ᠬᠤᠨᠲᠣᠨ ᠪᠠᠭᠠᠲᠤᠷ ᠤᠨ ᠰᠢᠯᠦᠭ ᠤᠨ ᠲᠤᠬᠠᠢ ᠬᠡᠯᠡᠬᠦ ᠬᠡᠳᠦᠨ ᠦᠭᠡ
ᠨᠡᠶᠢᠲᠡᠯᠡᠭᠰᠡᠨ ᠴᠠᠭ᠄
2023/7/28
                                            ᠬᠠ᠊ · ᠠᠮᠤᠷᠵᠢᠷᠭᠠᠯ      ᠬᠤᠨᠲᠣᠨ ᠪᠠᠭᠠᠲᠤᠷ ᠳᠡᠭᠦᠦ ᠪᠣᠯ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠤᠬᠠᠰᠢᠶᠠᠳᠤ ᠪᠠᠯᠭᠠᠰᠤ ᠪᠠᠷ ᠨᠤᠲᠤᠭ ᠲᠠᠢ᠂ ᠵᠠᠯᠠᠭᠤ ᠮᠠᠯᠴᠢᠨ ᠰᠢᠯᠦᠭᠴᠢ ᠪᠥᠭᠡᠳ ᠣᠷᠴᠢᠮ ᠤᠨ ᠬᠡᠳᠦᠨ ᠵᠢᠯ ᠨᠡᠯᠢᠶᠡᠳ ᠬᠡᠳᠦᠨ ᠰᠢᠯᠦᠭ ᠪᠢᠴᠢᠵᠦ᠂ ᠤᠯᠠᠨ ᠤ ᠳᠣᠲᠣᠷ᠎ᠠ ᠵᠣᠬᠢᠬᠤ ᠨᠥᠯᠥᠭᠡ ᠲᠤᠰᠬᠠᠯ ᠲᠠᠢ ᠶᠠᠪᠤᠭ᠎ᠠ ᠰᠢᠯᠦᠭᠴᠢ ᠶᠢᠨ ᠨᠢᠭᠡᠨ᠃ ᠲᠡᠭᠦᠨ ᠤ ᠨᠠᠳᠠᠳᠤ ᠬᠦᠷᠭᠡᠵᠦ ᠢᠷᠡᠭᠰᠡᠨ 10 ᠰᠢᠯᠦᠭ ᠢ ᠨᠢ ᠤᠩᠰᠢᠬᠤ ᠪᠠᠷ ᠳᠠᠮᠵᠢᠭᠠᠳ᠂ ᠬᠠᠷᠢᠭᠤ ᠪᠤᠯᠭᠠᠵᠤ᠂ ᠥᠪᠡᠷ ᠤᠨ ᠪᠤᠳᠤᠭᠰᠠᠨ ᠰᠤᠯᠠ ᠲᠥᠷᠥᠭᠳᠡᠯ ᠢᠶᠠᠨ ᠤᠯᠠᠨ ᠲᠠᠢ ᠬᠤᠪᠢᠶᠠᠯᠴᠠᠶ᠎ᠠ ᠬᠡᠮᠡᠨ ᠬᠡᠳᠦᠨ ᠶᠠᠭᠤᠮ᠎ᠠ ᠪᠢᠴᠢᠯ᠎ᠡ᠃      ᠬᠡᠯᠡᠬᠦ ᠠᠴᠠ ᠰᠢᠯᠦᠭ᠂ ᠨᠠᠶᠢᠷᠠᠭᠤᠯᠤᠯ ᠭᠡᠬᠦ ᠠᠴᠠ ᠮᠢᠨᠤ ᠬᠤᠪᠢᠨ ᠳᠤ ᠴᠢᠳᠠᠪᠤᠷᠢ ᠭᠦᠶᠦᠬᠡᠨ᠂ ᠲᠡᠭᠡᠭᠦ ᠳᠡᠭᠡᠨ ᠰᠢᠯᠦᠭᠴᠢ ᠬᠥᠮᠥᠨ ᠪᠢᠰᠢ᠂ ᠰᠢᠭᠦᠮᠵᠢᠯᠡᠭᠴᠢ ᠨᠡᠩ ᠴᠤ ᠪᠢᠰᠢ᠂ ᠶᠡᠷᠦᠳᠡ ᠶᠢᠨ ᠨᠢᠭᠡᠨ ᠤᠩᠰᠢᠭᠴᠢ ᠲᠡᠳᠦᠢ ᠯᠡ ᠬᠥᠮᠥᠨ ᠠ᠋᠃ ᠮᠢᠨᠤ ᠪᠤᠳᠤᠬᠤ ᠪᠠᠷ ︽ᠰᠢᠯᠦᠭ ᠭᠡᠳᠡᠭ ᠨᠢ ᠶᠠᠮᠠᠷᠪᠠ ᠨᠢᠭᠡᠨ ᠵᠣᠬᠢᠶᠠᠭᠴᠢ ᠶᠢᠨ ᠨᠡᠶᠢᠭᠡᠮ ᠠᠬᠤᠢ ᠶᠢᠨ ᠲᠤᠬᠠᠢ᠂ ᠥᠪᠡᠷ ᠤᠨ ᠳᠣᠲᠣᠭᠠᠳᠤ ᠰᠡᠳᠬᠢᠯᠭᠡ ᠪᠤᠶᠤ ᠦᠵᠡᠯ ᠪᠤᠳᠤᠯ ᠢᠶᠠᠨ ᠢᠯᠡᠳᠬᠡᠳᠡᠭ ᠤᠷᠠᠯᠢᠭ ᠤᠨ ᠬᠡᠯᠪᠡᠷᠢ︾ ᠪᠠᠶᠢᠬ᠎ᠠ ᠭᠡᠵᠦ ᠦᠵᠡᠳᠡᠭ᠃ ᠬᠡᠯᠡᠯᠭᠡᠨ ᠦᠭᠡᠢ ᠬᠡᠷᠡᠭ ᠪᠣᠳᠠᠰ ᠤᠨ ᠲᠤᠬᠠᠢ᠂ ᠬᠥᠮᠥᠨ ᠪᠣᠯᠭᠠᠨ ᠥᠪᠡᠷ ᠤᠨ ᠭᠡᠰᠡᠨ ᠠᠳᠠᠯᠢ ᠪᠤᠰᠤ ᠶᠢᠨ ᠲᠠᠨᠢᠯᠲᠠ ᠲᠠᠢ ᠪᠠᠶᠢᠳᠠᠭ ᠭᠠᠵᠠᠷ ᠳ᠋ᠠ᠂ ᠲᠡᠭᠡᠬᠦ ᠳᠡᠭᠡᠨ ᠰᠢᠯᠦᠭᠴᠢ ᠬᠥᠮᠥᠨ ᠤ ᠬᠤᠪᠢᠨ ᠳᠤ᠂ ᠨᠡᠶᠢᠭᠡᠮ᠂ ᠠᠮᠢᠳᠤᠷᠠᠯ ᠤᠨ ᠲᠠᠯ᠎ᠠ ᠳᠤ ᠪᠤᠰᠤᠳ ᠠᠴᠠ ᠢᠯᠡᠭᠦᠦ ᠭᠢᠷᠠᠬᠠᠢ᠂ ᠢᠯᠡᠭᠦᠦ ᠬᠦᠴᠦ ᠬᠦᠳᠡᠯᠮᠦᠷᠢ ᠵᠠᠷᠤᠴᠠᠭᠤᠯᠤᠨ᠂ ᠨᠠᠷᠢᠨ ᠬᠢᠨᠠᠮᠠᠭᠠᠢ ᠲᠤᠩᠭᠠᠨ ᠪᠣᠳᠣᠯᠬᠢᠯᠠᠵᠤ᠂ ᠶᠠᠭ ᠯᠡ ︽ᠳᠡᠪᠡᠯ ᠡᠰᠬᠡᠵᠦ︾ ᠪᠠᠶᠢᠬᠤ ᠰᠢᠭ᠋ ᠤᠷᠠᠨ ᠨᠠᠷᠢᠯᠢᠭ ᠪᠠᠰᠠ ᠰᠣᠨᠣᠰᠪᠤᠷᠢᠲᠠᠢ ᠪᠠᠷ ᠪᠤᠳᠤᠯ ᠰᠠᠨᠠᠭ᠎ᠠ ᠪᠠᠨ ᠢᠯᠡᠳᠬᠡᠳᠡᠭ ᠪᠠᠶᠢᠬ᠎ᠠ︕ ᠲᠡᠭᠡᠭᠦ ᠳᠡᠭᠡᠨ ᠶᠠᠭᠠᠬᠢᠬᠤᠪ᠂ ᠰᠢᠯᠦᠭᠴᠢ ᠬᠥᠮᠥᠨ ᠤ ᠥᠪᠡᠷ ᠤᠨ ᠬᠢᠨᠢ ᠬᠡᠪ ᠨᠠᠮᠪᠠ ᠭᠡᠵᠦ ᠪᠠᠶᠢᠳᠠᠭ ᠪᠥᠭᠡᠳ ᠮᠡᠳᠡᠯᠭᠡ ᠶᠢᠨ ᠬᠦᠷᠢᠶ᠎ᠡ ᠴᠠᠷᠠᠭ᠎ᠠ ᠪᠤᠶᠤ ᠨᠡᠶᠢᠭᠡᠮ ᠤᠨ ᠲᠤᠷᠰᠢᠯᠭ᠎ᠠ ᠠᠳᠠᠯᠢ ᠦᠭᠡᠢ ᠪᠠᠶᠢᠳᠠᠭ ᠢ ᠦᠯᠦ ᠦᠭᠡᠶᠢᠰᠬᠡᠨ᠎ᠡ᠃ ᠬᠠᠷᠢᠨ ᠨᠢᠭᠡ ᠲᠠᠯ᠎ᠠ ᠶᠢ ᠬᠡᠯᠡᠬᠦ ᠠᠴᠠ ︽ᠶᠠᠮᠠᠷᠪᠠ ᠨᠢᠭᠡᠨ ᠰᠢᠯᠦᠭᠴᠢ ᠶᠢᠨ ᠰᠢᠯᠦᠭ ᠤᠨ ᠰᠦᠭ ᠰᠦᠨᠡᠰᠦ ᠨᠢ ᠬᠠᠷᠢᠨ ᠰᠢᠯᠦᠭᠴᠢ ᠶᠢᠨ ᠥᠪᠡᠷ ᠤᠨ ᠬᠢᠨᠢ ᠮᠥᠰᠥ ᠴᠢᠨᠠᠷ ᠲᠠᠢ ᠬᠠᠷᠢᠯᠴᠠᠨ ᠬᠤᠯᠪᠣᠭᠳᠠᠯ ᠲᠠᠢ︾ ᠪᠠᠶᠢᠬ᠎ᠠ ᠭᠡᠵᠦ ᠪᠤᠳᠤᠳᠠᠭ ᠰᠠᠨ᠃      ᠬᠤᠨᠲᠣᠨ ᠪᠠᠭᠠᠲᠤᠷ ᠳᠡᠭᠦᠦ ᠶᠢᠨ ᠰᠢᠯᠦᠭ ᠤᠨ ᠣᠯᠠᠩᠬᠢ ᠨᠢ ᠣᠷᠴᠢᠮ ᠤᠨ ᠬᠤᠶᠠᠷ ᠵᠢᠯ ᠳᠤ ᠪᠢᠴᠢᠭᠰᠡᠨ ᠶᠤᠮ ᠪᠠᠶᠢᠨ᠎ᠠ᠃ ᠨᠠᠳᠠᠳᠤ ᠬᠠᠳᠠᠵᠤ ᠥᠭᠭᠦᠭᠰᠡᠨ ᠳᠠᠷᠠᠭᠠᠯᠠᠯ ᠢᠶᠠᠷ ᠨᠢ ᠵᠢᠭᠰᠠᠭᠠᠯ᠎ᠠ᠃      ᠨᠢᠭᠡ᠂ ︽ᠰᠤᠯᠠ ᠲᠠᠲᠠᠯᠭᠠᠨ︾ ᠬᠡᠮᠡᠬᠦ ᠭᠠᠷᠴᠠᠭ ᠦᠭᠡᠢ 5 ᠪᠠᠳᠠᠭ ᠰᠢᠯᠦᠭ ᠪᠠᠶᠢᠨ᠎ᠠ᠃ ᠰᠢᠯᠦᠭ ᠤᠨ ᠡᠬᠢᠨ ᠳᠤ᠄      ︽ᠪᠢ      ᠨᠢᠭᠡᠨ ᠴᠢᠮᠬᠢ ᠰᠢᠷᠣᠢ      ᠬᠦᠴᠦᠲᠦ ᠰᠠᠯᠬᠢᠨ ᠳᠤ ᠬᠡᠶᠢᠰᠴᠦ      ᠬᠥᠬᠡ ᠣᠭᠲᠠᠷᠭᠤᠢ ᠳᠤ ᠳᠡᠭᠳᠡᠭᠰᠡᠨ ᠴᠤ      ᠭᠠᠵᠠᠷ ᠤᠨ ᠰᠢᠷᠬ᠎ᠠ ᠶᠢ ᠠᠨᠠᠭᠠᠬᠤ ᠪᠠᠷ      ᠲᠤᠨᠤᠵᠤ ᠳᠣᠭᠤᠭᠰᠢ ᠪᠠᠭᠤᠳᠠᠭ ᠨᠢᠭᠡᠨ ᠴᠢᠮᠬᠢ ᠰᠢᠷᠣᠢ ᠪᠢᠯᠡ  ᠁︾ ᠬᠡᠮᠡᠨ ︽ᠪᠢ︾ ᠬᠡᠮᠡᠬᠦ ᠨᠢᠭᠡᠳᠦᠭᠡᠷ ᠪᠡᠶ᠎ᠡ ᠪᠠᠷ ᠪᠢᠴᠢᠭᠰᠡᠨ᠂ ᠪᠠᠶᠢᠭᠠᠯᠢ ᠶᠢᠨ ᠦᠵᠡᠭᠳᠡᠯ ᠢ ᠳᠦᠷᠰᠦᠯᠡᠬᠦ ᠪᠠᠷ ᠳᠠᠮᠵᠢᠭᠤᠯᠤᠨ᠂ ᠡᠬᠡ ᠪᠠᠶᠢᠭᠠᠯᠢ ᠶᠢᠨ ᠴᠢᠮᠬᠢ ᠰᠢᠷᠣᠢ᠂ ᠬᠡᠰᠡᠭ ᠴᠢᠯᠠᠭᠤ᠂ ᠰᠢᠷᠬᠡᠭ ᠡᠪᠡᠰᠦ᠂ ᠬᠥᠳᠡᠭᠡ ᠶᠢᠨ ᠰᠠᠯᠬᠢ ᠨᠢ ᠡᠬᠡ ᠪᠠᠶᠢᠭᠠᠯᠢ ᠶᠢᠨ ᠣᠷᠣᠰᠢᠬᠤᠢ ᠶᠢᠨ ᠴᠢᠬᠤᠯᠠ ᠪᠦᠷᠢᠯᠳᠦᠭᠦᠨ ᠪᠤᠯᠬᠤ ᠲᠡᠳᠦᠢ ᠦᠭᠡᠢ᠂ ᠬᠥᠮᠥᠨ ᠪᠠ ᠪᠠᠶᠢᠭᠠᠯᠢ ᠶᠢᠨ ᠡᠶ᠎ᠡ ᠵᠣᠬᠢᠴᠠᠩᠭᠤᠢ ᠣᠷᠣᠰᠢᠬᠤᠢ ᠳᠤ ᠳᠤᠰ ᠪᠦᠷᠢ ᠶᠢᠨ ᠬᠢᠨᠢ᠂ ᠬᠦᠨᠳᠦ ᠴᠢᠬᠤᠯᠠ ᠦᠢᠯᠡᠳᠦᠯ ᠲᠠᠢ ᠬᠡᠳᠡᠭ ᠢ ᠲᠤᠰᠬᠠᠭᠰᠠᠨ ᠪᠠᠶᠢᠳᠠᠭ᠃ ᠡᠭᠦᠨ ᠳᠤ ᠵᠣᠬᠢᠶᠠᠭᠴᠢ ᠶᠢᠨ ᠡᠬᠡ ᠪᠠᠶᠢᠭᠠᠯᠢ᠂ ᠠᠮᠢ ᠠᠬᠤᠢ ᠪᠠᠨ ᠬᠠᠶᠢᠷᠠᠯᠠᠬᠤ ᠰᠣᠳᠣᠨ ᠰᠠᠶᠢᠬᠠᠨ ᠰᠠᠨᠠᠭ᠎ᠠ ᠠᠬᠤᠢ ᠠᠭᠤᠯᠤᠭᠳᠠᠵᠤ ᠪᠤᠢ᠃      ᠬᠤᠶᠠᠷ᠂ ︽ᠲᠣᠭᠤᠷᠤᠤ ᠶᠢᠨ ᠳᠡᠭᠳᠡᠭᠡᠬᠡᠢ︾ ᠭᠡᠳᠡᠭ ᠭᠠᠷᠴᠠᠭ ᠪᠦᠬᠦᠢ ᠬᠡᠦᠬᠡᠳ ᠦᠶ᠎ᠡ ᠶᠢᠨ ᠳᠤᠷᠠᠰᠤᠮᠵᠢ ᠶᠢᠨ᠂ ᠬᠥᠭᠡᠷᠦᠬᠦᠨ᠂ ᠭᠢᠯᠪᠢᠭᠡᠨ ᠥᠭᠦᠯᠡᠯᠭᠡ ᠶᠢᠨ ᠵᠣᠬᠢᠶᠠᠯ ᠪᠠᠶᠢᠨ᠎ᠠ᠃      ᠵᠣᠬᠢᠶᠠᠭᠴᠢ ᠠᠴᠠ ᠬᠡᠦᠬᠡᠳ ᠦᠶ᠎ᠡ ᠪᠠᠨ ᠲᠤᠷᠠᠰᠬᠠᠨ᠂ ᠵᠢᠭᠠᠯ ᠬᠡᠦᠬᠡᠳ ᠬᠥᠳᠡᠭᠡ ᠬᠡᠭᠡᠷ᠎ᠡ ᠨᠠᠭᠠᠳᠤᠨ ᠲᠣᠭᠯᠠᠬᠤ᠂ ᠥᠩᠭᠡᠲᠦ ᠰᠣᠯᠣᠩᠭ᠎ᠠ ᠪᠠᠷᠢᠬᠤ ᠭᠡᠳ ᠬᠥᠭᠡᠭᠡᠵᠦ ᠶᠠᠪᠤᠭᠰᠠᠨ᠂ ᠡᠴᠦᠰ ᠲᠡᠭᠡᠨ ᠲᠣᠭᠤᠷᠤᠤ ᠶᠢᠨ ᠳᠡᠭᠳᠡᠭᠡᠬᠡᠢ ᠪᠠᠷᠢᠵᠤ ᠠᠪᠴᠢᠷᠠᠭᠠᠳ ᠰᠡᠦᠬᠡᠨ ᠳᠣᠲᠣᠷ᠎ᠠ ᠨᠢᠭᠤᠵᠤ ᠪᠠᠶᠢᠭᠰᠠᠨ ᠢ ᠨᠢ ᠠᠪᠤ ᠨᠢ ᠮᠡᠳᠡᠭᠡᠳ᠂ ︽ᠨᠢᠯᠬ᠎ᠠ ᠠᠮᠢᠳᠠᠨ ᠢ ᠡᠬᠡ ᠠᠴᠠ ᠨᠢ ᠰᠠᠯᠭᠠᠵᠤ ᠪᠤᠯᠳᠠᠭ ᠦᠭᠡᠢ ᠶᠤᠮ︾ ᠭᠡᠵᠦ ᠰᠤᠷᠭᠠᠭᠰᠠᠨ ᠢᠶᠠᠷ᠂ ᠡᠷᠭᠢᠭᠡᠳ ᠲᠣᠭᠤᠷᠤᠤ ᠶᠢᠨ ᠳᠡᠭᠳᠡᠭᠡᠬᠡᠢ ᠪᠠᠨ ᠲᠠᠯᠪᠢᠵᠤ᠂ ᠡᠬᠡ ᠲᠠᠢ ᠨᠢ ᠠᠭᠤᠯᠵᠠᠭᠤᠯᠤᠭᠰᠠᠨ ᠵᠡᠷᠭᠡ ᠦᠢᠯᠡ ᠶᠠᠪᠤᠳᠠᠯ ᠢᠶᠠᠷ ᠳᠠᠮᠵᠢᠭᠤᠯᠤᠨ᠂ ᠨᠢᠭᠡᠨ ᠳᠦᠬᠦᠮ ᠪᠣᠷᠣᠭᠵᠢᠭᠤᠨ ᠶᠣᠰᠣ ᠤᠴᠢᠷ ᠢ ᠶᠠᠷᠢᠬᠤ ᠭᠡᠰᠡᠨ ᠪᠠᠶᠢᠨ᠎ᠠ᠃ ᠲᠡᠷᠡ ᠨᠢ ᠶᠠᠭᠤ ᠪᠤᠢ ᠭᠡᠬᠦᠯᠡᠷ ︽ᠡᠴᠢᠭᠡ ᠬᠥᠮᠥᠨ ᠬᠡᠦᠬᠡᠳ ᠢᠶᠠᠨ ᠰᠤᠷᠭᠠᠬᠤ ᠳᠠᠭᠠᠨ ᠶᠣᠰᠣ ᠤᠴᠢᠷ ᠢᠶᠠᠷ ᠬᠡᠯᠡᠵᠦ ᠰᠤᠷᠭᠠᠳᠠᠭ︾ ᠭᠡᠰᠡᠨ ᠰᠠᠨᠠᠭ᠎ᠠ ᠠᠬᠤᠢ ᠪᠠᠶᠢᠵᠤ᠂ ᠡᠭᠦᠨ ᠢᠶᠠᠷ ᠳᠠᠮᠵᠢᠭᠤᠯᠤᠨ ᠮᠠᠯᠴᠢᠨ ᠬᠥᠮᠥᠨ ᠤ ᠠᠮᠢᠳᠠᠨ ᠭᠤᠣᠯᠲᠠᠨ ᠢ ᠬᠠᠶᠢᠷᠠᠯᠠᠬᠤ᠂ ᠠᠮᠢ ᠨᠠᠰᠤ ᠶᠢ ᠬᠦᠨᠳᠦᠳᠬᠡᠳᠡᠭ ᠭᠡᠬᠦ ᠡᠷᠬᠢᠮ ᠳᠡᠭᠡᠳᠦ ᠬᠡᠪ ᠰᠤᠷᠲᠠᠯ ᠢ ᠢᠯᠡᠳᠬᠡᠭᠰᠡᠨ ᠶᠤᠮ ᠪᠠᠶᠢᠨ᠎ᠠ᠃      ᠡᠨᠡ ᠬᠦ ᠵᠣᠬᠢᠶᠠᠯ ᠤᠨ ᠣᠨᠴᠠᠯᠢᠭ ᠨᠢ᠂ ᠬᠡᠦᠬᠡᠳ ᠦᠶ᠎ᠡ ᠶᠢᠨ ᠦᠢᠯᠡ ᠶᠠᠪᠤᠳᠠᠯ ᠢ ᠠᠮᠢᠳᠤᠯᠢᠭ ᠢᠶᠠᠷ ᠲᠤᠰᠬᠠᠭᠰᠠᠨ ᠳᠤ ᠪᠠᠶᠢᠨ᠎ᠠ᠃ ᠶᠡᠷᠦᠨᠢ ᠲᠣᠮᠣ ᠬᠥᠮᠥᠨ᠂ ᠬᠡᠦᠬᠡᠳ ᠤᠨ ᠵᠣᠬᠢᠶᠠᠯ ᠪᠢᠴᠢᠬᠦ ᠳᠤ ᠬᠠᠯᠲᠤᠰᠬᠢᠪᠡᠯ ᠲᠣᠮᠣ ᠬᠥᠮᠥᠨ ᠤ ᠦᠭᠡ ᠪᠠᠨ ᠶᠠᠷᠢᠬᠤ ᠭᠡᠳ ᠪᠠᠶᠢᠳᠠᠭ ᠶᠤᠮ ᠪᠢᠯᠡ᠂ ᠬᠠᠷᠢᠨ ᠡᠨᠡ ᠵᠣᠬᠢᠶᠠᠯ ᠳᠤ ᠬᠤᠨᠲᠣᠨ·ᠪᠠᠭᠠᠲᠤᠷ ᠳᠡᠭᠦᠦ ᠶᠠᠭᠠᠬᠢᠳᠠᠭ ᠴᠤ ᠦᠭᠡᠢ ᠬᠡᠦᠬᠡᠳ ᠤᠨ ᠰᠡᠳᠬᠢᠯ ᠢᠶᠠᠷ ᠪᠢᠴᠢᠭᠰᠡᠨ ᠶᠤᠮ ᠪᠠᠶᠢᠨ᠎ᠠ᠃      ᠭᠤᠷᠪᠠ᠂ ︽ᠪᠢ ᠰᠢᠯᠦᠭ ᠲᠡᠭᠦᠨ᠎ᠡ︾ ᠭᠡᠳᠡᠭ ᠭᠠᠷᠴᠠᠭ ᠪᠦᠬᠦᠢ 3 ᠪᠠᠳᠠᠭ ᠰᠢᠯᠦᠭ ᠪᠠᠶᠢᠯ᠎ᠠ᠃ ᠡᠨᠡ ᠬᠦ ᠰᠢᠯᠦᠭ ᠤᠨ ᠵᠣᠬᠢᠶᠠᠮᠵᠢ ᠶᠢᠨ ᠲᠠᠯ᠎ᠠ ᠠᠴᠠ ᠬᠡᠯᠡᠬᠦ ᠳᠤ ︽ᠪᠢ ᠰᠢᠯᠦᠭ ᠲᠡᠭᠦᠨ᠎ᠡ︾ ᠭᠡᠳ ︽ᠡᠷᠢᠯ︾ ᠳᠤ ᠮᠣᠷᠳᠠᠭᠰᠠᠨ ᠶᠤᠮ ᠪᠠᠶᠢᠨ᠎ᠠ᠃ ᠬᠠᠷᠢᠨ ᠰᠢᠯᠦᠭ ᠤᠨ ᠡᠷᠢᠯ ᠳᠤ ᠤᠯᠠᠨ ᠶᠠᠭᠤᠮ᠎ᠠ ᠭᠦᠦᠷᠡᠭᠰᠡᠨ ᠪᠠᠶᠢᠯ᠎ᠠ᠃ ᠲᠤᠬᠠᠶᠢᠯᠠᠪᠠᠯ᠄      ᠨᠣᠮᠢᠨ ᠨᠣᠭᠤᠭᠠᠨ ᠲᠠᠯ᠎ᠠ ᠠᠴᠠ ᠪᠠᠨ ᠪᠢ            ᠨᠠᠪᠴᠢᠨ ᠬᠡ ᠲᠠᠢ ᠰᠢᠯᠦᠭ ᠲᠡᠭᠦᠨ᠎ᠡ      ᠨᠠᠭᠤᠷ ᠪᠦᠷᠢᠳᠦ ᠶᠢᠨ ᠳᠣᠯᠭᠢᠶᠠᠨ ᠠᠴᠠ ᠪᠢ          ᠭᠠᠯᠠᠭᠤᠳ ᠤᠨ ᠭᠠᠩᠭᠠᠨᠠᠭ᠎ᠠ ᠲᠠᠢ ᠰᠢᠯᠦᠭ ᠲᠡᠭᠦᠨ᠎ᠡ      ᠨᠤᠲᠤᠭ ᠤᠨ ᠭᠤᠸᠠᠯᠢᠭ ᠪᠦᠰᠡᠭᠦᠶᠢᠴᠦᠳ ᠠᠴᠠ ᠪᠢ          ᠬᠠᠶᠢᠷ᠎ᠠ ᠶᠢᠨ ᠢᠯᠴᠢ ᠲᠠᠢ ᠰᠢᠯᠦᠭ ᠲᠡᠭᠦᠨ᠎ᠡ      ᠨᠠᠮᠪᠠᠭᠠᠯᠢᠭ ᠲᠣᠮᠣᠭᠠᠲᠠᠢ ᠪᠤᠭᠤᠷᠤᠯ ᠠᠴᠠ ᠪᠠᠨ ᠪᠢ         ᠦᠯᠢᠭᠡᠷ ᠳᠤᠮᠤᠭ ᠲᠠᠢ ᠰᠢᠯᠦᠭ ᠲᠡᠭᠦᠨ᠎ᠡ  ᠁ ᠭᠡᠵᠦ ᠰᠠᠨᠠᠭ᠎ᠠ ᠠᠬᠤᠢ ᠪᠠᠨ ᠭᠦᠨᠵᠡᠭᠡᠶᠢᠷᠡᠭᠦᠯᠦᠨ᠂ ᠪᠤᠶᠢᠷ ᠬᠥᠯᠥᠨ᠂ ᠪᠣᠭᠳᠠ ᠠᠭᠤᠯᠠ᠂ ᠬᠡᠷᠦᠯᠦᠨ ᠮᠥᠷᠡᠨ ᠤ ᠡᠷᠬᠢᠨ ᠲᠣᠭᠤᠷᠢᠨ ᠳᠤ᠂ ᠠᠷᠠᠳ ᠲᠦᠮᠡᠨ ᠠᠴᠠ ᠪᠠᠨ ᠶᠡᠭᠡ ᠶᠠᠭᠤᠮ᠎ᠠ ᠭᠦᠦᠷᠡᠳᠡᠭ ᠪᠠᠶᠢᠨ᠎ᠠ ᠭᠡᠳᠡᠭ ᠢ ᠤᠬᠠᠭᠠᠷᠠᠨ᠂ ᠰᠢᠯᠦᠭᠴᠢ ᠶᠢᠨ ᠰᠡᠳᠬᠢᠬᠦᠢ ᠨᠡᠭᠡᠭᠡᠭᠳᠡᠵᠦ ᠪᠤᠢ ᠭᠡᠳᠡᠭ ᠢᠶᠠᠨ ᠰᠢᠯᠦᠭᠯᠡᠵᠡᠢ᠃      ᠳᠥᠷᠪᠡ᠂ ︽ᠪᠢ ᠢᠷᠠᠭᠤ ᠨᠠᠶᠢᠷᠠᠭᠴᠢ ᠪᠢᠰᠢ︾ ᠭᠡᠳᠡᠭ ᠭᠠᠷᠴᠠᠭ ᠪᠦᠬᠦᠢ 5 ᠪᠠᠳᠠᠭ ᠰᠢᠯᠦᠭ ᠶᠤᠮ ᠪᠠᠶᠢᠨ᠎ᠠ᠂ ᠲᠤᠰ ᠰᠢᠯᠦᠭ ᠲᠤ ᠵᠣᠬᠢᠶᠠᠭᠴᠢ ᠠᠴᠠ ︽ᠪᠢ ᠢᠷᠠᠭᠤ ᠨᠠᠶᠢᠷᠠᠭᠴᠢ ᠪᠢᠰᠢ︾ ᠭᠡᠳᠡᠭ ᠬᠢᠷᠢᠨ᠎ᠠ᠄      ᠬᠤᠨᠢᠨ ᠤ ᠲᠣᠷᠭᠠᠨ ᠪᠡᠯᠴᠢᠭᠡᠷ ᠲᠤ      ᠬᠤᠪᠢᠨ ᠤ ᠪᠤᠳᠤᠯ ᠢᠶᠠᠨ ᠴᠢᠯᠦᠭᠡᠲᠡᠢ ᠳᠡᠯᠭᠡᠵᠦ      ᠬᠤᠷᠸ᠎ᠠ ᠳᠤ ᠮᠡᠨᠳᠦᠯᠡᠭᠰᠡᠨ ᠬᠤᠪᠣᠷᠬᠠᠨ ᠵᠠᠶᠠᠭ᠎ᠠ ᠪᠠᠨ      ᠬᠤᠪᠲᠣᠯ ᠵᠢᠷᠦᠬᠡᠨ ᠳᠡᠭᠡᠨ ᠦᠷᠬᠦᠯᠵᠢ ᠵᠢᠷᠤᠭᠯᠠᠳᠠᠭ  ᠁      ᠡᠶᠢᠮᠦ ᠨᠢᠭᠡᠨ ᠮᠠᠯᠴᠢᠨ ᠬᠥᠮᠥᠨ ᠪᠠᠶᠢᠵᠤ᠂ ᠬᠥᠮᠥᠨ ᠪᠣᠯᠵᠤ ᠵᠠᠶᠠᠭᠠᠭᠰᠠᠨ ᠤ ᠬᠤᠪᠢᠨ ᠳᠤ ᠡᠬᠡ ᠨᠤᠲᠤᠭ᠂ ᠠᠷᠠᠳ ᠲᠦᠮᠡᠨ᠂ ᠠᠮᠢᠳᠤᠷᠠᠯ ᠢᠶᠠᠨ ᠮᠠᠭᠲᠠᠨ ᠳᠠᠭᠤᠯᠠᠬᠤ ᠬᠤᠪᠢ ᠪᠠᠷᠢᠯᠳᠤᠯᠭ᠎ᠠ ᠲᠠᠢ ᠭᠡᠳᠡᠭ ᠥᠪᠡᠷ ᠤᠨ ᠳᠣᠲᠣᠭᠠᠳᠤ ᠪᠤᠳᠤᠯ ᠢᠶᠠᠨ ᠢᠯᠡᠳᠬᠡᠪᠡ᠃      ᠬᠤᠨᠲᠣᠨ ᠪᠠᠭᠠᠲᠤᠷ ᠳᠡᠭᠦᠦ ᠶᠢᠨ ᠰᠢᠯᠦᠭ ᠨᠢ᠂ ᠡᠬᠡ ᠨᠤᠲᠤᠭ ᠤᠨ ᠪᠣᠷᠣ ᠬᠥᠷᠥᠰᠥᠨ ᠳᠤ ᠬᠥᠯ ᠵᠣᠭᠰᠣᠵᠤ᠂ ᠠᠮᠢᠳᠤᠷᠠᠯ ᠠᠬᠤᠢ ᠠᠴᠠ ᠰᠡᠷᠡᠯ ᠤᠨ ᠬᠦᠴᠦᠨ ᠰᠤᠪᠢᠵᠤ᠂ ᠮᠠᠯᠴᠢᠨ ᠬᠥᠮᠥᠨ ᠤ ᠴᠠᠶᠢᠯᠭᠠᠨ ᠴᠠᠭᠠᠨ ᠵᠠᠩ ᠴᠢᠨᠠᠷ᠂ ᠴᠡᠪᠡᠷ ᠪᠣᠷᠣᠭᠵᠢᠭᠤᠨ ᠬᠡᠯᠡ ᠬᠡᠯᠡᠯᠭᠡ ᠪᠠᠷ ᠢᠶᠠᠨ᠂ ᠠᠭᠤᠯᠠ ᠤᠰᠤ᠂ ᠪᠠᠶᠢᠭᠠᠯᠢ ᠠᠬᠤᠢ᠂ ᠠᠮᠢᠳᠤᠷᠠᠯ᠂ ᠠᠷᠠᠳ ᠲᠦᠮᠡᠨ ᠢᠶᠠᠨ ᠮᠠᠭᠲᠠᠨ ᠳᠠᠭᠤᠯᠠᠭᠰᠠᠨ ᠥᠭᠡᠳᠡᠷᠬᠡᠭ ᠦᠵᠡᠯ ᠪᠤᠳᠤᠯ ᠲᠠᠢ᠂ ᠲᠥᠪᠯᠡᠭᠦᠨ ᠪᠠᠶᠢᠷᠢ ᠶᠢᠨ ᠢᠷᠡᠭᠡᠳᠦᠢ ᠲᠠᠢ ᠵᠠᠯᠠᠭᠤ ᠰᠢᠯᠦᠭᠴᠢ ᠶᠤᠮ ᠪᠠᠶᠢᠨ᠎ᠠ ᠭᠡᠵᠦ ᠪᠤᠳᠤᠯ᠎ᠠ᠃ ᠲᠡᠭᠡᠭᠦ ᠳᠡᠭᠡᠨ ᠶᠠᠭᠠᠬᠢᠬᠤᠪ᠂ ᠬᠤᠶᠢᠰᠢᠳᠠ ᠶᠢᠨ ᠰᠢᠯᠦᠭ ᠤᠨ ᠠᠶᠠᠨ ᠳᠤ ᠦᠭᠡ ᠬᠡᠯᠡᠯᠭᠡ ᠶᠢᠨ ᠤᠷᠠᠯᠢᠭᠴᠢ ᠴᠢᠨᠠᠷ ᠵᠢᠴᠢ ᠳᠣᠲᠣᠭᠠᠳᠤ ᠪᠦᠲᠦᠴᠡ ᠶᠢᠨ ᠠᠪᠴᠠᠯᠳᠤᠭ᠎ᠠ ᠶᠢ ᠠᠩᠬᠠᠷᠬᠤ ᠴᠢᠬᠤᠯᠠᠲᠠᠢ ᠰᠢᠭ᠋ ᠰᠠᠨᠠᠭᠳᠠᠯ᠎ᠠ᠃                                                2022 ᠣᠨ ᠤ 3 ᠰᠠᠷ᠎ᠠ ᠶᠢᠨ 30 ᠤ ᠡᠳᠦᠷ      ᠬᠠ᠊· ᠠᠮᠤᠷᠵᠢᠷᠭᠠᠯ ᠤᠨ ᠲᠣᠪᠴᠢ ᠨᠠᠮᠲᠠᠷ᠄      ᠰᠢᠨ᠎ᠡ ᠪᠠᠷᠭᠤ ᠪᠠᠷᠠᠭᠤᠨ ᠬᠤᠰᠢᠭᠤᠨ ᠤ ᠤᠤᠯ ᠤᠨ ᠡᠷᠳᠡᠨᠢᠠ᠋ᠭᠤᠯᠠ ᠰᠤᠮᠤ ᠪᠠᠷ ᠨᠤᠲᠤᠭ ᠲᠠᠢ᠂ 1958 ᠣᠨ ᠳᠤ ᠬᠠᠳᠠᠭᠳᠠᠢ ᠬᠠᠯᠠ ᠶᠢᠨ ᠬᠠᠶ᠋ᠢᠩᠭᠢᠷᠸ᠎ᠠ ᠪᠣᠯᠣᠨ ᠲᠤᠯᠭᠤᠷ ᠤᠨ ᠤᠤᠭᠠᠨ ᠬᠦᠦ ᠪᠣᠯᠵᠤ ᠳᠦᠷᠦᠪᠡ᠃ 1980 ᠣᠨ ᠳᠤ ᠠᠵᠢᠯ ᠳᠤ ᠣᠷᠣᠵᠤ᠂ 1985 ᠣᠨ ᠳᠤ ᠨᠠᠮ ᠳᠤ ᠡᠯᠰᠡᠭᠳᠡᠵᠦ᠂ 1982 ᠣᠨ ᠳᠤ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠡᠪᠯᠡᠯ ᠤᠨ ᠰᠤᠷᠭᠠᠭᠤᠯᠢ ᠠᠴᠠ ᠲᠡᠭᠦᠰᠪᠡ᠃      ᠲᠡᠷᠡ ᠪᠠᠷ᠂ 1980 ︱ 1988 ᠣᠨ ᠬᠦᠷᠳᠡᠯ᠎ᠡ᠂  ᠤᠤᠯ  ᠤᠨ ᠡᠷᠳᠡᠨᠢᠠ᠋ᠭᠤᠯᠠ ᠰᠤᠮᠤᠨ ᠳᠤ ᠠᠵᠢᠯᠯᠠᠵᠤ᠂ 1988  ︱ 1993 ᠣᠨ ᠬᠦᠷᠳᠡᠯ᠎ᠡ᠂ ᠤᠤᠯ  ᠤᠨ ᠬᠠᠨᠭᠭᠤᠯᠠ ᠰᠤᠮᠤᠨ ᠳᠤ ᠠᠵᠢᠯᠯᠠᠵᠤ᠂ 1993  ︱  2001 ᠣᠨ ᠬᠦᠷᠳᠡᠯ᠎ᠡ᠂ ᠰᠢᠨ᠎ᠡ ᠪᠠᠷᠭᠤ ᠪᠠᠷᠠᠭᠤᠨ ᠬᠤᠰᠢᠭᠤᠨ ᠤ ᠨᠠᠮ ᠤᠨ ᠬᠤᠷᠢᠶᠠᠨ ᠤ ᠵᠣᠬᠢᠶᠠᠨ ᠪᠠᠶᠢᠭᠤᠯᠬᠤ ᠬᠡᠯᠲᠡᠰ ᠲᠤ ᠠᠵᠢᠯᠯᠠᠵᠤ᠂ 2001 ︱ 2018 ᠣᠨ ᠬᠦᠷᠳᠡᠯ᠎ᠡ᠂ ᠰᠢᠨ᠎ᠡ ᠪᠠᠷᠭᠤ ᠪᠠᠷᠠᠭᠤᠨ ᠬᠤᠰᠢᠭᠤᠨ ᠤ  ᠠᠷᠠᠳ ᠤᠨ ᠰᠠᠬᠢᠯᠭ᠎ᠠ ᠪᠠᠲᠤ ᠪᠠᠶᠢᠴᠠᠭᠠᠬᠤ ᠬᠤᠷᠢᠶᠠᠨ ᠳᠤ ᠠᠵᠢᠯᠯᠠᠪᠠ᠃      ᠲᠡᠷᠡ ᠪᠠᠷ᠂ 2007 ᠣᠨ ᠳᠤ᠂ ᠳ᠋ᠤ᠋·ᠴᠢᠯᠠᠭᠤᠨ ᠠᠭᠰᠠᠨ ᠲᠠᠢ ᠬᠠᠮᠲᠤᠷᠠᠨ ︽ᠭᠦᠯᠦ ᠰᠢᠷ᠎ᠠ ᠬᠤᠰᠢᠭᠤᠨ ᠤ ᠲᠡᠦᠬᠡᠨ ᠲᠡᠮᠳᠡᠭᠯᠡᠯ︾ ᠭᠡᠳᠡᠭ ᠣᠷᠣᠨ ᠨᠤᠲᠤᠭ ᠤᠨ ᠲᠡᠦᠬᠡ᠂ 2011 ᠣᠨ ᠳᠤ ︽ᠲᠠᠯ᠎ᠠ ᠶᠢᠨ ᠱᠤᠤᠭᠢᠶᠠᠨ︾ ᠭᠡᠳᠡᠭ ᠥᠭᠦᠯᠡᠯᠭᠡ ᠶᠢᠨ ᠵᠣᠬᠢᠶᠠᠯ᠂ 2014 ᠣᠨ ᠳᠤ ︽ᠰᠢᠨ᠎ᠡ ᠪᠠᠷᠭᠤ ᠪᠠᠷᠠᠭᠤᠨ ᠬᠤᠰᠢᠭᠤᠨ ᠤ ᠪᠥᠬᠡᠴᠦᠦᠯ ᠤᠨ ᠲᠡᠦᠬᠡ ᠲᠡᠮᠳᠡᠭᠯᠡᠯ︾ ᠭᠡᠳᠡᠭ ᠨᠣᠮ ᠬᠡᠪᠯᠡᠭᠦᠯᠪᠡ᠃      ᠲᠡᠷᠡ ᠪᠠᠷ᠂ ᠥᠪᠥᠷ ᠮᠣᠩᠭᠤᠯ ᠤᠨ ᠵᠣᠬᠢᠶᠠᠯᠴᠢᠳ ᠤᠨ ᠡᠪᠯᠡᠯ ᠤᠨ ᠭᠡᠰᠢᠭᠦᠨ᠂ ᠣᠷᠣᠨ ᠤ ᠳᠡᠰ ᠤᠨ ᠪᠣᠳᠠᠰ ᠤᠨ ᠪᠤᠰᠤ ᠰᠣᠶᠣᠯ ᠤᠨ ᠥᠪ ᠪᠤᠯᠬᠤ ᠪᠠᠷᠭᠤ ᠶᠢᠨ ᠲᠤᠯᠢᠶᠠᠳᠤ ᠪᠦᠭᠡ ᠶᠢᠨ ᠥᠪᠯᠡᠨ ᠤᠯᠠᠮᠵᠢᠯᠠᠭᠴᠢ᠂ ᠰᠢᠨ᠎ᠡ ᠪᠠᠷᠭᠤ ᠪᠠᠷᠠᠭᠤᠨ ᠬᠤᠰᠢᠭᠤᠨ ᠤ ︽ᠪᠠᠷᠭᠤ ᠰᠣᠶᠣᠯ ᠰᠤᠳᠤᠯᠭᠠᠨ ᠤ ᠨᠡᠶᠢᠭᠡᠮᠯᠢᠭ︾ ᠤᠨ ᠳᠡᠳ᠋ ᠲᠡᠷᠢᠭᠦᠯᠡᠭᠴᠢ᠂ ᠬᠤᠶᠠᠳᠤᠭᠠᠷ ᠬᠤᠭᠤᠴᠠᠭᠠᠨ ᠤ ︽ᠪᠠᠷᠭᠤ ᠪᠦᠬᠡ ᠶᠢᠨ ᠨᠡᠶᠢᠭᠡᠮᠯᠢᠭ︾ ᠤᠨ ᠲᠡᠷᠢᠭᠦᠯᠡᠭᠴᠢ ᠵᠡᠷᠭᠡ ᠨᠡᠶᠢᠭᠡᠮ ᠤᠨ ᠲᠤᠰᠢᠶᠠᠯ ᠡᠭᠦᠷᠭᠡᠯᠡᠵᠦ ᠢᠷᠡᠪᠡ᠃      ᠬᠤᠨᠲᠣᠨ ᠪᠠᠭᠠᠲᠤᠷ ᠤᠨ ᠲᠣᠪᠴᠢ ᠨᠠᠮᠲᠠᠷ᠄      1972 ᠣᠨ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ ᠤᠤᠯ ᠤᠨ ᠠᠳᠤᠭᠤᠨᠴᠢᠯᠠᠭᠤ ᠰᠤᠮᠤ ᠶᠢᠨ ︵ᠤᠳᠤ ᠶᠢᠨ ᠠᠷᠤᠬᠠᠰᠢᠶᠠᠳᠤ ᠪᠠᠯᠭᠠᠰᠤ ᠶᠢᠨ︶ ᠠᠳᠤᠭᠤᠨᠴᠢᠯᠠᠭᠤ ᠭᠠᠴᠠᠭ᠎ᠠ ᠶᠢᠨ ᠬᠤᠨᠲᠣᠨ ᠬᠠᠯᠠ ᠲᠠᠢ ᠮᠢᠭᠮᠡᠷ ᠪᠣᠯᠣᠨ ᠣᠶᠤᠨᠪᠢᠯᠢᠭ᠌ ᠤᠨ ᠭᠤᠷᠪᠠᠳᠤᠭᠠᠷ ᠬᠦᠦ ᠪᠣᠯᠣᠨ ᠵᠠᠶᠠᠭᠠᠪᠠ᠃      ᠲᠡᠷᠡ ᠪᠠᠷ 1980 ᠣᠨ ᠳᠤ ᠠᠳᠤᠭᠤᠨᠴᠢᠯᠠᠭᠤ ᠰᠤᠷᠭᠠᠭᠤᠯᠢ ᠳᠤ ᠣᠷᠣᠵᠤ᠂ 1988 ᠣᠨ ᠳᠤ ᠠᠩᠬ᠎ᠠ ᠳᠤᠮᠳᠠᠳᠤ ᠪᠠᠨ ᠲᠡᠭᠦᠰᠴᠦ᠂ ᠮᠠᠯᠴᠢᠨ ᠭᠠᠷᠤᠭ᠎ᠠ ᠪᠠᠨ ᠡᠬᠢᠯᠡᠭᠦᠯᠪᠡ᠃ 2016 ᠣᠨ ᠠᠴᠠ ᠡᠬᠢᠯᠡᠨ ᠰᠢᠯᠦᠭ ᠨᠠᠶᠢᠷᠠᠭᠤᠯᠤᠯ ᠤᠷᠤᠯᠳᠤᠵᠤ᠂ ᠤᠳᠤ ᠪᠤᠯᠳᠠᠯ᠎ᠠ ᠠᠶᠢᠮᠠᠭ ᠬᠤᠰᠢᠭᠤᠨ ᠤ ᠪᠠᠨ ᠬᠤᠷᠢᠭᠠᠳ ᠱᠠᠩᠨᠠᠯ ᠬᠥᠬᠢᠭᠦᠯᠦᠯ ᠢ ᠲᠤᠰᠴᠤ ᠪᠠᠶᠢᠭ᠎ᠠ ᠮᠠᠯᠴᠢᠨ ᠢᠷᠠᠭᠤ ᠨᠠᠶᠢᠷᠠᠭᠴᠢ ᠶᠢᠨ ᠨᠢᠭᠡᠨ᠃      ᠬᠠᠶᠢᠷ᠎ᠠ ᠬᠡᠯᠬᠢᠭᠰᠡᠨ ᠥᠨᠢᠳᠡ ᠶᠢᠨ ᠳᠤᠷᠠᠰᠤᠮᠵᠢ           ᠲᠤᠮᠳᠠᠳᠣ ᠶᠢᠨ ᠦᠨᠳᠦᠰᠦᠲᠡᠨ ᠤ ᠬᠠᠮᠲᠤ ᠶᠢᠨ            ᠴᠣᠭᠴᠠ  ᠶᠢᠨ ᠤᠬᠠᠮᠰᠠᠷ ᠢ ᠬᠠᠷᠠᠭᠤᠯᠤᠨ            ᠦᠨᠳᠦᠰᠦᠲᠡᠨ ᠤ ᠬᠠᠶᠢᠷ᠎ᠠ ᠰᠡᠳᠬᠢᠯᠭᠡ ᠶᠢ            ᠢᠯᠡᠷᠡᠭᠦᠯᠦᠭᠰᠡᠨ ᠮᠢᠭᠮᠡᠷ ᠨᠠᠰᠤᠲᠠᠨ ᠤ            ᠦᠨᠡᠨ ᠤᠴᠠᠷᠠᠯ ᠢ ᠲᠡᠮᠳᠡᠭᠯᠡᠪᠡ                                        ᠮᠣᠯᠣᠷ      ᠥᠩᠭᠡᠷᠡᠵᠦ ᠣᠲᠣᠭᠰᠠᠨ ᠲᠡᠦᠬᠡ ᠶᠢᠨ ᠦᠨᠡᠨ ᠪᠢᠳᠡᠡ ᠤ ᠪᠣᠳᠣᠯ ᠰᠡᠳᠬᠢᠯ ᠳᠤ ᠬᠡᠵᠢᠶᠡᠳᠡ ᠮᠠᠷᠲᠠᠭᠳᠠᠰᠢ ᠦᠭᠡᠢ ᠮᠥᠩᠬᠡ ᠶᠢᠨ ᠳᠤᠷᠠᠰᠤᠮᠵᠢ ᠪᠣᠯᠣᠨ ᠦᠯᠡᠳᠡᠳᠡᠭ᠃ ᠪᠢᠳᠡᠡ ᠤ ᠣᠷᠣᠰᠢᠨ ᠠᠮᠢᠳᠤᠷᠠᠵᠤ ᠪᠠᠶᠢᠭ᠎ᠠ ᠭᠠᠵᠠᠷ ᠨᠤᠲᠤᠭ ᠲᠤ ᠠᠯᠢ ᠨᠢᠭᠡᠨ ᠴᠠᠭ ᠦᠶ᠎ᠡ ᠳᠤ ᠡᠭᠦᠰᠴᠦ ᠪᠠᠶᠢᠭᠰᠠᠨ ᠲᠡᠦᠬᠡ ᠶᠢᠨ ᠪᠣᠳᠠᠲᠤ ᠦᠨᠡᠨ ᠤᠴᠠᠷᠠᠯ ᠪᠤᠭᠤᠷᠤᠯ ᠤᠳ ᠤᠨ ᠠᠮᠠᠨ ᠶᠠᠷᠢᠶ᠎ᠠ ᠪᠠᠷ ᠵᠠᠷᠢᠮ ᠨᠢ ᠰᠤᠳᠤᠷ ᠨᠣᠮ ᠳᠤ ᠪᠢᠴᠢᠭᠳᠡᠡ᠂ ᠵᠠᠷᠢᠮ  ᠦᠨᠡᠲᠦ ᠵᠦᠢᠯ ᠨᠢ ᠠᠷᠠᠳ ᠤᠨ ᠳᠤᠮᠳᠠ ᠤᠯᠠᠮᠵᠢᠯᠠᠭᠳᠠᠨ ᠶᠠᠷᠢᠭᠳᠠᠭᠰᠠᠭᠠᠷ ᠁  ᠳᠡᠭᠡᠷ᠎ᠡ ᠵᠠᠭᠤᠨ ᠤ ᠳᠥᠴᠢᠭᠡᠳ ᠣᠨ᠂ ᠳᠠᠷᠤᠢ ᠶᠠᠫᠤᠨ ᠢ ᠡᠰᠡᠷᠭᠦᠴᠡᠬᠦ ᠲᠠᠶᠢᠨ ᠤ ᠦᠶ᠎ᠡ ᠪᠠᠷ ᠮᠠᠨ ᠤ ᠪᠠᠷᠭᠤ ᠶᠢᠨ ᠲᠠᠯ᠎ᠠ ᠳᠤ ᠮᠠᠰᠢ ᠣᠯᠠᠨ ᠦᠨᠡᠨ ᠲᠡᠦᠬᠡ ᠳᠤᠷᠠᠰᠤᠭᠳᠠᠨ ᠦᠯᠡᠳᠡᠭᠰᠡᠨ ᠢ ᠬᠤᠶᠢᠴᠢ ᠦᠶ᠎ᠡ ᠶᠢᠨ ᠬᠢᠨ ᠮᠠᠷᠲᠠᠵᠤ ᠶᠠᠭᠠᠬᠢᠨ ᠴᠢᠳᠠᠬᠤ ᠪᠢᠯᠡ᠃ ᠲᠦᠮᠡᠨ ᠪᠣᠳᠠᠰ ᠠᠮᠢᠯᠠᠨ ᠲᠥᠯᠵᠢᠭᠰᠡᠨ 2022 ᠣᠨ ᠤ 6 ᠰᠠᠷ᠎ᠠ ᠶᠢᠨ ᠡᠬᠢ ᠪᠠᠷ ᠡᠶᠢᠮᠦ ᠨᠢᠭᠡᠨ ᠪᠣᠳᠠᠲᠤ ᠲᠡᠦᠬᠡᠨ ᠤᠴᠠᠷᠠᠯ ᠢ ᠣᠶᠢᠯᠠᠭᠠᠬᠤ ᠪᠠᠷ ᠰᠢᠨ᠎ᠡ ᠪᠠᠷᠭᠤ ᠪᠠᠷᠠᠭᠤᠨ  ᠬᠤᠰᠢᠭᠤᠨ ᠤ ᠬᠡᠷᠦᠯᠦᠨ ᠰᠤᠮᠤᠨ ᠤ ᠰᠠᠷᠠᠭᠤᠯᠵᠠᠮ ᠭᠠᠴᠠᠭᠠᠨ ᠤ ᠮᠠᠯᠴᠢᠨ ᠮᠢᠭᠮᠡᠷ ᠨᠠᠰᠤᠲᠠᠨ ᠤ ᠳᠤ ᠬᠦᠷᠬᠦ ᠳᠤ ᠨᠠᠰᠤᠲᠠᠨ ᠮᠠᠨᠢ ᠤᠬᠠᠭᠠᠨ ᠰᠠᠨᠠᠭ᠎ᠠ ᠰᠠᠷᠠᠭᠤᠯᠬᠠᠨ᠂ ᠪᠡᠶ᠎ᠡ ᠲᠡᠩᠬᠡᠭᠡ ᠠᠨᠤᠬᠠᠨ ᠪᠠᠶᠢᠵᠤ ᠪᠢᠳᠡᠡ ᠢ ᠪᠠᠶᠠᠷᠲᠠᠢ ᠬᠦᠯᠢᠶᠡᠵᠦ ᠠᠪᠴᠠᠢ᠃ ᠮᠢᠭᠮᠡᠷ ᠨᠠᠰᠤᠲᠠᠨ ᠤ ᠲᠤᠬᠠᠢ ᠬᠤᠰᠢᠭᠤ ᠨᠤᠲᠤᠭ ᠤᠨ ᠨᠡᠷᠡᠲᠦ ᠮᠠᠯᠴᠢᠨ ᠢᠷᠠᠭᠤ ᠨᠠᠶᠢᠷᠠᠭᠴᠢ ᠠᠭᠰᠠᠨ ᠶ᠊ · ᠠᠳᠢᠶ᠎ᠠ ᠭᠤᠸᠠᠢ ᠶᠢᠨ ᠨᠠᠶᠢᠷᠠᠭᠤᠯᠤᠭᠰᠠᠨ ︽ᠰᠠᠷᠠᠭᠤᠯᠵᠠᠮ ᠤᠨ ᠳᠥᠴᠢᠨ ᠵᠢᠯ︾ ᠭᠡᠬᠦ ᠨᠣᠮ ᠠᠴᠠ ᠤᠩᠰᠢᠨ ᠣᠶᠢᠯᠠᠭᠠᠭᠰᠠᠨ ᠶᠤᠮ᠃ ᠡᠶᠢᠨ ᠬᠦ ᠰᠤᠷᠪᠤᠯᠵᠢᠯᠠᠭᠴᠢ ᠪᠣᠳᠠᠲᠤ ᠲᠡᠦᠬᠡ ᠶᠢ ᠣᠶᠢᠯᠠᠭᠠᠬᠤ ᠪᠠᠷ ᠨᠠᠰᠤᠲᠠᠨ ᠲᠠᠢ ᠨᠢᠭᠤᠷᠳᠠᠨ ᠠᠭᠤᠯᠵᠠᠬᠤ ᠶᠢ ᠵᠣᠷᠢᠵᠤ ᠢᠷᠡᠭᠰᠡᠨ ᠮᠠᠨᠢ ᠡᠨᠡ ᠪᠠᠶᠢᠯ᠎ᠠ᠃      ᠮᠢᠭᠮᠡᠷ ᠭᠤᠸᠠᠢ 1944 ᠣᠨ ᠤ ᠪᠢᠯᠢᠭ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠳᠤ ᠰᠢᠨ᠎ᠡ ᠪᠠᠷᠭᠤ ᠪᠠᠷᠠᠭᠤᠨ ᠬᠤᠰᠢᠭᠤᠨ ᠤ ᠳᠡᠭᠦᠦᠳᠡᠢ ᠬᠡᠮᠡᠬᠦ ᠭᠠᠵᠠᠷ ᠵᠠᠭᠤᠭᠠᠷ ᠲᠠᠯᠠᠩᠭᠤᠳ ᠣᠪᠣᠭ ᠲᠠᠢ ᠪᠢᠮᠪᠠ ᠶᠢᠨ ᠣᠳᠬᠤᠨ ᠬᠥᠪᠡᠭᠦᠨ ᠪᠣᠯᠣᠨ ᠲᠦᠷᠦᠵᠡᠢ᠃ ᠲᠡᠷᠡ ᠪᠠᠷ ᠬᠤᠶᠠᠷ ᠨᠠᠰᠤᠲᠠᠢ ᠳᠠᠭᠠᠨ ᠨᠢᠭᠡᠨ ᠬᠢᠲᠠᠳ ᠬᠥᠮᠥᠨ ᠳᠤ ᠬᠡᠳᠦᠨ ᠰᠠᠷ᠎ᠠ ᠲᠡᠵᠢᠭᠡᠭᠳᠡᠭᠰᠡᠨ ᠲᠡᠦᠬᠡ ᠲᠠᠢ᠃ 1945 ᠣᠨ ᠤ ᠵᠣᠨ ᠲᠡᠳᠡᠨᠡᠶᠢᠬᠢ  ᠣᠳᠣ ᠶᠢᠨ ᠪᠤᠶᠢᠷ ᠰᠤᠮᠤᠨ ᠤ ᠪᠣᠳᠠᠭᠠᠳᠣ ᠭᠡᠳᠡᠭ ᠭᠠᠵᠠᠷ ᠨᠤᠲᠤᠭᠯᠠᠵᠤ ᠪᠠᠶᠢᠪᠠ᠃ ᠲᠤᠰ ᠣᠨ ᠳᠤ ᠶᠠᠫᠤᠨ ᠢ ᠡᠰᠡᠷᠭᠦᠴᠡᠬᠦ ᠲᠠᠶᠢᠨ ᠢᠯᠠᠯᠲᠠ ᠣᠯᠵᠤ᠂ ᠶᠠᠫᠤᠨ ᠡᠵᠡᠷᠬᠡᠭ ᠲᠦᠷᠢᠮᠡᠬᠡᠶᠢᠲᠡᠨ ᠢ ᠨᠤᠲᠤᠭ ᠣᠷᠣᠨ ᠠᠴᠠ ᠪᠠᠨ ᠦᠯᠳᠡᠨ ᠬᠥᠭᠡᠭᠡᠵᠦ᠂  ᠴᠠᠭ ᠡᠷᠢᠨ ᠠᠷᠠᠢ ᠲᠣᠭᠲᠠᠪᠤᠷᠢᠵᠢᠭ᠎ᠠ ᠦᠭᠡᠢ ᠪᠠᠶᠢᠵᠠᠢ᠃      ᠲᠡᠷᠡ ᠵᠢᠯ ᠤᠨ ᠵᠣᠨ ᠤ ᠨᠢᠭᠡᠨ ᠬᠠᠯᠠᠭᠤᠨ ᠡᠳᠦᠷ ᠮᠢᠭᠮᠡᠷ ᠤᠨ ᠡᠴᠢᠭᠡ ᠨᠢ ᠮᠠᠯ ᠳᠠᠭᠠᠨ ᠶᠠᠪᠤᠵᠤ ᠡᠵᠢ ᠨᠢ ᠬᠡᠦᠬᠡᠳ ᠢᠶᠠᠨ ᠲᠡᠪᠡᠷᠢᠨ ᠭᠡᠷ ᠲᠡᠭᠡᠨ ᠢᠷᠡᠬᠦ ᠳᠤ ᠬᠡᠳᠦᠨ ᠶᠠᠫᠤᠨ ᠴᠡᠷᠢᠭ ᠬᠠᠮᠤᠭ ᠶᠠᠭᠤᠮ᠎ᠠ ᠶᠢ ᠨᠢ ᠣᠩᠭᠢᠯᠴᠢᠬᠠᠭᠰᠠᠨ᠂ ᠰᠦᠨ ᠤ ᠥᠷᠥᠮ᠎ᠡ ᠶᠢ ᠨᠢ ᠢᠳᠡᠵᠦ᠂ ᠰᠦ ᠶᠢ ᠨᠢ ᠭᠠᠵᠠᠷ ᠠᠰᠬᠠᠴᠢᠬᠠᠭᠰᠠᠨ ᠳᠡᠭᠡᠷᠡᠮᠳᠡᠯᠭᠡ ᠶᠢᠨ ᠴᠢᠨᠠᠷᠲᠠᠢ ᠰᠠᠭᠤᠵᠤ ᠳᠡᠷᠭᠡᠳᠡ ᠨᠢ ᠮᠣᠩᠭᠤᠯ ᠬᠡᠯᠡ ᠪᠠᠭ᠋ᠠᠨ ᠮᠡᠳᠡᠳᠡᠭ ᠠᠯᠳᠠᠨ ᠰᠢᠳᠦᠳᠡᠢ ᠬᠢᠲᠠᠳ ᠡᠷᠡᠭᠲᠡᠢ ᠪᠣᠯᠣᠨ ᠨᠢᠭᠡ ᠬᠡᠦᠬᠡᠳ ᠲᠡᠪᠡᠷᠢᠭᠰᠡᠨ ᠬᠢᠲᠠᠳ ᠡᠮᠡᠭᠲᠡᠢ᠂ ᠬᠡᠳᠦᠨ ᠬᠡᠦᠬᠡᠳ ᠪᠠᠶᠢᠵᠠᠢ᠃ ᠶᠠᠫᠤᠨ ᠳᠡᠭᠡᠷᠡᠮ  ᠠᠶᠤᠯᠭᠠᠨ ᠰᠦᠷᠳᠡᠭᠦᠯᠵᠦ ᠪᠠᠶᠢᠭᠠᠳ ᠮᠢᠭᠮᠡᠷ ᠤᠨ ᠡᠵᠢ ᠶᠢ ᠨᠢ ᠬᠡᠦᠬᠡᠳ ᠲᠠᠢ ᠨᠢ᠂ ᠲᠡᠳᠡᠨ ᠲᠠᠢ ᠬᠠᠮᠲᠤ ᠶᠠᠪᠠᠭᠠᠨ ᠲᠠᠭᠤᠭᠰᠠᠭᠠᠷ ᠶᠠᠪᠤᠪᠠ ᠭᠡᠨ᠎ᠡ᠃      ᠲᠡᠷᠡ ᠦᠶ᠎ᠡ ᠳᠤ ᠮᠢᠭᠮᠡᠷ ᠢ ᠡᠬᠡ ᠨᠢ ᠡᠭᠦᠷᠴᠦ᠂ ᠨᠠᠢᠮᠠᠨ ᠨᠠᠰᠤᠲᠠᠢ ᠬᠤᠲᠤᠭ ᠠᠬ᠎ᠠ ᠨᠢ ᠲᠠᠭᠠᠵᠦ ᠪᠠᠶᠢᠵᠠᠢ᠃ ᠲᠡᠳᠡᠨᠡᠷ ᠶᠠᠪᠤᠭᠰᠠᠭᠠᠷ ᠨᠡᠯᠢᠶᠡᠳ ᠶᠠᠳᠠᠷᠠᠵᠤ ︽ᠴᠢᠯᠠᠭᠤᠲᠤ ᠶᠢᠨ ᠭᠦᠦᠷ︾ ᠭᠡᠳᠡᠭ ᠭᠠᠵᠠᠷ᠂ ᠬᠡᠳᠦᠨ ᠡᠪᠳᠡᠷᠬᠡᠢ ᠰᠢᠪᠠᠷ ᠪᠠᠶᠢᠰᠢᠩ ᠤᠨ ᠳᠡᠷᠭᠡᠳᠡ ᠬᠦᠷᠴᠦ ᠢᠷᠡᠪᠡ᠃ ᠶᠠᠫᠤᠨ ᠴᠡᠷᠢᠭ ᠤᠳ ᠡᠪᠳᠡᠷᠬᠡᠢ ᠪᠠᠶᠢᠰᠢᠩ ᠳᠤ ᠠᠮᠠᠷᠠᠨ ᠬᠤᠭᠤᠯᠠ ᠬᠢᠵᠦ ᠢᠳᠡᠵᠦ ᠪᠠᠶᠢᠲᠠᠯ᠎ᠠ ᠨᠢᠭᠡ ᠣᠷᠣᠰ ᠤᠨ ᠬᠥᠩᠭᠡᠨ ᠮᠠᠰᠢᠨ ᠲᠡᠷᠭᠡᠳᠡᠭᠦᠷ ᠨᠢ ᠥᠩᠭᠡᠷᠡᠨ ᠬᠤᠯᠠ ᠠᠴᠠ ᠬᠡᠰᠡᠭ ᠫᠤᠳᠠᠯᠴᠢᠬᠠᠭᠰᠠᠠ ᠢᠶᠠᠨ ᠡᠷᠭᠢᠭᠡᠳ ᠶᠠᠪᠤᠴᠢᠬᠠᠪᠠ᠃ ᠤᠳᠠᠯ ᠦᠭᠡᠢ ᠨᠢᠵᠢᠭᠢᠷ ᠶᠡᠭᠡ ᠪᠠᠷ᠎ᠠ ᠬᠠᠷᠠᠭᠳᠠᠨ ᠫᠤᠤ ᠶᠢᠨ ᠲᠠᠭᠤᠨ ᠨᠢᠵᠢᠭᠢᠨᠡᠨ ᠰᠤᠮᠤ ᠮᠥᠨᠳᠥᠷ ᠰᠢᠭ ᠪᠠᠭᠤᠨ ᠲᠤᠯᠤᠯᠳᠤᠵᠤ᠂ ᠲᠠᠭᠤᠭᠳᠠᠵᠤ ᠪᠠᠶᠢᠭᠰᠠᠨ ᠬᠡᠳᠦᠨ ᠬᠥᠮᠥᠰ ᠬᠡᠦᠬᠡᠳ ᠤᠳ ᠲᠠᠢ ᠪᠠᠨ ᠨᠢᠭᠡᠨ ᠡᠪᠳᠡᠷᠬᠡᠢ ᠪᠠᠶᠢᠰᠢᠩ ᠳᠤ ᠠᠮᠢ ᠳᠠᠯᠳᠠᠯᠠᠨ ᠪᠥᠭᠡᠮᠨᠡᠷᠡᠨ ᠬᠤᠷᠭᠤᠳᠠᠪᠠ᠃ ᠫᠤᠤ ᠶᠢᠨ ᠰᠤᠮᠤ ᠰᠢᠷᠦᠭᠦᠰᠴᠦ ᠪᠠᠶᠢᠭᠰᠠᠨ ᠢᠶᠠᠨ ᠬᠡᠰᠡᠭ ᠵᠠᠭᠤᠷ᠎ᠠ ᠨᠠᠮᠳᠠᠬᠤ ᠬᠤᠭᠤᠷᠣᠨᠳᠤ ᠮᠢᠭᠮᠡᠷ ᠤᠨ ᠡᠵᠢ ᠨᠢ ᠬᠡᠦᠬᠡᠳ ᠢᠶᠠᠨ ᠲᠡᠪᠡᠷᠢᠨ ᠰᠠᠨᠳᠤᠷᠤᠨ ᠭᠠᠷᠴᠤ ᠬᠡᠳᠦ ᠠᠯᠬᠤᠬᠤ ᠶᠢ ᠵᠠᠪᠳᠤᠲᠠᠯ᠎ᠠ ᠬᠡᠷᠴᠡᠭᠡᠢ ᠶᠠᠫᠤᠨ ᠴᠡᠷᠢᠭ ᠤᠨ ᠰᠤᠮᠤᠨ ᠳᠤ ᠣᠨᠣᠭᠳᠠᠨ ᠲᠡᠷᠡ ᠳᠣᠣᠷ᠎ᠠ ᠪᠠᠨ ᠠᠮᠢ ᠦᠷᠡᠭᠳᠡᠪᠡ᠃ ᠤᠯᠠᠭᠠᠨ ᠴᠢᠰᠤ ᠨᠡᠯᠦᠶᠢᠨ ᠤᠷᠤᠰᠴᠤ ᠡᠵᠢ ᠶᠢᠨ ᠢᠶᠠᠨ ᠲᠡᠪᠡᠷᠢ ᠳᠤ ᠪᠠᠶᠢᠭᠰᠠᠨ ᠮᠢᠭᠮᠡᠷ ᠴᠢᠰᠤᠨ ᠳᠤᠮᠳᠠ ᠠᠷᠠᠢ ᠴᠢᠷᠠᠯᠠᠨ ᠲᠡᠯᠴᠢᠯᠡᠨ᠎ᠡ᠃ ᠤᠳᠠᠯ ᠦᠭᠡᠢ ᠶᠠᠫᠤᠨ ᠴᠡᠷᠢᠭ ᠤᠳ ᠤᠰᠠᠳᠬᠠᠭᠳᠠᠨ ᠫᠤᠤ ᠶᠢᠨ ᠲᠠᠭᠤᠨ ᠵᠣᠭᠰᠣᠵᠤ ᠣᠷᠣᠰ ᠴᠡᠷᠢᠭ ᠤᠳ ᠬᠦᠷᠴᠦ ᠢᠷᠡᠭᠡᠳ ᠠᠮᠢᠳᠤ ᠦᠯᠡᠳᠡᠭᠰᠡᠨ ᠨᠢᠷᠠᠢ ᠬᠡᠦᠬᠡᠳ ᠲᠠᠢ ᠬᠢᠲᠠᠳ ᠡᠬᠡᠨᠡᠷ ᠪᠣᠯᠣᠨ ᠠᠯᠳᠠᠠ ᠰᠢᠳᠦᠲᠦ ᠡᠷᠡᠭᠲᠡᠢ ᠳᠤ ᠮᠢᠬ᠎ᠠ᠂ ᠠᠮᠤ ᠪᠤᠳᠠᠭ᠎ᠠ ᠵᠡᠷᠭᠡ ᠢᠳᠡᠬᠦ ᠬᠦᠨᠡᠰᠦ ᠶᠢ ᠣᠷᠬᠢᠭᠠᠳ ᠶᠠᠪᠤᠵᠠᠢ᠃ ᠬᠥᠮᠥᠨ ᠠᠮᠢᠳᠠᠨ ᠤ ᠪᠠᠷ᠎ᠠ ᠦᠭᠡᠢ ᠲᠠᠶᠢᠨ ᠤ ᠪᠠᠭᠤᠷᠢ ᠪᠣᠯᠤᠭᠰᠠᠨ ᠡᠪᠳᠡᠷᠬᠡᠢ ᠪᠠᠶᠢᠰᠢᠩ ᠳᠤ ᠲᠡᠳᠡ ᠨᠡᠯᠢᠶᠡᠳ ᠬᠡᠲᠦ ᠬᠤᠨᠣᠪᠠ᠃ ᠡᠭᠦᠨ ᠳᠤ ᠬᠢᠲᠠᠳ ᠡᠬᠡᠨᠡᠷ ᠥᠪᠡᠷ ᠤᠨ ᠬᠡᠦᠬᠡᠳ ᠪᠣᠯᠣᠨ ᠮᠢᠭᠮᠡᠷ ᠢ ᠡᠭᠡᠯᠵᠢᠯᠡᠨ ᠬᠥᠬᠦᠭᠦᠯᠵᠦ᠂ ᠰᠦ ᠨᠢ ᠬᠦᠷᠬᠦ ᠦᠭᠡᠢ ᠪᠣᠯᠪᠠᠯ ᠰᠢᠩᠭᠡᠨ ᠪᠤᠳᠠᠭᠠᠨ ᠤ ᠰᠥᠮᠥᠰᠤ ᠤᠤᠭᠤᠯᠭᠠᠵᠤ ᠮᠢᠬ᠎ᠠ ᠵᠢᠵᠢᠭᠯᠡᠨ ᠬᠡᠷᠴᠢᠵᠦ ᠠᠮᠠᠨ ᠳᠤᠨᠢ ᠬᠢᠵᠦ ᠥᠭᠭᠦᠨ ᠡᠨᠡ ᠬᠡᠳᠦᠭᠦᠯᠡ ᠠᠮᠢ ᠵᠠᠯᠭᠠᠨ ᠠᠮᠢᠳᠤᠷᠠᠵᠤ ᠪᠠᠶᠢᠯ᠎ᠠ᠃ ᠨᠢᠭᠡᠨ ᠡᠳᠦᠷ ᠮᠢᠭᠮᠡᠷ ᠤᠨ ᠠᠬ᠎ᠠ ᠬᠡᠳᠦᠨ ᠯᠠᠮᠠ ᠡᠨᠡᠭᠦᠷ ᠶᠠᠪᠠᠭᠠᠨ ᠥᠩᠭᠡᠷᠡᠬᠦ ᠲᠠᠢ ᠲᠠᠭᠠᠷᠠᠯᠳᠤᠨ ᠳᠣᠲᠣᠷ᠎ᠠ ᠨᠢ ᠶᠠᠪᠤᠵᠤ ᠪᠠᠶᠢᠭᠰᠠᠨ ᠥᠪᠡᠷ ᠤᠨ ︽ᠨᠠᠶᠢᠵᠠ ᠠᠮᠪᠠᠢ︾ ᠪᠠᠨ ᠲᠠᠨᠢᠨ ᠳᠠᠭᠤᠳᠠᠬᠤ ᠳᠤ ᠲᠡᠷᠡ ᠯᠠᠮᠠ ᠰᠣᠴᠢᠨ ᠭᠠᠶᠢᠬᠠᠨ ᠬᠠᠷᠠᠪᠠᠯ ᠬᠡᠳᠦᠨ ᠬᠡᠦᠬᠡᠳ ᠭᠦᠶᠦᠯᠳᠦᠵᠦ ᠪᠠᠶᠢᠯ᠎ᠠ᠃ ᠲᠡᠭᠡᠭᠡᠳ ᠲᠡᠳᠡ ᠪᠦᠭᠦᠳᠡᠭᠦᠯᠡ ᠲᠠᠢ ᠨᠢ ᠨᠢᠭᠤᠷ ᠤᠴᠠᠷᠠᠨ ᠪᠠᠶᠢᠳᠠᠯ ᠢ ᠣᠶᠢᠯᠠᠭᠠᠭᠰᠠᠨ ᠪᠠᠶᠢᠨ᠎ᠠ᠃ ᠯᠠᠮᠠ ᠨᠠᠷ ᠠᠴᠠ ᠬᠡᠳᠦᠨ ᠬᠡᠦᠬᠡᠳ ᠤᠳ ᠤᠨ ᠭᠡᠷ ᠤᠨ ᠬᠥᠮᠥᠰ ᠪᠣᠯᠣᠨ ᠲᠦᠷᠣᠯ ᠰᠠᠳᠣᠨ ᠳᠤᠨᠢ ᠴᠢᠮᠡᠭᠡ ᠥᠭᠬᠦ ᠳᠤ ᠤᠳᠠᠬᠤ ᠦᠭᠡᠢ ᠲᠤᠰᠴᠣ ᠠᠪᠠᠴᠢᠵᠠᠢ᠃ ᠮᠢᠭᠮᠡᠷ ᠬᠢᠲᠠᠳ ᠡᠵᠢ ᠶᠢᠨ ᠭᠠᠷ ᠲᠤ ᠲᠡᠵᠢᠭᠡᠭᠳᠡᠨ ᠬᠡᠳᠦᠨ ᠰᠠᠷ᠎ᠠ ᠶᠢᠨ ᠲᠠᠷᠠᠭ᠎ᠠ ᠠᠪᠤ ᠨᠢ ᠰᠤᠷᠠᠭ ᠢᠶᠠᠷ ᠲᠠᠮᠵᠢᠨ ᠢᠷᠡᠵᠦ ᠠᠪᠠᠴᠢᠨ ᠲᠠᠪᠤ ᠨᠠᠰᠤᠯᠠᠭᠰᠠᠨ ᠤ ᠬᠤᠶᠢᠨ᠎ᠠ ᠲᠦᠷᠣᠯ ᠪᠣᠯᠬᠤ ᠰᠦᠷᠦᠩ ᠤᠨ ᠳᠤ ᠦᠷᠡᠴᠢᠯᠡᠭᠦᠯᠦᠭᠰᠡᠨ ᠶᠤᠮ᠃ ᠬᠤᠵᠢᠮ ᠨᠢ ᠮᠢᠭᠮᠡᠷ ᠲᠣᠮᠣ ᠪᠣᠯᠤᠭᠰᠠᠨ ᠤ ᠲᠠᠷᠠᠭ᠎ᠠ ᠡᠨᠡᠷᠢᠩᠭᠦᠢ ᠰᠠᠶᠢᠬᠠᠨ ᠰᠡᠳᠬᠢᠯ ᠲᠠᠢ ᠬᠢᠲᠠᠳ ᠡᠵᠢ ᠪᠣᠯᠣᠨ ᠠᠯᠳᠠᠠ ᠰᠢᠳᠦᠲᠦ ᠠᠴᠢᠲᠠᠨ ᠢ ᠡᠷᠢᠨ ᠰᠤᠷᠠᠭᠯᠠᠭᠰᠠᠨ ᠪᠣᠯᠪᠠᠴᠣ ᠣᠯᠣᠭᠰᠠᠨ ᠦᠭᠡᠢ ᠪᠠᠶᠢᠵᠤ᠂ ᠨᠤᠲᠤᠭ ᠤᠨ ᠬᠢᠨᠢ ᠬᠥᠮᠥᠰ ᠤᠨ ᠬᠡᠯᠡᠬᠦ ᠪᠠᠷ ᠲᠠᠶᠢᠨ ᠠᠴᠠ ᠬᠤᠶᠢᠰᠢ ᠳᠡᠮᠡᠢ ᠤᠳᠠᠭ᠎ᠠ ᠦᠭᠡᠢ ᠱᠠᠨ ᠰᠢ ᠮᠤᠵᠢ ᠳᠠᠭᠠᠨ ᠪᠤᠴᠠᠭᠰᠠᠨ ᠭᠡᠳᠡᠭ ᠴᠢᠮᠡᠭᠡ ᠣᠯᠪᠠ᠃      ᠲᠤᠬᠠᠢ ᠶᠢᠨ ᠦᠶ᠎ᠡ ᠶᠢᠨ ᠲᠤᠶᠢᠯ ᠤᠨ ᠬᠦᠴᠢᠷ ᠪᠡᠷᠬᠡ ᠣᠷᠴᠢᠨ ᠨᠥᠬᠦᠴᠡᠯ ᠳᠤ ᠨᠠᠮᠠᠶᠢ ᠥᠷᠥᠭᠡᠯ ᠤᠨ ᠬᠡᠦᠬᠡᠳ ᠭᠡᠵᠦ ᠢᠯᠭᠠᠯ ᠦᠭᠡᠢ ᠬᠠᠶᠢᠷᠠᠲᠠᠢ ᠦᠷ᠎ᠡ ᠲᠠᠢ ᠪᠠᠨ ᠢᠵᠢᠯᠢᠰᠢᠭᠦᠯᠦᠨ ᠡᠩᠬᠦᠷᠡᠶᠢᠯᠡᠵᠦ ᠴᠠᠭᠠᠨ ᠰᠦ ᠪᠠᠨ ᠬᠥᠬᠦᠭᠦᠯᠦᠨ ᠠᠯᠳᠠᠨ ᠠᠮᠢ ᠶᠢ ᠠᠪᠤᠷᠠᠭᠰᠠᠨ ︽ᠬᠢᠲᠠᠳ ᠡᠵᠢ︾ ᠶᠢᠨ ᠮᠢᠨᠢ ᠠᠴᠢ ᠡᠨᠡᠷᠢᠯ ᠢ ᠶᠠᠭᠤ ᠪᠠᠷ ᠴᠤ ᠬᠠᠷᠢᠭᠤᠯᠤᠭᠠᠳ ᠪᠠᠷᠠᠰᠢ ᠦᠭᠡᠢ ᠶᠤᠮ᠃ ᠳᠤᠮᠳᠠᠷᠠᠰᠢ ᠦᠭᠡᠢ ᠴᠠᠶᠢᠯᠭᠠᠨ ᠰᠡᠳᠬᠢᠯ ᠲᠠᠢ ᠲᠡᠷᠡ ᠡᠵᠢ ᠶᠢᠨ ᠢᠶᠠᠨ ᠠᠴᠢ ᠪᠠᠷ ᠡᠳᠦᠢ ᠥᠨᠳᠥᠷ ᠨᠠᠰᠤᠯᠠᠲᠠᠯ᠎ᠠ ᠬᠤᠷᠸ᠎ᠠ ᠶᠢᠨ ᠨᠠᠷᠠ ᠶᠢ ᠪᠦᠲᠦᠨ ᠤᠭᠲᠤᠵᠤ ᠶᠠᠪᠤᠭ᠎ᠠ ᠳᠠᠭᠠᠨ ᠪᠢ ᠦᠨᠡᠬᠡᠷ ᠤᠨ ᠶᠡᠭᠡ ᠠᠵᠠ ᠵᠢᠷᠭᠠᠯ ᠲᠠᠢ ᠪᠠᠶᠢᠨ᠎ᠠ ᠭᠡᠵᠦ ᠮᠢᠭᠮᠡᠷ ᠨᠠᠰᠤᠲᠠᠨ ᠰᠡᠳᠬᠢᠯ  ᠳᠣᠭᠳᠣᠯᠤᠨ ᠶᠠᠷᠢᠯ᠎ᠠ᠃      ᠤᠬᠠᠭ᠎ᠠ ᠲᠣᠮᠤᠭ᠎ᠠ ᠣᠷᠣᠭᠰᠠᠨ ᠤ ᠲᠠᠷᠠᠭ᠎ᠠ ᠮᠣᠩᠭᠤᠯ᠂ ᠬᠢᠲᠠᠳ ᠬᠤᠶᠠᠷ ᠡᠵᠢ ᠶᠢᠨ ᠢᠶᠠᠨ ᠡᠨᠡᠷᠢᠩᠭᠦᠢ ᠳᠦᠷᠢ ᠶᠢ ᠮᠢᠭᠮᠡᠷ ᠭᠤᠸᠠᠢ ᠰᠡᠳᠬᠢᠯ ᠵᠢᠷᠦᠬᠡᠨ  ᠳᠡᠭᠡᠨ ᠨᠠᠶᠠᠨ ᠨᠠᠰᠤᠯᠠᠲᠠᠯ᠎ᠠ ᠮᠢᠩᠭ᠎ᠠ ᠮᠢᠩᠭ᠎ᠠ ᠪᠠᠷ ᠲᠥᠰᠥᠭᠡᠯᠡᠨ ᠠᠮᠢᠯᠠᠭᠤᠯᠵᠤ᠂ ᠡᠭᠡᠯ ᠪᠣᠷᠣᠭᠵᠢᠭᠤᠨ ᠠᠮᠢᠳᠤᠷᠠᠯ ᠳᠠᠭᠠᠨ ᠮᠠᠯᠴᠢᠨ ᠵᠠᠶᠠᠭ᠎ᠠ ᠪᠠᠨ ᠳᠡᠭᠡᠳᠦᠯᠡᠨ ᠨᠢᠭᠡ ᠨᠠᠰᠤ ᠪᠠᠨ ᠣᠳᠣ ᠲᠠᠢ ᠬᠡᠶᠢᠮᠣᠷᠢ ᠲᠠᠢ ᠡᠯᠡᠭᠡᠭᠰᠡᠭᠡᠷ ᠢᠷᠡᠪᠡ᠃      ᠦᠨᠡᠬᠡᠷ ᠬᠥᠮᠥᠨ ᠬᠥᠮᠥᠨ ᠢᠶᠠᠨ ᠬᠠᠶᠢᠷᠠᠯᠠᠬᠤ ᠰᠡᠳᠬᠢᠯᠭᠡ᠂ ᠡᠬᠡ ᠦᠷ᠎ᠡ ᠶᠢᠨ ᠬᠠᠶᠢᠷ᠎ᠠ ᠰᠡᠳᠬᠢᠯᠭᠡ᠂ ᠦᠨᠳᠦᠰᠦᠲᠡᠨ ᠤ ᠬᠠᠶᠢᠷ᠎ᠠ ᠰᠡᠳᠬᠢᠯᠭᠡ ᠪᠠᠶᠢᠮᠠᠨᠵᠢᠨ ᠬᠤᠷᠸ᠎ᠠ ᠬᠡᠵᠢᠶᠡᠳᠡ  ᠪᠠᠶᠠᠷ ᠵᠢᠷᠭᠠᠯ ᠢᠶᠠᠷ ᠳᠦᠭᠦᠷᠡᠩ᠂ ᠨᠢᠩᠵᠢᠨ ᠬᠠᠶᠢᠷ᠎ᠠ ᠪᠠᠷ ᠪᠢᠯᠬᠠᠵᠤ ᠪᠠᠶᠢᠳᠠᠭ᠃ ᠬᠠᠶᠢᠷ᠎ᠠ ᠰᠢᠩᠭᠡᠭᠰᠡᠨ ᠬᠤᠷᠸ᠎ᠠ ᠶᠢᠨ ᠠᠭᠤᠳᠠᠮᠬᠠᠨ ᠵᠠᠢ ᠳᠤ ᠦᠨᠳᠦᠰᠦᠲᠡᠨ ᠶᠠᠰᠣᠳᠠᠨ ᠭᠡᠵᠦ ᠢᠯᠭᠠᠯ ᠦᠭᠡᠢ ᠬᠥᠮᠥᠨ ᠭᠡᠭᠴᠢ ᠬᠠᠶᠢᠷ᠎ᠠ ᠶᠢᠨ ᠠᠤᠭ᠎ᠠ ᠬᠦᠴᠦᠨ ᠳᠤ ᠤᠶᠠᠷᠠᠵᠤ ᠬᠠᠲᠠᠭᠤᠵᠢᠵᠤ ᠶᠠᠪᠤᠳᠠᠭ ᠵᠢᠮ᠎ᠡ ᠲᠠᠢ᠃ ᠮᠢᠭᠮᠡᠷ ᠨᠠᠰᠤᠲᠠᠨ  ᠤ ᠬᠠᠶᠢᠷ᠎ᠠ ᠬᠡᠯᠬᠢᠭᠰᠡᠨ ᠦᠨᠡᠨ ᠲᠡᠦᠬᠡ ᠨᠢ ᠦᠨᠳᠦᠰᠦᠲᠡᠨ ᠤ ᠬᠠᠶᠢᠷ᠎ᠠ ᠰᠡᠳᠬᠢᠯᠭᠡ᠂ ᠲᠤᠮᠳᠠᠳᠣ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠬᠠᠷᠠᠭᠤᠯᠤᠭᠰᠠᠨ ᠥᠨᠥᠳᠥᠷ ᠤᠨ ᠪᠢᠳᠡᠡ ᠤ ᠬᠡᠵᠢᠶᠡᠳᠡ ᠮᠠᠷᠲᠠᠵᠤ ᠪᠣᠯᠣᠰᠢ ᠦᠭᠡᠢ ᠥᠯᠢᠭᠡᠷ ᠳᠠᠭᠤᠷᠢᠶᠠᠯ ᠪᠣᠯᠬᠤ ᠶᠤᠮ ᠠ᠋᠃  ᠨᠠᠰᠤᠲᠠᠨ ᠤ ᠣᠷᠳᠣ ᠨᠠᠰᠤᠯᠠᠵᠤ ᠤᠳᠠᠭᠠᠨ ᠵᠢᠷᠭᠠᠬᠤ ᠶᠢ ᠨᠢ ᠬᠦᠰᠡᠨ ᠵᠥᠩᠨᠡᠶ᠎ᠡ︕ 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ