᠸ᠎ᠠ ᠶᠢᠨ ᠪᠠᠭᠤᠳᠠᠯ ᠳᠤ | ᠦᠯᠢᠭᠡᠷ ᠰᠢᠭ ᠦᠩᠭᠡᠷᠡᠭᠰᠡᠨ ᠮᠤᠩᠭᠤᠯᠵᠢᠨ ᠭᠤᠸ᠎ᠠ | ᠬᠠᠯᠬ᠎ᠠ ᠦᠢᠷᠡᠳ ᠤᠨ ᠡᠪ ᠬᠠᠭᠠᠷᠠᠬᠤ ᠳᠤ | ᠬᠠᠪᠴᠢᠯ ᠳᠤᠨᠢ ᠤᠨᠠᠭᠰᠠᠨ ᠬᠠᠳᠤᠨ ᠭᠤᠸ᠎ᠠ | ᠢᠰᠡᠭᠡᠢ ᠬᠦᠷᠦᠨ ᠤ ᠲᠡᠤᠬᠡ ᠶᠢᠨ ᠨᠡᠭᠦᠳᠡᠯ ᠳᠤ | ᠡᠮᠡᠬᠡᠯ ᠲᠡᠭᠡᠷ᠎ᠡ ᠬᠠᠯᠢᠭᠰᠠᠨ ᠮᠤᠩᠭᠤᠯᠵᠢᠨ ᠭᠤᠸ᠎ᠠ ᠁ ᠭᠡᠵᠦ ᠤᠶᠠᠩᠭᠠᠯᠠᠭᠰᠠᠨ ᠪᠠᠶᠢᠯ᠎ᠠ᠃ | | |