ᠡᠯᠢᠭᠡᠨ ᠬᠠᠶᠢᠷ᠎ᠠ ᠰᠢᠩᠭᠡᠭᠰᠡᠨ ᠭᠡᠷᠤᠯᠤᠨ ᠭᠤᠤᠯ
ᠨᠡᠶᠢᠲᠡᠯᠡᠭᠰᠡᠨ ᠴᠠᠭ᠄
2023/7/28
      ︽ᠤᠰᠤ ᠶᠢ ᠨᠢ ᠤᠤᠭᠤᠪᠠᠯ ᠡᠬᠢ ᠶᠢ ᠨᠢ ᠪᠢᠳᠡᠭᠡᠢ ᠮᠠᠷᠳᠠ︾ ᠭᠡᠳᠡᠭ ᠢᠶᠠᠷ ᠤᠨᠠᠭᠠᠨ ᠪᠠᠭ᠎ᠠ ᠶᠢᠨ ᠨᠠᠰᠤᠨ ᠠᠴᠠ ᠪᠠᠨ ᠤᠮᠳᠠ ᠶᠢᠨ ᠭᠡᠰᠢᠭ ᠢ ᠨᠢ ᠬᠦᠷᠳᠡᠵᠤ ᠪᠤᠶᠢᠵᠢᠭᠰᠠᠨ ᠠᠷᠢᠭᠤᠨ ᠲᠤᠩᠭᠠᠯᠠᠭ ᠭᠡᠷᠤᠯᠤᠨ ᠭᠤᠤᠯ ᠢᠶᠠᠨ ᠪᠢ ᠦᠨᠢ ᠡᠬᠦᠷᠢᠳᠡ ᠮᠠᠷᠳᠠᠬᠤ ᠦᠭᠡᠢ᠃ ᠢᠯᠠᠩᠭᠤᠶ᠎ᠠ ᠭᠡᠷᠤᠯᠤᠨ ᠭᠤᠤᠯ ᠤᠨ ᠬᠦᠪᠡᠭᠡ ᠲᠡᠨᠵᠢ ᠪᠠᠷ ᠬᠦᠭᠡᠷᠤᠯᠳᠤᠨ ᠨᠠᠭᠠᠳᠴᠤ ᠦᠰᠦᠭᠰᠡᠨ ᠪᠠᠭ᠎ᠠ ᠶᠢᠨ ᠦᠶ᠎ᠠ ᠶᠢᠨ ᠪᠠᠭ᠋ᠠᠳᠤᠯᠳᠤ ᠰᠠᠶᠢᠬᠠᠨ ᠶᠠᠪᠤᠳᠠᠯ ᠤᠳ ᠠᠶᠤᠤᠯᠢᠬᠠᠢ ᠴᠡᠭᠡᠵᠢᠨ ᠠᠴᠠ ᠭᠠᠷᠳᠠᠭ ᠦᠭᠡᠢ᠂ ᠦᠨᠤᠳᠤᠷ ᠪᠤᠯᠳᠠᠯ᠎ᠠ ᠦᠷᠬᠦᠯᠵᠢ ᠪᠤᠳᠤᠭᠳᠠᠭᠠᠳ ᠪᠠᠶᠢᠳᠠᠭ᠃      ᠪᠢ ᠠᠩᠬ᠎ᠠ ᠬᠦᠯ ᠳᠤ ᠤᠷᠤᠬᠤ ᠳᠠᠭᠠᠨ ᠠᠪᠤ ᠡᠵᠢ ᠪᠠᠨ ᠲᠠᠭᠠᠵᠤ ᠭᠡᠷᠤᠯᠤᠨ ᠭᠤᠤᠯ ᠤᠨ ᠲᠤᠷᠭᠠᠨ ᠲᠡᠨᠵᠢ ᠪᠠᠷ ᠠᠷᠠᠢ ᠴᠢᠮᠠᠢ ᠠᠯᠬᠤᠵᠤ ᠶᠠᠪᠤᠵᠤ ᠪᠠᠶᠢᠭᠰᠠᠨ ᠢᠶᠠᠨ ᠭᠡᠳᠤᠭᠡᠨ ᠵᠢᠯ ᠤᠨ ᠲᠠᠷᠠᠭ᠎ᠠ ᠭᠡᠷᠤᠯᠤᠨ ᠭᠤᠤᠯ ᠤᠨ ᠤᠰᠤᠨ ᠳᠤ ᠵᠢᠭᠠᠰᠤ ᠲᠠᠢ ᠤᠷᠤᠯᠳᠤᠨ ᠤᠮᠪᠠᠨ ᠱᠤᠮᠪᠠᠭ᠋ᠤ ᠶᠢ ᠰᠤᠷᠴᠤ᠂ ᠭᠤᠤᠯ ᠤᠨ ᠬᠦᠪᠡᠭᠡᠨ ᠳᠤ ᠨᠢ ᠦᠷ ᠤᠨ ᠪᠤᠯᠵᠤᠮᠤᠷ ᠤᠨ ᠵᠢᠷᠬᠢᠭᠡᠨ ᠢᠶᠠᠷ ᠬᠤᠷᠠᠭ᠎ᠠ ᠢᠰᠢᠭᠡ ᠲᠠᠢ ᠬᠦᠭᠡᠭᠡᠴᠡᠯᠳᠤᠨ᠂ ᠦᠩᠭᠡ ᠶᠢᠨ ᠴᠡᠴᠡᠭ ᠤᠨ ᠮᠢᠷᠠᠯᠵᠠᠭᠠᠨ ᠢᠶᠠᠷ ᠡᠷᠪᠡᠭᠡᠢ ᠪᠠᠷᠢᠨ ᠬᠦᠶᠤᠯᠳᠤᠵᠤ᠂ ᠲᠤᠷᠭᠠᠨ ᠨᠤᠭᠤᠭᠠᠨ ᠪᠡᠯᠴᠢᠭᠡᠷ ᠢᠶᠠᠷ ᠲᠤᠭᠤᠯ ᠬᠠᠷᠢᠭᠤᠯᠤᠨ ᠲᠠᠪᠬᠢᠵᠤ᠂ ᠰᠤᠷᠭᠠᠭᠤᠯᠢ ᠳᠤ ᠤᠴᠢᠬᠤ ᠵᠠᠮ ᠳᠠᠭᠠᠨ ᠪᠤᠭᠴᠤ ᠡᠬᠦᠷᠤᠨ ᠲᠤᠭᠯᠠᠵᠤ ᠶᠠᠪᠤᠯ᠎ᠠ᠃ ᠮᠦᠰᠤᠯᠡᠨ ᠬᠦᠯᠳᠡᠭᠰᠡᠨ ᠭᠡᠷᠤᠯᠤᠨ ᠭᠤᠤᠯ ᠳᠤ ᠮᠦᠰᠤᠨ ᠭᠤᠯᠭᠤᠭᠤᠷ ᠬᠢᠰᠬᠢᠨ ᠬᠦᠶᠤᠯᠭᠡᠵᠤ᠂ ᠮᠦᠩᠬᠦᠨ ᠴᠠᠭᠠᠨ ᠲᠠᠯ᠎ᠠ ᠶᠢᠨ ᠲᠤᠮᠳᠠᠭᠤᠷ ᠮᠤᠷᠢ ᠲᠠᠢ ᠤᠷᠤᠯᠳᠤᠨ ᠲᠠᠪᠬᠢᠵᠤ ᠴᠤ ᠦᠵᠡᠯ᠎ᠡ᠃ ᠭᠡᠷᠤᠯᠤᠨ ᠭᠤᠤᠯ ᠤᠨ ᠲᠡᠨᠵᠢᠨ ᠳᠤ ᠮᠠᠯ ᠬᠠᠷᠢᠭᠤᠯᠤᠨ᠂ ᠮᠤᠷᠢ ᠰᠤᠷᠭᠠᠨ᠂ ᠲᠤᠭᠤᠰᠬ᠎ᠠ ᠰᠢᠳᠠᠭᠠᠨ᠂ ᠮᠠᠯ ᠤᠨ ᠬᠠᠰᠢᠶ᠎ᠠ ᠰᠠᠷᠠᠪᠴᠢ ᠪᠠᠷᠢᠵᠤ ᠶᠠᠪᠤᠭᠰᠠᠨ ᠦᠩᠭᠡᠷᠡᠯᠳᠡ ᠮᠠᠨᠢ ᠰᠡᠭᠡᠭᠡᠳᠡᠨ ᠢᠶᠠᠷ ᠬᠦᠳᠡᠭᠡ ᠪᠠᠭᠤᠭᠰᠠᠨ ᠨᠠᠳᠠ ᠳᠠᠭᠠᠨ ᠦᠨᠢ ᠡᠬᠦᠷᠢᠳᠡ ᠮᠠᠷᠳᠠᠭᠳᠠᠰᠢ ᠦᠭᠡᠢ ᠮᠠᠰᠢ ᠴᠢᠬᠤᠯᠠ ᠨᠢᠭᠡᠨ ᠤᠳᠠᠭᠠᠨ ᠤ ᠦᠨᠳᠤᠰᠤᠨ ᠪᠤᠯᠪᠠᠰᠤᠷᠠᠯ ᠬᠦᠮᠤᠵᠢᠯ ᠪᠤᠯᠤᠭᠰᠠᠨ ᠨᠢ ᠶᠠᠷᠢᠶᠠᠨ ᠦᠭᠡᠢ᠃ ᠤᠯᠠᠨ ᠤ ᠮᠡᠳᠡᠭᠡᠵᠢ ᠪᠠᠷ ᠤᠰᠤ ᠪᠤᠯ ᠠᠮᠢ ᠨᠠᠰᠤᠨ ᠤ ᠡᠬᠢ ᠪᠤᠯᠠᠭ ᠶᠤᠮ᠃ ᠭᠡᠷᠤᠯᠤᠨ ᠭᠤᠤᠯ ᠴᠤ ᠡᠨᠡ ᠮᠡᠳᠤ ᠪᠠᠷ ᠢᠪᠢᠯᠦᠨ ᠪᠠᠶᠢᠭ᠎ᠠ ᠡᠭᠡ ᠶᠢᠨ ᠰᠦ ᠰᠢᠭ ᠤᠮᠳᠠ ᠶᠢᠨ ᠤᠭᠤᠷᠠᠭ ᠰᠢᠮ᠎ᠠ ᠪᠠᠷ ᠢᠶᠠᠨ ᠡᠩᠬᠦᠷᠡᠢ ᠦᠷᠡᠰ ᠢᠶᠠᠨ ᠤᠮᠳᠠᠯᠠᠨ ᠪᠤᠶᠢᠵᠢᠭᠤᠯᠵᠤ᠂ ᠬᠦᠮᠤᠨ ᠪᠤᠯᠭᠠᠨ ᠬᠦᠯᠦᠭ ᠤᠨ ᠨᠢᠷᠤᠭᠤᠨ ᠳᠤ ᠮᠤᠷᠳᠠᠭᠤᠯᠤᠨ ᠬᠦᠭᠵᠢᠨ ᠴᠡᠴᠡᠭᠯᠡᠬᠦ ᠡᠭᠡ ᠤᠷᠤᠨ ᠤ ᠪᠠᠨ ᠬᠦᠭᠵᠢᠯᠳᠡ ᠲᠠᠪᠰᠢᠯᠳᠠ ᠶᠢᠨ ᠦᠢᠯᠡᠰ ᠲᠤ ᠬᠦᠴᠤᠯᠡᠨ ᠵᠢᠳᠬᠦᠬᠦ ᠮᠤᠬᠤᠰᠢ ᠦᠭᠡᠢ ᠡᠷᠴᠢ ᠬᠦᠴᠤᠨ ᠢ ᠨᠢ ᠤᠯᠭᠤᠵᠤ ᠦᠭᠬᠦᠭᠰᠡᠨ ᠶᠤᠮ᠃      ᠭᠡᠷᠤᠯᠤᠨ ᠭᠤᠤᠯ ᠪᠤᠯ ᠮᠤᠩᠭᠤᠯ ᠤᠯᠤᠰ ᠤᠨ ᠭᠡᠨᠳᠡᠢ ᠨᠢᠷᠤᠭᠤᠨ ᠠᠴᠠ ᠡᠬᠢ ᠠᠪᠴᠤ᠂ ᠪᠦᠬᠦ ᠤᠷᠳᠤ ᠨᠢ 1264  ᠺᠢᠯᠤᠮᠧᠲᠷ᠃ ᠲᠤᠮᠳᠠᠳᠤ ᠤᠯᠤᠰ ᠤᠨ ᠬᠢᠯᠢ ᠲᠤᠳᠤᠷᠠᠬᠢ ᠤᠷᠳᠤ ᠨᠢ 206 ᠺᠢᠯᠤᠮᠧᠲᠷ᠂ ᠬᠦᠯᠤᠨ ᠨᠠᠭᠤᠷ ᠲᠤ ᠴᠢᠳᠬᠤᠯᠠᠨ᠎ᠠ᠃ ᠢᠩᠬᠢᠭᠡᠳ ᠭᠡᠷᠤᠯᠤᠨ ᠭᠤᠤᠯ ᠤᠮᠠᠷᠠᠳᠤ ᠤᠷᠤᠨ ᠤ ᠴᠢᠬᠤᠯᠠ ᠨᠢᠭᠡᠨ ᠤᠰᠤᠨ ᠰᠤᠷᠪᠤᠯᠵᠢ ᠪᠤᠯᠤᠭᠰᠠᠨ ᠢᠶᠠᠷ ᠦᠯᠤ ᠪᠠᠷᠠᠮ ᠮᠤᠰᠬᠢᠷᠠᠯᠳᠤᠨ ᠡᠷᠬᠢᠯᠳᠤᠨ ᠮᠤᠭᠠᠶᠢᠯᠠᠨ ᠤᠷᠤᠰᠴᠤ᠂ ᠮᠢᠩᠭᠠᠨ ᠪᠡᠷᠭᠡ ᠲᠦᠮᠡᠨ ᠪᠠᠷᠳᠠᠭ᠎ᠠ ᠶᠢ ᠠᠵᠢᠭ ᠦᠭᠡᠢ ᠲᠤᠭᠤᠯᠵᠤ᠂ ᠬᠦᠰᠡᠯ ᠮᠦᠷᠤᠭᠡᠳᠤᠯ ᠪᠤᠯᠤᠭᠰᠠᠨ ᠬᠦᠯᠤᠨ ᠨᠠᠭᠤᠷ ᠤᠨ ᠢᠶᠠᠨ ᠬᠠᠮᠤᠭ ᠤᠨ ᠲᠤᠮᠤ ᠤᠷᠤᠰᠬᠠᠯ ᠨᠢ ᠪᠤᠯᠵᠤ ᠪᠢᠯᠡ᠃ ᠭᠡᠷᠤᠯᠤᠨ ᠭᠤᠤᠯ ᠳᠤ ᠮᠦᠷᠬᠦ᠂ ᠭᠡᠯᠳᠡᠭᠡ᠂ ᠴᠤᠯᠪᠤᠷᠳᠤ᠂ ᠰᠤᠭᠤᠰᠤ᠂ ᠴᠤᠤᠷᠬᠠᠢ ᠵᠡᠷᠭᠡ ᠠᠷᠪᠠ ᠭᠠᠷᠤᠢ ᠲᠦᠷᠤᠯ ᠤᠨ ᠵᠢᠭᠠᠰᠤ ᠵᠢᠷᠠᠭᠠᠬᠠᠢ ᠦᠷᠡᠵᠢᠨ ᠲᠦᠯᠵᠢᠵᠤ᠂ ᠮᠦᠩᠬᠦᠨ ᠰᠠᠷᠠᠨ ᠤ ᠭᠡᠷᠡᠯ ᠳᠤ ᠮᠠᠯᠮᠠᠯᠵᠠᠨ ᠢᠷᠠᠯᠵᠡᠬᠤ ᠤᠰᠤᠨ ᠳᠤᠨᠢ ᠮᠦᠷᠬᠦ ᠭᠡᠯᠳᠡᠭᠡ ᠴᠤᠯᠬᠢᠨ ᠦᠰᠤᠷᠴᠤ᠂ ᠲᠡᠭᠡᠬᠦᠷ ᠨᠢ ᠤᠯᠠᠨ ᠵᠦᠢᠯ ᠤᠨ ᠤᠰᠤᠨ ᠰᠢᠪᠠᠭᠤᠳ ᠵᠢᠬᠦᠷ ᠢᠶᠠᠨ ᠲᠡᠯᠭᠡᠨ ᠤᠰᠤ ᠰᠢᠬᠦᠷᠤᠨ ᠨᠢᠰᠤᠯᠳᠤᠵᠤ᠂ ᠭᠤᠤᠯ ᠤᠨ ᠡᠷᠬᠢ ᠶᠢᠨ ᠦᠨᠳᠤᠷ ᠭᠡᠷᠡᠮ ᠳᠤᠨᠢ ᠤᠷᠠᠨ ᠬᠠᠷᠢᠶᠠᠴᠠᠢ ᠡᠬᠦᠷᠯᠡᠵᠤ᠂ ᠬᠦᠪᠡᠭᠡ ᠶᠢ ᠨᠢ ᠲᠠᠭᠠᠵᠤ ᠤᠷᠭᠤᠭᠰᠠᠨ ᠪᠤᠳᠠ ᠪᠤᠷᠭᠠᠰᠤᠨ ᠳᠤᠨᠢ ᠨᠡᠬᠦᠳᠡᠯ ᠤᠨ ᠰᠢᠪᠠᠭᠤᠳ ᠦᠨᠳᠡᠭᠡᠯᠡᠵᠤ᠂ ᠬᠦᠳᠡᠭᠡ ᠲᠠᠯ᠎ᠠ ᠪᠠᠷ ᠨᠢ ᠵᠡᠭᠡᠷ᠎ᠠ ᠶᠢᠨ ᠰᠦᠷᠦᠭ ᠲᠤᠭᠯᠠᠵᠤ᠂ ᠤᠯᠠᠨ ᠵᠦᠢᠯ ᠤᠨ ᠠᠮᠢᠳᠠᠨ ᠤᠷᠭᠤᠮᠠᠯ ᠬᠠᠮᠳᠤ ᠤᠷᠤᠰᠢᠵᠤ᠂ ᠪᠠᠶᠢᠭᠠᠯᠢ ᠶᠢᠨ ᠠᠮᠢ ᠠᠬᠤᠢ ᠶᠢᠨ ᠪᠠᠶᠢᠳᠠᠯ ᠤᠩᠭᠤᠨ ᠲᠠᠷᠬᠠᠨ ᠢᠶᠠᠷ ᠢᠶᠠᠨ ᠪᠠᠶᠢᠵᠦ᠂ ᠤᠴᠢᠵᠤ ᠢᠷᠡᠬᠦ ᠬᠦᠮᠤᠰ ᠤᠨ ᠰᠡᠳᠬᠢᠯ ᠢ ᠰᠤᠷᠢᠨᠵᠢᠨ ᠮᠡᠳᠤ ᠲᠠᠳᠠᠵᠦ ᠪᠠᠶᠢᠭᠰᠠᠨ᠃      ᠨᠠᠮᠠᠢᠢ ᠪᠠᠭ᠎ᠠ ᠪᠠᠶᠢᠬᠤ ᠳᠤ ᠮᠠᠨ ᠤ ᠨᠤᠳᠤᠭ ᠤᠨ ᠮᠠᠯᠴᠢᠨ ᠲᠦᠮᠡᠨ ᠵᠢᠯ ᠤᠨ ᠲᠦᠷᠪᠡᠨ ᠤᠯᠠᠷᠢᠯ ᠳᠤ ᠬᠠᠪᠤᠷᠵᠢᠶ᠎ᠠ᠂ ᠵᠤᠰᠠᠯᠠᠩ᠂ ᠨᠠᠮᠤᠷᠵᠢᠶ᠎ᠠ᠂ ᠡᠪᠤᠯᠵᠢᠶ᠎ᠠ ᠭᠡᠵᠤ ᠤᠰᠤ ᠤᠮᠳᠠ᠂ ᠤᠷᠭᠤᠮᠠᠯ ᠪᠡᠯᠴᠢᠭᠡᠷ ᠤᠨ ᠢᠶᠠᠨ ᠤᠷᠭᠤᠴᠠ ᠲᠠᠷᠬᠠᠴᠠ ᠶᠢᠨ ᠪᠠᠶᠢᠳᠠᠯ ᠢᠶᠠᠷ ᠤᠳᠤᠷᠯᠠᠨ ᠨᠡᠬᠦᠳᠡᠯᠯᠡᠵᠤ᠂ ᠮᠠᠯ ᠮᠠᠯᠵᠢᠳᠠᠭ ᠪᠠᠶᠢᠵᠠᠢ᠃ ᠤᠭᠠᠯᠵᠠᠯᠠᠨ ᠲᠤᠯᠬᠢᠶᠠᠯᠠᠬᠤ ᠭᠡᠷᠤᠯᠤᠨ ᠭᠤᠤᠯ ᠤᠨ ᠬᠤᠶᠠᠷ ᠬᠦᠪᠡᠭᠡ ᠪᠠᠷ ᠨᠤᠮᠢᠨ ᠨᠤᠭᠤᠭᠠᠨ ᠭᠡᠪᠢᠰ ᠲᠡᠯᠭᠡᠭᠰᠡᠨ ᠮᠡᠳᠤ ᠲᠤᠷᠭᠠᠨ ᠪᠡᠯᠴᠢᠭᠡᠷ ᠬᠠᠯᠢᠭᠤᠷᠠᠨ᠂ ᠲᠡᠬᠦᠨ ᠤ ᠲᠤᠮᠳᠠ ᠲᠠᠨ᠎ᠠ ᠰᠤᠪᠤᠳ ᠰᠢᠭᠢᠳᠭᠡᠭᠰᠡᠨ ᠮᠡᠳᠤ ᠲᠠᠪᠤᠨ ᠬᠤᠰᠢᠭᠤ ᠮᠠᠯ ᠰᠦᠷᠦᠭ ᠤᠳ ᠲᠠᠪᠠᠳᠠᠶᠢᠬᠠᠨ ᠢᠳᠡᠭᠡᠰᠢᠯᠡᠵᠤ᠂ ᠠᠳᠡ ᠲᠡᠨᠳᠡ ᠦᠭᠡᠢ ᠴᠠᠶᠢᠯᠵᠠᠨ ᠬᠠᠷᠠᠭᠳᠠᠬᠤ ᠴᠢᠨᠳᠠᠮᠤᠨᠢ ᠴᠠᠭᠠᠨ ᠮᠤᠩᠭᠤᠯ ᠭᠡᠷ ᠠᠴᠠ ᠤᠨᠢᠶᠠᠷᠯᠠᠨ ᠮᠠᠨᠳᠤᠬᠤ ᠴᠡᠩᠭᠡᠷ ᠤᠳᠤᠭ᠎ᠠ᠂ ᠲᠤᠩᠭᠠᠯᠠᠭ ᠦᠷᠯᠤᠭᠡ ᠶᠢᠨ ᠴᠡᠪᠡᠷ ᠠᠭᠠᠷ ᠠᠮᠢᠰᠬᠤᠯ ᠂ ᠬᠠᠮᠠᠷ ᠢ ᠴᠤᠷᠬᠢᠮ᠎ᠠ ᠲᠠᠷᠠᠭ ᠠᠶᠢᠷᠠᠭ ᠤᠨ ᠠᠩᠬᠢᠯᠤᠮ᠎ᠠ ᠦᠨᠤᠷ᠂ ᠬᠠᠴᠠᠷ ᠢ ᠦᠨᠤᠰᠤᠨ ᠦᠯᠢᠶᠡᠬᠦ ᠵᠤᠨ ᠤ ᠵᠦᠭᠡᠯᠡᠨ ᠰᠠᠯᠬᠢ᠂ ᠬᠠᠷᠠᠩᠭᠤᠢ ᠰᠦᠨᠢ ᠶᠢᠨ ᠠᠶᠠᠯᠠᠯ ᠳᠤ ᠬᠠᠨᠢᠳᠠᠨ ᠪᠤᠯᠳᠠᠭ ᠬᠤᠳᠠᠴᠢᠨ ᠨᠤᠬᠠᠢ ᠶᠢᠨ ᠬᠤᠴᠠᠬᠤ ᠲᠠᠭᠤᠨ᠂ ᠬᠤᠩᠭᠤᠷ ᠬᠤᠶᠠᠷ ᠵᠠᠯᠠᠭᠤ ᠶᠢᠨ ᠰᠠᠷᠠ ᠲᠠᠢ ᠰᠦᠨᠢ ᠶᠢᠨ ᠰᠡᠯᠡᠬᠦᠭᠡᠨ ᠳᠤ ᠢᠨᠠᠭᠯᠠᠨ ᠶᠠᠪᠤᠭ᠎ᠠ ᠤᠶᠠᠬᠠᠨ ᠪᠠᠷ᠎ᠠ᠂ ᠬᠤᠨᠢᠴᠢᠨ ᠭᠡᠤᠭᠡᠨ ᠤ ᠤᠶᠠᠩᠭᠠᠳᠤ ᠰᠠᠶᠢᠬᠠᠨ ᠤᠷᠳᠤ ᠶᠢᠨ ᠲᠠᠭᠤᠤ᠂ ᠬᠦᠮᠤᠰ ᠤᠨ ᠰᠡᠳᠬᠢᠯ ᠢ ᠬᠦᠳᠡᠯᠭᠡᠮ᠎ᠠ ᠮᠤᠷᠢᠨ ᠬᠤᠭᠤᠷ ᠤᠨ ᠬᠦᠩᠬᠢᠨᠡᠮ᠎ᠠ ᠠᠶᠠᠯᠭᠤ᠂ ᠬᠦᠨᠳᠤᠳᠤ ᠨᠠᠰᠤᠳᠠᠨ ᠤ ᠠᠷᠢᠭᠤᠨ ᠨᠠᠨᠳᠢᠨ ᠦᠨᠡᠳᠤ ᠰᠤᠷᠭᠠᠯ᠂ ᠬᠦᠭᠵᠢᠭᠡᠨ ᠨᠠᠷᠬᠢᠶᠠᠨ ᠶᠡᠭᠡᠳᠡᠢ ᠠᠭᠤᠯᠠ ᠤᠪᠤᠭᠠᠨ ᠤ ᠨᠠᠶᠢᠷ ᠨᠠᠭᠠᠳᠤᠮ᠂ ᠬᠦᠯᠦᠭ ᠮᠤᠷᠢᠳ ᠤᠨ ᠤᠷᠤᠯᠳᠤᠭᠠᠨ᠂ ᠬᠦᠴᠤᠳᠤ ᠪᠦᠭᠡ ᠶᠢᠨ ᠪᠠᠷᠢᠯᠳᠤᠭᠠᠨ᠂ ᠨᠤᠮᠤ ᠰᠤᠮᠤ ᠶᠢᠨ ᠬᠠᠷᠪᠤᠯᠭᠠᠨ᠂ ᠤᠷᠤᠭᠰᠢᠯᠠᠨ ᠲᠠᠪᠬᠢᠬᠤ ᠭᠠᠯᠳᠤ ᠲᠡᠷᠭᠡ ᠮᠡᠳᠤ ᠤᠳᠤᠷ ᠤᠨ ᠨᠡᠬᠦᠳᠡᠯ ᠤᠨ ᠴᠤᠪᠤᠭ᠎ᠠ ᠲᠡᠷᠭᠡ ᠵᠡᠷᠭᠡ ᠮᠠᠯᠵᠢᠬᠤ ᠠᠮᠢᠳᠤᠷᠠᠯ ᠤᠨ ᠠᠮᠢᠯᠠᠯ ᠤᠨ ᠬᠦᠴᠤᠨ ᠢᠶᠠᠷ ᠲᠦᠬᠦᠷᠡᠩ ᠪᠢᠯᠬᠠᠭᠰᠠᠨ ᠦᠵᠡᠰᠬᠦᠯᠡᠩᠳᠤ ᠰᠠᠶᠢᠬᠠᠨ ᠪᠠᠶᠠᠨ ᠪᠠᠷᠭᠤ ᠶᠢᠨ ᠪᠠᠶᠠᠷᠳᠤ ᠵᠤᠰᠠᠯᠠᠩ ᠨᠢ ᠮᠠᠯᠴᠢᠨ ᠲᠦᠮᠡᠨ ᠳᠡᠭᠡᠨ ᠦᠨᠡᠭᠡᠷ ᠰᠠᠶᠢᠬᠠᠨ ᠦᠨᠢᠷ ᠲᠠᠩᠰᠤᠭ ᠵᠢᠷᠭᠠᠯ ᠤᠨ ᠤᠷᠳᠤᠨ ᠪᠤᠯᠵᠤ ᠪᠠᠶᠢᠯ᠎ᠠ᠃ ᠨᠡᠩ ᠢᠯᠠᠩᠭᠤᠶ᠎ᠠ ᠭᠡᠷᠤᠯᠤᠨ ᠭᠤᠤᠯ ᠤᠨ ᠬᠤᠶᠠᠷ ᠬᠦᠪᠡᠭᠡ ᠪᠠᠷ ᠪᠠᠶᠢᠷᠢᠰᠢᠯᠠᠭᠰᠠᠨ ᠭᠡᠷᠤᠯᠤᠨ᠂ ᠰᠠᠶᠢᠬᠠᠨᠳᠠᠯ᠎ᠠ᠂ ᠠᠳᠤᠭᠤᠨᠴᠢᠯᠠᠭᠤ᠂ ᠬᠠᠭ᠋ᠠᠭᠤᠯᠠ᠂ ᠠᠯᠳ᠋ᠬᠠᠮᠡᠭᠡᠯ᠂ ᠵᠡᠬᠦᠨ ᠪᠠᠷᠠᠭᠤᠨ ᠰᠦᠮ᠎ᠠ᠂ ᠪᠠᠶᠠᠨᠳᠠᠷᠡᠰᠤ ᠵᠡᠷᠭᠡ ᠰᠤᠮᠤ ᠪᠠᠯᠭᠠᠰᠤ ᠶᠢᠨ ᠲᠦᠪ ᠪᠠ ᠠᠷᠠᠳ ᠤᠨ ᠰᠠᠭᠤᠷᠢᠰᠢᠯ ᠢᠶᠠᠷ ᠰᠠᠭᠤᠵᠦ ᠪᠠᠶᠢᠭ᠎ᠠ ᠬᠦᠮᠦᠨ ᠤ ᠲᠤᠭ᠎ᠠ ᠪᠦᠬᠦ ᠬᠤᠰᠢᠭᠤᠨ ᠤ ᠬᠦᠮᠤᠨ ᠠᠮᠠ ᠶᠢᠨ 80% ᠤᠷᠴᠢᠮ ᠢ ᠡᠵᠡᠯᠡᠵᠦ ᠪᠠᠶᠢᠳᠠᠭ ᠠᠴᠠ ᠡᠨᠡ ᠬᠦ ᠤᠷᠤᠨ ᠨᠢ ᠶᠠᠷᠢᠶᠠᠨ ᠦᠭᠡᠢ ᠪᠠᠷᠠᠭᠤᠨ ᠬᠤᠰᠢᠭᠤᠨ ᠳᠠᠭᠠᠨ ᠴᠡᠴᠡᠭᠯᠡᠨ ᠬᠦᠭᠵᠢᠵᠤ ᠪᠠᠶᠢᠭ᠎ᠠ ᠬᠠᠮᠤᠭ ᠤᠨ ᠭᠤᠤᠯ ᠭᠠᠵᠠᠷ ᠪᠤᠯᠵᠤ ᠪᠢᠯᠡ᠃ ᠡᠶᠢᠮᠤ ᠠᠴᠠ ᠲᠤᠰ ᠨᠤᠳᠤᠭ ᠤᠨ ᠬᠦᠮᠤᠰ ᠡᠯᠢᠭᠡᠨ ᠬᠠᠶᠢᠷᠠᠳᠤ ᠭᠡᠷᠤᠯᠤᠨ ᠭᠤᠤᠯ ᠢ ᠪᠠᠨ ︽ᠡᠵᠢ ᠭᠤᠤᠯ︾ ᠭᠡᠵᠤ ᠲᠤᠳᠤᠨᠤᠴᠢᠯᠠᠨ ᠲᠠᠭᠤᠳᠠᠬᠤ ᠪᠤᠯᠤᠭᠰᠠᠨ ᠶᠤᠮ᠃      ᠭᠡᠷᠤᠯᠤᠨ ᠭᠤᠤᠯ ᠨᠢ ᠪᠤᠭᠤᠷᠤᠯ ᠤᠨ ᠪᠤᠮᠠᠨ ᠦᠶ᠎ᠠ ᠠᠴᠠ ᠪᠠᠨ ᠪᠤᠶᠠᠨ ᠭᠡᠰᠢᠭ ᠢᠶᠠᠨ ᠲᠠᠳᠠᠭ᠎ᠠ ᠦᠭᠡᠢ᠂ ᠪᠤᠷᠬᠠᠨ ᠰᠡᠳᠬᠢᠯᠳᠤ ᠠᠷᠠᠳ ᠤᠨ ᠢᠶᠠᠨ ᠢᠪᠡᠭᠡᠯ ᠳᠤ ᠪᠤᠬᠢᠷᠳᠤᠭ᠎ᠠ ᠦᠭᠡᠢ ᠬᠠᠯᠬᠢᠯᠠᠨ ᠲᠠᠪᠠᠯᠭᠠᠯᠠᠨ᠎ᠠ᠃ ︽ᠭᠡᠷᠤᠯᠤᠨ ᠭᠤᠤᠯ︾ ᠭᠡᠳᠡᠭ ᠲᠠᠭᠤᠤ ᠳᠤ ︽ᠭᠡᠭᠡᠷ᠎ᠡ ᠶᠢᠨ ᠰᠠᠯᠬᠢᠨ ᠤ ᠠᠶᠠᠰ ᠢᠶᠠᠷ \ ᠵᠡᠭᠡᠷ᠎ᠠ ᠶᠢᠨ ᠰᠦᠷᠦᠭ ᠰᠢᠭ ᠬᠤᠶᠢᠯᠠᠷᠠᠭᠰᠠᠨ ᠁ \ ᠰᠠᠷᠠᠭᠤᠯ ᠠᠭᠤᠳᠠᠮ ᠲᠠᠯ᠎ᠠ ᠠᠴᠠ ᠪᠠᠨ \ ᠰᠠᠯᠵᠤ ᠶᠠᠳᠠᠨ ᠮᠢᠷᠠᠯᠵᠠᠨ᠎ᠠ︾ ᠭᠡᠵᠤ ᠠᠮᠢ ᠠᠬᠤᠢ ᠪᠠᠨ ᠠᠮᠢᠯᠠᠭᠤᠯᠤᠨ ᠲᠠᠭᠤᠯᠠᠭᠠᠳ ᠬᠦᠮᠤᠰ ᠤᠨ ᠰᠡᠳᠬᠢᠯ ᠢ ᠲᠤᠭᠳᠤᠯᠤᠭᠤᠯᠵᠤ ᠪᠠᠶᠢᠭᠰᠠᠨ ᠶᠤᠮ᠃ ᠬᠦᠮᠤᠨ ᠲᠦᠷᠤᠯᠬᠢᠳᠡᠨ ᠤ ᠬᠦᠭᠵᠢᠯᠳᠡ ᠶᠢᠨ ᠲᠡᠤᠭᠡᠨ ᠠᠴᠠ ᠠᠪᠴᠤ ᠦᠵᠡᠭᠰᠡᠨ ᠴᠤ ᠴᠢᠩᠬᠢᠰ ᠬᠠᠭᠠᠨ ᠪᠤᠯ ᠠᠮᠢ ᠠᠬᠤᠢ ᠶᠢᠨ ᠦᠵᠡᠯᠳᠡ ᠪᠠ ᠦᠢᠯᠡᠳᠤᠯᠭᠡ ᠶᠢᠨ ᠲᠠᠯ᠎ᠠ ᠪᠠᠷ ᠨᠡᠯᠢᠶᠡᠳ ᠡᠷᠳᠡ ᠵᠠᠰᠠᠭ ᠬᠠᠤᠯᠢ ᠲᠤᠭᠳᠠᠭᠠᠨ ᠪᠤᠳᠠᠳᠠᠢ ᠪᠠᠷ ᠬᠢᠵᠤ ᠭᠡᠷᠡᠭᠵᠢᠬᠦᠯᠦᠭᠰᠡᠨ ᠠᠭᠤᠤ ᠬᠦᠮᠤᠨ ᠶᠤᠮ᠃ 13 ᠳ᠋ᠤᠭᠠᠷ ᠵᠠᠭᠤᠨ ᠤ ᠲᠡᠷᠡ ᠦᠶ᠎ᠠ ᠠᠴᠠ ᠮᠤᠩᠭᠤᠯ ᠦᠨᠳᠤᠰᠤᠳᠡᠨ ᠡᠭᠡ ᠪᠠᠶᠢᠭᠠᠯᠢ᠂ ᠠᠮᠢ ᠠᠬᠤᠢ ᠪᠠᠨ ᠰᠠᠶᠢᠳᠤᠷ ᠬᠠᠮᠠᠭᠠᠯᠠᠳᠠᠭ ᠰᠢᠯᠢᠳᠡᠭ ᠰᠠᠶᠢᠬᠠᠨ ᠤᠳᠤᠮᠰᠢᠯ ᠲᠠᠢ ᠪᠤᠯᠵᠤ ᠢᠷᠡᠪᠡ᠃ ᠮᠤᠩᠭᠤᠯ ᠦᠨᠳᠤᠰᠤᠳᠡᠨ ᠦᠪᠡᠷ ᠤᠨ ᠤᠤᠭᠤᠭᠰᠠᠨ ᠤᠰᠤ ᠤᠨᠠᠭᠰᠠᠨ ᠲᠤᠪᠤ᠂ ᠤᠷᠤᠰᠢᠨ ᠲᠤᠭᠳᠠᠨᠢᠬᠤ ᠶᠢᠨ ᠦᠨᠳᠤᠰᠤ ᠰᠠᠭᠤᠷᠢ ᠪᠤᠯᠤᠭᠰᠠᠨ ᠨᠤᠳᠤᠭ ᠤᠰᠤ ᠪᠠᠨ ᠨᠢᠳᠤᠨ ᠴᠡᠴᠡᠭᠡᠢ ᠮᠡᠳᠤ ᠦᠨᠢᠳᠡ ᠬᠠᠶᠢᠷᠠᠯᠠᠨ ᠬᠠᠮᠠᠭᠠᠯᠠᠳᠠᠭ ᠰᠢᠯᠢᠳᠡᠭ ᠰᠠᠶᠢᠬᠠᠨ ᠤᠳᠤᠮᠰᠢᠯ ᠲᠠᠢ ᠪᠤᠯᠬᠤᠷ ᠠᠯᠳᠠᠨ ᠲᠡᠯᠡᠭᠡᠢ ᠶᠢᠨ ᠮᠠᠭᠳᠠᠭᠠᠯ ᠰᠠᠶᠢᠰᠢᠶᠠᠯ ᠠᠰᠢᠳᠠ ᠶᠢᠨ ᠦᠨᠡᠯᠡᠯᠳᠡ ᠶᠢ ᠤᠯᠤᠭᠰᠠᠭᠠᠷ ᠢᠷᠡᠭᠰᠡᠨ ᠨᠢ ᠦᠨᠡᠨᠳᠡᠢ ᠶᠤᠮ᠃ ᠤᠴᠢᠷ ᠨᠢ ᠠᠮᠢ ᠠᠬᠤᠢ ᠶᠢᠨ ᠪᠠᠶᠢᠳᠠᠯ ᠤᠨ ᠰᠠᠶᠢᠨ ᠮᠠᠭᠤ ᠡᠰᠡᠬᠦ ᠨᠢ ᠪᠢᠳᠡ ᠪᠦᠬᠦᠨ ᠤ ᠤᠷᠳᠤ ᠤᠳᠠᠭᠠᠨ ᠤᠷᠤᠰᠢᠨ ᠲᠤᠭᠳᠠᠨᠢᠬᠤ ᠲᠠᠢ ᠰᠢᠭᠤᠳ ᠬᠤᠯᠪᠤᠭ᠎ᠠ ᠲᠠᠢ ᠶᠤᠮ᠃ ᠡᠶᠢᠮᠤ ᠠᠴᠠ ᠮᠠᠨ ᠤ ᠤᠯᠤᠰ ᠡᠨᠡ ᠲᠠᠯ᠎ᠠ ᠪᠠᠷ ᠦᠢᠷ᠎ᠠ ᠳᠤ ︽ᠬᠦᠭᠡᠮᠳᠦᠭ ᠨᠤᠭᠤᠭᠠᠨ ᠠᠭᠤᠯᠠ ᠤᠰᠤ ᠪᠤᠯ ᠳᠠᠷᠤᠢ ᠠᠯᠳᠠ ᠮᠦᠩᠬᠦᠨ ᠠᠭᠤᠯᠠ︾ ᠭᠡᠵᠤ ᠲᠦᠷᠤ ᠶᠢᠨ ᠪᠤᠳᠤᠯᠭ᠎ᠠ ᠶᠢᠨ ᠴᠢᠨᠠᠷ ᠲᠠᠢ ᠲᠤᠷᠠᠳᠤᠨ ᠭᠠᠷᠭᠠᠭᠰᠠᠨ ᠶᠠᠪᠤᠳᠠᠯ ᠨᠢ ᠮᠠᠰᠢ ᠵᠦᠪ᠂ ᠠᠯᠤᠰ ᠭᠡᠳᠤ ᠶᠢᠨ ᠠᠴᠢ ᠬᠤᠯᠪᠤᠭᠳᠠᠯ ᠲᠠᠢ ᠮᠡᠷᠭᠡᠨ ᠪᠤᠳᠤᠯᠭ᠎ᠠ ᠪᠤᠯᠵᠤ ᠪᠢᠯᠡ᠃        ᠮᠢᠨᠤ ᠨᠤᠳᠤᠭ ᠤᠨ ᠭᠡᠷᠤᠯᠤᠨ ᠭᠤᠤᠯ ᠮᠠᠨ ᠤᠨ ᠤᠯᠤᠰ ᠤᠨ ᠭᠤᠤᠯ ᠮᠦᠷᠡᠨ ᠤ ᠲᠤᠮᠳᠠ ᠠᠯᠳᠠᠷ ᠨᠠᠷ᠎ᠠ ᠮᠠᠨᠳᠤᠭᠰᠠᠨ ᠠᠭᠤᠤ ᠶᠡᠭᠡ ᠭᠤᠤᠯ ᠪᠢᠰᠢ ᠪᠤᠯᠪᠠᠴᠤ ᠲᠡᠬᠦᠨ ᠳᠤ ᠪᠠᠰᠠ ᠦᠭᠡᠷ᠎ᠠ ᠪᠤᠰᠤᠳ ᠠᠴᠠ ᠢᠯᠠᠭᠠᠭᠳᠠᠬᠤ ᠲᠡᠤᠭᠡᠨ ᠤᠯᠠ ᠮᠦᠷ ᠲᠤᠳᠤᠬᠠᠨ ᠬᠠᠷᠠᠭᠳᠠᠭᠠᠳ ᠪᠠᠶᠢᠳᠠᠭ᠃ ᠪᠤᠭᠳᠠ ᠴᠢᠩᠬᠢᠰ ᠬᠠᠭᠠᠨ ᠤ ᠭᠡᠷᠤᠯᠤᠨ ᠭᠤᠤᠯ ᠤᠨ ᠤᠷᠤᠰᠬᠠᠯ ᠲᠠᠭᠠᠤ ᠭᠠᠵᠠᠷ ᠤᠷᠤᠨ ᠢᠶᠠᠷ ᠡᠷᠡᠯᠭᠡᠭᠯᠡᠨ ᠪᠠᠶᠢᠯᠳᠤᠵᠤ ᠬᠦᠴᠤᠷᠭᠡᠭᠯᠡᠨ ᠮᠠᠨᠳᠤᠭᠰᠠᠨ ᠦᠢᠯᠠ ᠶᠠᠪᠤᠳᠠᠯ ᠨᠢ ᠴᠤ ︽ᠮᠤᠩᠭᠤᠯ ᠤᠨ ᠨᠢᠭᠤᠴᠠ ᠲᠤᠪᠴᠢᠶᠠᠨ︾ ᠪᠠ ︽ᠬᠦᠭᠡ ᠰᠤᠳᠤᠷ︾ ᠵᠡᠷᠭᠡ ᠨᠤᠮ ᠰᠤᠳᠤᠷ ᠲᠤ ᠲᠡᠮᠳᠡᠭᠯᠡᠭᠳᠡᠨ ᠦᠯᠡᠳᠡᠭᠡᠳ ᠪᠠᠭᠠᠳᠤᠷᠯᠢᠭ ᠦᠷ᠎ᠡ ᠬᠤᠶᠢᠴᠢᠰ ᠲᠠᠭᠠᠨ ᠪᠠᠷᠠᠭᠳᠠᠰᠢ ᠦᠭᠡᠢ ᠤᠶᠤᠨ ᠰᠠᠨᠠᠭᠠᠨ ᠤ ᠦᠪ ᠬᠦᠷᠤᠩᠭᠡ ᠪᠤᠯᠤᠭᠰᠠᠭᠠᠷ ᠢᠷᠡᠭᠰᠡᠨ ᠶᠤᠮ᠃      ᠭᠡᠷᠤᠯᠤᠨ ᠭᠤᠤᠯ ᠨᠢ ᠲᠦᠷᠤ ᠬᠦᠷᠤᠨ ᠤ ᠮᠠᠨᠳᠤᠵᠤ ᠮᠦᠬᠦᠬᠦ ᠲᠡᠤᠭᠡᠨ ᠤᠷᠤᠰᠬᠠᠯ ᠲᠤᠮᠳᠠ ᠭᠡᠨ ᠲᠠᠢ ᠴᠤ ᠠᠳᠠᠭᠠᠷᠬᠠᠭ᠎ᠠ ᠦᠭᠡᠢ᠂ ᠭᠡᠨ ᠳᠤ ᠴᠤ ᠭᠤᠮᠤᠳᠤᠯ ᠦᠭᠡᠢ᠂ ᠶᠠᠮᠠᠷ ᠶᠡᠭᠡ ᠭᠠᠩ ᠭᠠᠮᠰᠢᠭ᠂ ᠶᠠᠮᠠᠷ ᠭᠡᠴᠡᠬᠦᠤ ᠬᠦᠯᠳᠡᠬᠦᠤ ᠬᠦᠢᠳᠡᠨ ᠠᠴᠠ ᠤᠭᠳᠤ ᠰᠦᠷᠳᠡᠭᠡ ᠦᠭᠡᠢ᠂ ᠤᠤᠯ ᠶᠠᠩᠵᠤ ᠪᠠᠷ ᠢᠶᠠᠨ ᠤᠷᠤᠰᠬᠠᠯ ᠵᠤᠭᠰᠤᠭ᠎ᠠ ᠦᠭᠡᠢ ᠲᠠᠰᠤᠷᠠᠭ᠎ᠠ ᠦᠭᠡᠢ᠂ ᠬᠦᠮᠦᠨ ᠠᠷᠠᠳ ᠪᠠ ᠠᠮᠢᠳᠠᠨ ᠤᠷᠭᠤᠮᠠᠯ ᠪᠦᠬᠦᠨ ᠳᠡᠭᠡᠨ ᠤᠮᠳᠠ ᠶᠢᠨ ᠷᠠᠰᠢᠶᠠᠨ ᠢᠶᠠᠨ ᠡᠷᠬᠦᠨ ᠲᠡᠭᠡᠵᠢᠯᠡᠭᠰᠡᠭᠡᠷ ᠢᠷᠡᠭᠰᠡᠨ ᠡᠷᠬᠢᠮ ᠲᠡᠭᠡᠳᠤ ᠵᠤᠷᠢᠭ ᠰᠠᠨᠠᠭ᠎ᠠ ᠨᠢ ᠶᠠᠭᠠᠬᠢᠭᠰᠠᠨ ᠭᠠᠶᠢᠬᠠᠯᠳᠠᠢ ᠪᠤᠢ︖ ᠶᠠᠭᠠᠬᠢᠭᠰᠠᠨ ᠠᠭᠤᠤ ᠶᠡᠭᠡ ᠪᠤᠢ︖ ᠦᠨᠤᠳᠤᠷ ᠪᠢᠳᠡ ᠭᠡᠷᠤᠯᠤᠨ ᠭᠤᠤᠯ ᠤᠨ ᠤᠯᠠᠨ ᠮᠢᠩᠭᠠᠨ ᠵᠢᠯ ᠤᠨ ᠲᠤᠷᠰᠢ ᠬᠤᠷᠸ᠎ᠠ ᠶᠢᠷᠳᠢᠨᠴᠤ ᠳᠤ ᠦᠭᠡ ᠲᠠᠭᠤᠨ ᠦᠭᠡᠢ ᠪᠠᠷ ᠦᠢᠯᠡᠴᠢᠯᠡᠳᠡᠭ ᠨᠠᠨᠳᠢᠨ ᠵᠤᠷᠢᠭ ᠰᠠᠨᠠᠭ᠎ᠠ ᠶᠢ ᠨᠢ ᠭᠡᠳᠤᠢ ᠦᠨᠳᠤᠷ ᠦᠨᠡᠯᠡᠵᠤ᠂ ᠭᠡᠷᠬᠢᠨ ᠮᠠᠭᠳᠠᠨ ᠲᠠᠭᠤᠯᠠᠭᠰᠠᠨ ᠴᠤ ᠭᠡᠷᠤᠯᠤᠨ ᠭᠤᠤᠯ ᠤᠨ ᠪᠠᠯᠠᠷᠠᠰᠢ ᠦᠭᠡᠢ ᠭᠠᠪᠢᠶ᠎ᠠ ᠵᠢᠳᠬᠦᠯ ᠢ ᠪᠦᠷᠢᠨ ᠬᠦᠢᠴᠡᠳ ᠢᠯᠡᠳᠭᠡᠵᠤ ᠴᠢᠳᠠᠬᠤ ᠦᠭᠡᠢ ᠶᠤᠮ᠃      ᠭᠡᠷᠤᠯᠤᠨ ᠭᠤᠤᠯ ᠤᠨ ᠦᠷᠭᠡᠨ ᠲᠡᠨᠢᠭᠡᠷ ᠪᠠᠶᠢᠭᠠᠯᠢ ᠶᠢᠨ ᠠᠮᠢ ᠠᠬᠤᠢ᠂ ᠦᠨᠢᠷ ᠪᠠᠶᠠᠯᠢᠭ ᠮᠠᠯᠵᠢᠬᠤ ᠰᠤᠶᠤᠯ ᠨᠢ ᠬᠤᠰᠢᠭᠤ ᠨᠤᠳᠤᠭ ᠤᠨ ᠢᠶᠠᠨ ᠦᠷᠨᠢᠨ ᠬᠦᠭᠵᠢᠵᠤ ᠪᠠᠶᠢᠭ᠎ᠠ ᠵᠤᠭᠠᠴᠠᠯ ᠤᠨ ᠦᠢᠯᠡᠰ ᠪᠠ ᠦᠭᠡᠷᠡᠴᠢᠯᠡᠯᠳᠡ ᠨᠡᠭᠡᠭᠡᠯᠳᠡ ᠶᠢᠨ ᠴᠢᠯᠤᠭᠡᠳᠡᠢ ᠶᠠᠪᠤᠯᠴᠠᠬᠤ ᠠᠤᠭ᠎ᠠ ᠦᠢᠯᠡᠰ ᠲᠤ ᠤᠮᠳᠤᠭᠠᠶᠢᠯᠠᠵᠤ ᠪᠤᠯᠤᠰᠢ ᠦᠭᠡᠢ ᠨᠡᠮᠡᠷᠢ ᠬᠠᠨᠳᠢᠪ ᠢᠶᠠᠨ ᠡᠷᠬᠦᠵᠦ ᠶᠠᠪᠤᠬᠤ ᠨᠢ ᠯᠠᠪᠳᠠᠢ᠃     ᠠᠯᠤᠰ ᠤᠨ ᠠᠯᠤᠰ ᠠᠴᠠ ᠴᠢᠩᠨᠠᠨ ᠴᠢᠩᠨᠠᠨ ᠰᠠᠭᠤᠬᠤ ᠳᠤ ᠰᠡᠳᠬᠢᠯ ᠤᠨ ᠬᠠᠶᠢᠷ᠎ᠠ ᠶᠢ ᠲᠠᠯᠠᠯᠤᠭᠠᠳ ᠪᠠᠶᠢᠳᠠᠭ ᠭᠡᠷᠤᠯᠤᠨ ᠭᠤᠤᠯ ᠤᠨ ᠠᠶᠢᠵᠠᠮ ᠴᠤᠬᠢᠯᠭᠠᠳᠤ ᠡᠭᠡᠰᠢᠭ ᠨᠢ ᠮᠢᠨᠤ ᠴᠢᠬᠢᠨ ᠰᠤᠨᠤᠷ ᠲᠤ ᠦᠷᠬᠦᠯᠵᠢ ᠰᠤᠨᠤᠰᠤᠭᠳᠠᠵᠤ ᠪᠠᠶᠢᠮᠠᠷ ᠰᠢᠭ᠋ ᠰᠠᠨᠠᠭᠳᠠᠭᠠᠳ ᠢᠷᠡᠨ᠎ᠠ᠃ ᠲᠡᠭᠡᠭᠡᠳ ᠪᠢ ᠲᠤᠰᠬᠠᠶᠢᠯᠠᠨ ᠴᠠᠭ ᠭᠠᠷᠭᠠᠵᠤ᠂ ᠰᠠᠨᠠᠯ ᠮᠦᠷᠤᠭᠡᠳᠤᠯ ᠤᠨ ᠦᠯᠤᠭᠡᠢ ᠨᠤᠳᠤᠭ ᠲᠠᠭᠠᠨ ᠲᠠᠪᠬᠢᠵᠤ ᠢᠷᠡᠭᠡᠳ ᠲᠤᠮᠳᠠᠳᠤ ᠮᠤᠩᠭᠤᠯ ᠬᠤᠶᠠᠷ ᠤᠯᠤᠰ ᠤᠨ ᠬᠢᠯᠢ ᠶᠢᠨ ᠤᠷᠤᠨ ᠳᠤ ᠪᠠᠶᠢᠷᠢᠰᠢᠯᠠᠵᠤ ᠪᠠᠶᠢᠭ᠎ᠠ ᠮᠡᠷᠭᠡᠨ᠋ᠠᠠᠭᠤᠯᠠ ᠳᠠᠭᠠᠨ ᠲᠠᠬᠢᠨ ᠭᠠᠷᠴᠤ᠂ ᠪᠠᠭ᠎ᠠ ᠶᠢᠨ ᠦᠶ᠎ᠡ ᠶᠢᠨ ᠤᠮᠪᠠᠵᠤ ᠦᠰᠦᠭᠰᠡᠨ ᠭᠡᠷᠤᠯᠤᠨ ᠭᠤᠤᠯ ᠢ ᠪᠠᠨ ᠪᠠᠷᠠᠯᠠᠬᠤ ᠳᠤ ᠲᠡᠷᠡ ᠮᠠᠨᠢ ᠰᠠᠨᠰᠠᠷ ᠲᠡᠭᠷᠢ ᠶᠢᠨ ᠮᠦᠩᠬᠦᠨ ᠭᠤᠤᠯ ᠤᠷᠴᠢᠯᠠᠩ ᠲᠡᠯᠡᠭᠡᠢ ᠳᠤ ᠪᠠᠭᠤᠭᠰᠠᠨ ᠰᠢᠭ᠋ ᠰᠠᠷᠠᠭᠤᠯ ᠠᠭᠤᠳᠠᠮ ᠪᠠᠷᠭᠤ ᠶᠢᠨ ᠲᠠᠯ᠎ᠠ ᠳᠠᠭᠠᠨ ᠰᠠᠯᠵᠤ ᠶᠠᠳᠠᠮ᠎ᠠ ᠲᠤᠯᠬᠢᠶᠠᠯᠠᠨ ᠮᠢᠷᠠᠯᠵᠠᠭᠠᠳ ᠶᠠᠭ ᠯᠠ ᠬᠤᠶᠠᠷ ᠤᠯᠤᠰ ᠤᠨ ᠠᠷᠢᠭᠤᠨ ᠨᠦᠬᠦᠷᠯᠠᠯ ᠢ ᠬᠤᠯᠪᠤᠨ ᠵᠦᠩᠨᠡᠭᠰᠡᠨ ᠬᠦᠭᠡ ᠲᠤᠷᠭᠠᠨ ᠬᠠᠳᠠᠭ ᠮᠡᠳᠤ ᠬᠦᠳᠡᠭᠡ ᠶᠢᠨ ᠰᠠᠯᠬᠢᠨ ᠤ ᠠᠶᠠᠰ ᠢᠶᠠᠷ ᠬᠦᠭᠡᠷᠡᠨ ᠨᠠᠮᠢᠷᠠᠨ ᠲᠡᠯᠭᠡᠭᠳᠡᠭᠡᠳ ᠬᠦᠭᠡᠷᠤᠬᠦᠢ ᠦᠷ᠎ᠠ ᠶᠢ ᠪᠠᠨ ᠬᠦᠯᠢᠶᠠᠨ ᠤᠭᠳᠤᠵᠤ ᠪᠠᠶᠢᠮᠠᠷ ᠰᠢᠭ᠋ ᠬᠠᠷᠠᠭᠳᠠᠨ᠎ᠠ᠃      ᠡᠭᠡ ᠨᠤᠳᠤᠭ ᠤᠨ ᠡᠯᠢᠭᠡᠨ ᠬᠠᠶᠢᠷ᠎ᠠ ᠰᠢᠩᠭᠡᠭᠰᠡᠨ ᠭᠡᠷᠤᠯᠤᠨ ᠭᠤᠤᠯ ᠤᠨ ᠡᠶᠢᠮᠤᠷᠬᠦᠤ ᠭᠤᠶᠤ ᠦᠵᠡᠭᠳᠡᠯ᠂ ᠡᠶᠢᠮᠤᠷᠬᠦᠤ ᠰᠠᠶᠢᠬᠠᠨ ᠰᠡᠳᠬᠢᠭᠳᠡᠯ ᠳᠤ ᠮᠢᠨᠤ ᠰᠡᠳᠬᠢᠯ ᠶᠠᠭᠠᠬᠢᠬᠤ ᠶᠢᠨ ᠠᠷᠭ᠎ᠠ ᠦᠭᠡᠢ ᠬᠦᠭᠰᠡᠨ ᠲᠤᠭᠳᠤᠯᠵᠤ ᠦᠪᠡᠷ ᠤᠨ ᠡᠷᠭᠡ ᠦᠭᠡᠢ ᠰᠤᠭᠳᠤᠭᠤᠷᠠᠨ᠂ ᠡᠨᠡ ᠶᠢᠷᠳᠢᠨᠴᠤ ᠶᠢᠨ ᠭᠡᠰᠢᠭ ᠪᠤᠶᠠᠨ ᠢ ᠰᠠᠶᠢᠨ ᠤᠯᠵᠤ ᠡᠳ᠋ᠯᠡᠭᠰᠡᠨ ᠰᠢᠭ ᠦᠴᠤᠭᠡᠨ ᠨᠠᠳᠠ ᠳᠠᠭᠠᠨ ᠭᠡᠮᠵᠢᠶᠡᠯᠡᠰᠢ ᠦᠭᠡᠢ ᠪᠠᠶᠠᠷ ᠪᠠᠭ᠋ᠠᠳᠤᠯ ᠵᠤᠯ ᠵᠢᠷᠭᠠᠯ ᠪᠤᠯᠵᠠᠢ᠃
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ