ᠲᠠᠪᠤᠨ ᠪᠠᠷᠰ ᠢ ᠬᠦᠮᠦᠵᠢᠭᠦᠯᠦᠭᠰᠡᠨ ᠠᠪᠠᠢ ᠬᠠᠲᠤᠨ
ᠨᠡᠶᠢᠲᠡᠯᠡᠭᠰᠡᠨ ᠴᠠᠭ᠄
2023/7/3
      ︽ᠮᠣᠩᠭᠤᠯᠴᠤᠳ ᠤᠨ ᠭᠡᠷ ᠤᠨ ᠰᠤᠷᠭᠠᠯ ᠪᠣᠯᠪᠠᠰᠤ ᠡᠷᠲᠡᠨ ᠠᠴᠠ ᠡᠬᠡᠨᠡᠷ ᠪᠠᠷᠢᠵᠤ ᠶᠠᠪᠤᠭᠤᠯᠤᠨ ᠠᠮᠤᠢ︾ ᠭᠡᠵᠦ ᠯᠣᠪᠰᠠᠩᠴᠣᠶᠢᠳᠠᠨ ᠠᠴᠠ ᠭᠡᠷ ᠤᠨ ᠬᠦᠮᠦᠵᠢᠯ ᠳᠤᠮᠳᠠᠬᠢ ᠮᠣᠩᠭᠤᠯ ᠡᠬᠡ ᠶᠢᠨ ᠦᠢᠯᠡᠳᠦᠯ ᠢ ᠵᠥᠪ ᠦᠨᠡᠯᠡᠭᠰᠡᠨ ᠪᠢᠯᠡ᠃ ᠬᠡᠳᠦᠶᠢᠪᠡᠷ ᠡᠴᠢᠭᠡ ᠡᠬᠡ ᠬᠠᠮᠲᠤ ᠪᠠᠷ ᠦᠷ᠎ᠡ ᠬᠡᠦᠬᠡᠳ ᠢᠶᠠᠨ ᠬᠦᠮᠦᠵᠢᠭᠦᠯᠬᠦ ᠡᠭᠦᠷᠭᠡ ᠲᠠᠢ ᠪᠣᠯᠪᠠᠴᠤ ᠡᠷᠲᠡᠨ ᠤ ᠨᠡᠶᠢᠭᠡᠮ ᠤᠨ ᠡᠯ᠎ᠡ ᠵᠦᠢᠯ ᠤᠨ ᠵᠦᠷᠢᠴᠡᠯ ᠮᠦᠷᠭᠦᠯᠳᠦᠭᠡᠨ᠂ ᠳᠠᠶᠢᠨ ᠳᠠᠵᠢᠨ ᠵᠢᠴᠢ ᠨᠡᠭᠦᠳᠡᠯᠯᠡᠨ ᠮᠠᠯᠵᠢᠬᠤ ᠠᠵᠤ ᠠᠬᠤᠢ ᠶᠢᠨ ᠬᠦᠭᠵᠢᠯᠲᠡ ᠶᠢᠨ ᠱᠠᠭᠠᠷᠳᠠᠯᠭ᠎ᠠ ᠠᠴᠠ ᠪᠣᠯᠵᠤ᠂ ᠭᠡᠷ ᠤᠨ ᠡᠵᠡᠨ ᠪᠣᠯᠣᠭᠰᠠᠨ ᠡᠴᠢᠭᠡ ᠨᠢ ᠦᠷᠭᠦᠯᠵᠢ ᠠᠶᠠᠨ ᠳᠠᠶᠢᠨ᠂ ᠠᠩ ᠭᠦᠷᠦᠭᠡ ᠳᠤ ᠮᠣᠷᠳᠠᠳᠠᠭ ᠤᠴᠢᠷ ᠠᠴᠠ ᠶᠡᠷᠦᠩᠬᠡᠢ ᠳᠡᠭᠡᠨ ᠡᠬᠡᠴᠤᠳ ᠤᠨ ᠬᠦᠮᠦᠵᠢᠯ ᠢᠶᠠᠷ ᠭᠤᠣᠯᠯᠠᠳᠠᠭ ᠨᠢ ᠠᠶᠠᠨᠳᠠᠭᠠᠨ ᠤ ᠪᠠᠶᠢᠵᠠᠢ᠃ ᠡᠭᠦᠨ ᠠᠴᠠ ᠭᠠᠳᠠᠨ᠎ᠠ᠂ ᠡᠴᠢᠭᠡ ᠨᠢ ᠡᠷᠲᠡ ᠨᠠᠰᠤ ᠨᠥᠭᠴᠢᠪᠡᠯ ᠪᠡᠯᠪᠡᠰᠦᠨ ᠬᠤᠴᠣᠷᠣᠭᠰᠠᠨ ᠡᠬᠡ ᠨᠢ ᠦᠨᠦᠴᠢᠨ ᠬᠡᠦᠬᠡᠳ ᠢᠶᠠᠨ ᠠᠰᠠᠷᠠᠨ ᠲᠡᠵᠢᠭᠡᠬᠦ᠂ ᠰᠤᠷᠭᠠᠨ ᠬᠦᠮᠦᠵᠢᠭᠦᠯᠬᠦ ᠡᠭᠦᠷᠭᠡ ᠶᠢ ᠭᠠᠭᠴᠠᠭᠠᠷ ᠡᠭᠦᠷᠭᠡᠯᠡᠳᠡᠭ ᠪᠠᠶᠢᠭᠰᠠᠨ᠃ ᠠᠯᠤᠨ ᠭᠤᠸ᠎ᠠ ᠡᠬᠡ᠂ ᠨᠣᠮᠣᠯᠣᠨ ᠡᠬᠡ᠂ ᠦᠭᠡᠯᠦᠨ ᠡᠬᠡ᠂ ᠰᠤᠷᠬᠠᠭᠳᠠᠨᠢ ᠪᠠᠬᠢ ᠵᠡᠷᠭᠡ ᠡᠬᠡᠴᠤᠳ ᠪᠦᠷ ᠭᠠᠭᠴᠠ ᠪᠡᠶ᠎ᠡ ᠪᠠᠷ ᠦᠨᠦᠴᠢᠨ ᠬᠡᠦᠬᠡᠳ ᠢᠶᠠᠨ ᠦᠰᠭᠡᠨ ᠬᠦᠮᠦᠵᠢᠭᠦᠯᠦᠭᠰᠡᠨ ᠶᠤᠮ᠃      ᠣᠶᠢᠷᠠᠳ ᠤᠨ ᠰᠤᠷᠪᠤᠯᠵᠢ ᠪᠢᠴᠢᠭ ᠲᠤ᠄ ︽ᠦᠨᠦᠴᠢᠨ ᠲᠠᠪᠤᠨ ᠬᠦᠪᠡᠭᠦᠨ ᠢᠶᠠᠨ ᠣᠶᠢᠷᠠᠳ ᠤᠨ ᠰᠠᠶᠢᠨ ᠪᠣᠯᠭᠠᠵᠤ᠂ ᠲᠠᠪᠤᠨ ᠪᠠᠷᠰ ᠨᠡᠷ᠎ᠡ ᠥᠭᠭᠦᠭᠦᠯᠦᠭᠰᠡᠨ ᠠᠪᠠᠢ ᠬᠠᠲᠤᠨ︾ ᠭᠡᠳᠡᠭ ᠮᠠᠭᠲᠠᠭᠠᠯ ᠪᠠᠶᠢᠳᠠᠭ᠃ ᠠᠪᠠᠢ ᠬᠠᠲᠤᠨ ᠪᠣᠯ ᠳᠥᠷᠪᠡᠨ ᠣᠶᠢᠷᠠᠳ ᠤᠨ ᠲᠡᠦᠬᠡᠨ ᠳᠡᠭᠡᠷ᠎ᠡ ᠨᠡᠷ᠎ᠡ ᠠᠯᠳᠠᠷ ᠲᠠᠢ᠂ ᠰᠣᠳᠣ ᠮᠡᠷᠭᠡᠨ ᠪᠣᠳᠣᠯᠭ᠎ᠠ ᠤᠬᠠᠭᠠᠨ ᠲᠠᠢ᠂ ᠡᠷᠡᠰ ᠰᠢᠭᠤᠷᠬᠠᠢ ᠵᠠᠩ ᠵᠣᠷᠢᠭ ᠲᠠᠢ ᠪᠦᠰᠡᠭᠦᠢ ᠶᠤᠮ᠃ ᠣᠶᠢᠷᠠᠳᠴᠤᠳ ᠤᠨ ᠪᠠᠭ᠋ᠠᠷᠬᠠᠯ ᠪᠣᠯᠣᠭᠰᠠᠨ ︽ᠲᠠᠪᠤᠨ ᠪᠠᠷᠰ︾ ᠬᠡᠮᠡᠭᠳᠡᠭᠰᠡᠨ ᠲᠠᠪᠤᠨ ᠬᠡᠦᠬᠡᠳ ᠲᠠᠢ᠃ ᠲᠠᠪᠤᠨ ᠬᠡᠦᠬᠡᠳ ᠢᠶᠠᠨ ᠣᠶᠢᠷᠠᠳ ᠡᠷᠡᠴᠤᠳ ᠲᠤ ᠯᠡ ᠪᠠᠶᠢᠳᠠᠭ ᠬᠠᠲᠠᠭᠤ ᠰᠢᠨᠳᠠᠰᠤ ᠲᠠᠢ ᠦᠰᠭᠡᠨ᠂ ᠣᠶᠢᠷᠠᠳ ᠡᠷᠡᠴᠤᠳ ᠲᠤ ᠯᠡ ᠪᠠᠶᠢᠳᠠᠭ ᠬᠠᠳᠠᠨ ᠤᠶᠤᠨ ᠲᠠᠢ ᠬᠦᠮᠦᠵᠢᠭᠦᠯᠦᠭᠰᠡᠨ ᠬᠠᠲᠤᠨ ᠪᠠᠭᠠᠲᠤᠷ ᠡᠬᠡ ᠪᠢᠯᠡ᠃      ᠠᠪᠠᠢ ᠬᠠᠲᠤᠨ ᠴᠣᠷᠣᠰ ᠠᠶᠢᠮᠠᠭ ᠤᠨ ᠰᠣᠷᠪᠣᠯᠵᠢᠲᠤ ᠭᠡᠷ ᠤᠨ ᠦᠬᠢᠨ ᠶᠤᠮ᠃ ᠶᠠᠳᠠᠷ ᠴᠢᠩᠰᠠᠩ ᠤᠨ ᠬᠠᠲᠤᠨ ᠪᠠᠶᠢᠪᠠ᠃ ᠶᠠᠳᠠᠷ ᠴᠢᠩᠰᠠᠩ ᠥᠩᠭᠡᠷᠡᠭᠰᠡᠨ ᠤ ᠳᠠᠷᠠᠭ᠎ᠠ ᠦᠶ᠎ᠡ ᠳᠡᠭᠦᠦ ᠬᠠᠨᠢ ᠨᠣᠶᠠᠨ ᠬᠤᠩᠭᠤᠷ ᠲᠠᠢ ᠵᠠᠯᠭᠠᠨ ᠰᠠᠭᠤᠵᠤ ᠲᠠᠪᠤᠨ ᠬᠦᠪᠡᠭᠦᠨ ᠲᠦᠷᠦᠪᠡ᠃ ᠠᠪᠠᠢ ᠬᠠᠲᠤᠨ ᠤ ᠲᠠᠪᠤᠨ ᠬᠦᠪᠡᠭᠦᠨ ᠪᠠᠶᠢᠪᠠᠭᠠᠰ᠂ ᠲᠦᠮᠡᠨᠳᠡᠢ ᠣᠶᠢᠵᠠᠩ ᠬᠦᠨᠳᠡᠯᠡᠨ ᠲᠦᠷᠭᠡᠴᠢ ᠤᠪᠠᠰᠢ᠂ ᠲᠦᠷᠦᠪᠠᠶᠢᠬᠤ ᠭᠦᠦᠰᠢ ᠬᠠᠭᠠᠨ᠂ ᠵᠠᠰᠠᠭᠲᠤ ᠴᠢᠩ ᠪᠠᠭᠠᠲᠤᠷ᠂ ᠪᠤᠶᠠᠨ ᠬᠠᠲᠠᠨ ᠪᠠᠭᠠᠲᠤᠷ ︵ᠪᠠᠰᠠ ᠪᠣᠶᠠᠨ ᠣᠳᠬᠤᠨ ᠭᠡᠳᠡᠭ︶ ᠭᠡᠬᠦ ᠲᠠᠪᠤᠭᠤᠯᠠ ᠶᠢ ᠲᠡᠦᠬᠡᠨ ᠳᠤ ᠪᠠᠰᠠ ︽ᠲᠠᠪᠤᠨ ᠪᠠᠷᠰ︾ ᠭᠡᠳᠡᠭ᠃ ᠬᠠᠨᠢ ᠨᠣᠶᠠᠨ ᠬᠤᠩᠭᠤᠷ ᠳᠠᠶᠢᠨ ᠳᠤ ᠠᠳᠡᠬᠦ ᠦᠶᠡᠰ ᠲᠡᠭᠦᠨ ᠤ ᠬᠦᠪᠡᠭᠦᠳ ᠨᠢ ᠬᠠᠷᠠᠬᠠᠨ ᠪᠠᠭ᠎ᠠ ᠪᠠᠯᠴᠢᠷ ᠪᠠᠶᠢᠵᠠᠢ᠃ ᠡᠶᠢᠮᠦ ᠠᠴᠠ ᠣᠶᠢᠷᠠᠳ ᠤᠨ ᠢᠵᠠᠭᠤᠷᠲᠠᠳ ᠬᠠᠨᠢ ᠨᠣᠶᠠᠨ ᠬᠤᠩᠭᠤᠷ ᠤᠨ ᠪᠠᠭᠠᠲᠤᠷ ᠰᠦᠷ ᠢ ᠬᠦᠨᠳᠦᠳᠬᠡᠨ ᠳᠤᠷᠠᠰᠬᠠᠵᠤ᠂ ᠲᠡᠭᠦᠨ ᠤ ᠬᠠᠲᠤᠨ ᠠᠪᠠᠢ ᠶᠢ ᠵᠣᠷᠢᠭ ᠤᠬᠠᠭᠠᠨ ᠲᠠᠢ ᠳᠣᠲᠣᠷ᠎ᠠ ᠲᠠᠮᠢᠷ ᠲᠠᠢ ᠪᠦᠰᠡᠭᠦᠢ ᠬᠡᠮᠡᠨ ᠢᠳᠡᠭᠡᠨ ᠨᠠᠶᠢᠳᠠᠵᠤ᠂ ᠪᠠᠶᠢᠪᠠᠭᠠᠰ ᠢ ᠡᠷ᠎ᠡ ᠶᠢᠨ ᠵᠡᠷᠭᠡ ᠳᠤ ᠬᠦᠷᠲᠡᠯ᠎ᠡ ᠬᠤᠱᠤᠳ ᠠᠶᠢᠮᠠᠭ ᠢ ᠵᠠᠰᠠᠭᠯᠠᠨ᠂ ᠣᠶᠢᠷᠠᠳ ᠤᠨ ᠴᠢᠭᠤᠯᠭᠠᠨ ᠤ ᠡᠷᠬᠡ ᠶᠢ ᠠᠳᠬᠤᠭᠤᠯᠵᠤ ᠪᠠᠶᠢᠭᠰᠠᠨ ᠶᠤᠮ᠃      1608 ᠣᠨ ᠳᠤ ᠬᠠᠯᠬ᠎ᠠ ᠶᠢᠨ ᠯᠠᠶᠢᠬᠤᠷ ᠬᠠᠨ ᠤ ᠦᠶ᠎ᠡ ᠳᠡᠭᠦᠦ ᠬᠤᠳᠣᠭᠤᠶᠢᠳ ᠤᠨ ᠣᠷᠣ ᠶᠢ ᠡᠵᠡᠯᠡᠵᠦ ᠪᠠᠶᠢᠭᠰᠠᠨ ᠱᠣᠯᠣᠢ ᠤᠪᠠᠰᠢ ᠬᠤᠩ ᠲᠠᠶᠢᠵᠢ ᠭᠡᠭᠴᠢ ᠬᠠᠰᠠᠭ ᠤᠨ ᠬᠠᠨ ᠤ ᠬᠤᠯᠪᠣᠭᠠᠯᠠᠨ᠂ ᠣᠶᠢᠷᠠᠳ ᠢ ᠬᠠᠷᠢᠶᠠᠲᠤ ᠠᠯᠪᠠᠲᠤ ᠪᠣᠯᠭᠠᠬᠤ ᠵᠣᠷᠢᠯᠭ᠎ᠠ ᠠᠴᠠ ᠪᠠᠷᠠᠭᠤᠨ ᠵᠡᠭᠦᠨ ᠡᠮᠦᠨ᠎ᠡ ᠬᠤᠶᠠᠷ ᠲᠠᠯ᠎ᠠ ᠠᠴᠠ ᠬᠠᠪᠴᠢᠨ ᠳᠣᠪᠲᠣᠯᠵᠠᠢ᠃ ᠡᠨᠡ ᠬᠦ ᠳᠠᠶᠢᠨ ᠮᠠᠰᠢ ᠪᠠᠴᠢᠮ ᠲᠤᠯᠭᠠᠮ᠂ ᠨᠡᠯᠢᠶᠡᠳ ᠪᠡᠯᠡᠳᠬᠡᠯ ᠲᠡᠭᠦᠰ ᠨᠦᠷᠢᠵᠦ ᠢᠷᠡᠭᠰᠡᠨ ᠭᠡᠳᠡᠭ ᠨᠢ ᠦᠵᠡᠲᠡᠯ᠎ᠡ ᠢᠯᠡᠷᠬᠡᠢ᠃ ᠦᠷᠪᠢᠰᠦᠨ ᠨᠣᠴᠣᠳᠠᠭ ᠦᠪᠡᠷ ᠵᠠᠭᠤᠷ᠎ᠠ ᠶᠢᠨ ᠳᠠᠶᠢᠨ ᠤ ᠭᠠᠯ ᠭᠡᠭᠴᠢ ᠶᠡᠷᠦ ᠨᠢ ᠠᠶᠢᠮᠠᠭ ᠤᠭᠰᠠᠭ᠎ᠠ ᠶᠢᠨ ᠠᠰᠢᠭ ᠲᠤᠰ ᠤᠨ ᠡᠭᠦᠳᠡᠨ ᠠᠴᠠ ᠬᠦᠮᠦᠰᠬᠡ ᠨᠢᠳᠦᠨ ᠤ ᠬᠤᠭᠤᠷᠣᠨᠳᠣ ᠳᠦᠷᠡᠯᠵᠡᠳᠡᠭ ᠪᠠᠶᠢᠯ᠎ᠠ᠃      ᠠᠪᠠᠢ ᠬᠠᠲᠤᠨ ᠦᠪᠡᠷ ᠤᠨ ᠪᠡᠶ᠎ᠡ ᠪᠠᠷ ᠳᠠᠶᠢᠨ ᠵᠢᠯᠣᠭᠤᠳᠴᠤ ᠪᠠᠭᠠᠲᠤᠷᠯᠠᠪᠠ᠃      ᠠᠪᠠᠢ ᠬᠠᠲᠤᠨ ᠡᠷᠴᠢᠰ ᠮᠦᠷᠡᠨ ᠤ ᠪᠠᠷᠠᠭᠤᠨ ᠡᠷᠭᠢ ᠶᠢᠨ ᠬᠤᠱᠤᠳ ᠲᠣᠷᠭᠤᠳ ᠠᠶᠢᠮᠠᠭ ᠢ ᠵᠢᠯᠣᠭᠤᠳᠣᠨ ᠬᠠᠰᠠᠭ ᠤᠨ ᠣᠯᠠᠨ ᠢ ᠪᠤᠲᠠ ᠴᠣᠬᠢᠭᠠᠳ᠂ ᠡᠪᠢ ᠭᠤᠣᠯ ᠤᠨ ᠳᠡᠭᠡᠳᠦ ᠤᠷᠤᠰᠬᠠᠯ ᠤᠨ ᠴᠣᠷᠣᠰ ᠬᠤᠶᠢᠳ ᠠᠶᠢᠮᠠᠭ ᠢ ᠵᠢᠯᠣᠭᠤᠳᠣᠨ ᠬᠠᠯᠬ᠎ᠠ ᠶᠢᠨ ᠱᠣᠯᠣᠢ ᠤᠪᠠᠰᠢ ᠬᠤᠩ ᠲᠠᠶᠢᠵᠢ ᠶᠢᠨ ᠳᠣᠪᠲᠣᠯᠣᠯᠲᠠ ᠶᠢ ᠪᠤᠲᠠ ᠨᠢᠷᠭᠡᠪᠡ᠃ ᠳᠠᠶᠢᠨ ᠪᠠᠶᠢᠯᠳᠤᠭᠠᠨ ᠤ ᠠᠷᠭ᠎ᠠ ᠠᠪᠳᠠᠯ ᠠᠴᠠ ᠠᠪᠠᠢ ᠬᠠᠲᠤᠨ ᠤ ᠠᠷᠤᠤᠬᠠᠨ ᠪᠠᠭᠠᠲᠤᠷᠯᠢᠭ ᠠᠷᠭ᠎ᠠ ᠪᠣᠳᠣᠯ᠂ ᠠᠤᠭ᠎ᠠ ᠬᠦᠴᠦᠲᠦ ᠡᠷᠬᠡ ᠮᠡᠳᠡᠯ ᠢ ᠠᠨᠳᠠᠯ ᠦᠭᠡᠢ ᠰᠠᠶᠢᠬᠠᠨ ᠦᠵᠡᠵᠦ ᠭᠠᠷᠬᠤ ᠶᠤᠮ᠃ ᠠᠪᠠᠢ ᠬᠠᠲᠤᠨ ᠪᠠᠷᠠᠭᠤᠨ ᠤ ᠬᠢᠨ ᠢ ᠪᠠᠷᠠᠭᠤᠨ ᠢᠶᠠᠷ ᠨᠢ ᠲᠦᠪᠰᠢᠳᠬᠡᠯ᠎ᠡ᠂ ᠵᠡᠭᠦᠨ ᠤ ᠬᠢ ᠶᠢ ᠵᠡᠭᠦᠨ ᠢᠶᠠᠷ ᠨᠢ ᠪᠤᠲᠠ ᠨᠢᠷᠭᠡᠪᠡ᠃ ᠳᠠᠶᠢᠨ ᠤ ᠰᠡᠯᠡᠮ᠎ᠡ᠂ ᠪᠠᠶᠢᠯᠳᠤᠭᠠᠨ ᠤ ᠮᠣᠷᠢᠳ᠂ ᠰᠤᠮᠤ ᠶᠢᠨ ᠱᠤᠤᠭᠢᠶᠠᠨ᠂ ᠠᠯᠠᠯᠳᠤᠭᠠᠨ ᠤ ᠳᠠᠭᠤᠨ ᠳᠤᠮᠳᠠᠭᠤᠷ ᠪᠠᠶᠢᠯᠳᠤᠵᠤ ᠶᠠᠪᠤᠯ᠎ᠠ᠃      ᠲᠤᠭ ᠤᠨ ᠳᠣᠣᠷ᠎ᠠ ᠠᠭᠲᠠ ᠬᠦᠯᠦᠭ ᠤᠨ ᠨᠢᠷᠤᠭᠤᠨ ᠳᠤ ᠵᠢᠯᠣᠭᠤ ᠳᠣᠭᠲᠤᠷᠤᠨ ᠵᠠᠬᠢᠷᠬᠤ᠂ ᠬᠤᠶᠠᠭ ᠳᠤᠭᠤᠯᠠᠭ᠎ᠠ ᠲᠠᠢ ᠬᠤᠷ ᠰᠠᠭᠠᠳᠠᠭ ᠲᠠᠢ ᠠᠪᠠᠢ ᠬᠠᠲᠤᠨ᠂ ᠠᠰᠤᠷᠤ ᠦᠵᠡᠰᠬᠦᠯᠡᠩᠲᠡᠢ ᠴᠤᠭ ᠵᠢᠪᠬᠤᠭ᠎ᠠ ᠲᠡᠭᠦᠯᠳᠡᠷ︕ ᠶᠠᠭᠤᠲᠠᠢ ᠰᠦᠷ ᠭᠡᠷᠡᠯᠲᠡᠢ᠂ ᠶᠠᠭᠠᠬᠢᠭᠰᠠᠨ ᠰᠦᠯᠳᠡ ᠬᠡᠶᠢᠮᠣᠷᠢ ᠲᠠᠢ ᠬᠠᠲᠤᠨ ᠪᠠᠭᠠᠲᠤᠷ ᠪᠣᠢ︖      1609 ᠣᠨ ᠤ ᠬᠠᠪᠤᠷ ᠤᠨ ᠠᠳᠠᠭ ᠰᠠᠷ᠎ᠠ ᠳᠤ ᠣᠷᠣᠰ ᠤᠨ ᠲᠠᠯ᠎ᠠ ᠬᠤᠲᠠ ᠶᠢᠨ ᠵᠠᠩᠵᠤᠨ ᠤ ᠲᠣᠮᠢᠯᠠᠭᠰᠠᠨ ᠡᠯᠴᠢ ᠭᠧᠯᠦ᠋ᠫᠢᠨ ᠭᠡᠭᠴᠢ ᠣᠶᠢᠷᠠᠳ ᠨᠤᠲᠤᠭ ᠲᠤ ᠢᠷᠡᠪᠡ᠃      ᠭᠧᠯᠦ᠋ᠫᠢᠨ ᠡᠯᠴᠢᠯᠡᠵᠦ ᠵᠣᠭᠰᠣᠨ᠎ᠠ᠃ ᠦᠨᠳᠦᠷ ᠰᠠᠭᠤᠳᠠᠯ ᠳᠤ ᠠᠮᠤᠭᠤᠯᠠᠩ ᠰᠠᠭᠠᠲᠠᠭᠰᠠᠨ ᠶᠡᠬᠡᠮᠰᠦᠭ ᠬᠠᠲᠤᠨ ᠠᠪᠠᠢ᠂ ᠡᠩ ᠤᠨ ᠬᠠᠷᠠᠴᠠ ᠪᠠᠷ ᠦᠩᠭᠡᠶᠢᠨ ᠬᠠᠷᠠᠨ᠎ᠠ᠃ ᠦᠨᠦᠳᠦᠷ ᠤᠨ ᠠᠪᠠᠢ ᠬᠠᠲᠤᠨ ᠤ ᠭᠤᠶᠣᠯᠠᠵᠤ ᠵᠡᠭᠦᠭᠰᠡᠨ ᠪᠣᠷᠳᠤᠭᠤ ᠨᠢ ᠰᠠᠴᠤᠭᠲᠤ ᠳᠤᠭᠤᠯᠠᠭ᠎ᠠ ᠰᠢᠭ᠋ ᠰᠦᠷ ᠭᠡᠭᠡ ᠰᠠᠴᠤᠷᠠᠨ᠎ᠠ᠃ ᠰᠣᠯᠣᠩᠭ᠎ᠠ ᠶᠢᠨ ᠡᠮᠵᠢᠶᠡᠷᠢ ᠲᠠᠢ᠂ ᠴᠡᠴᠡᠭ ᠤᠨ ᠭᠡᠭᠡ ᠲᠠᠢ᠂ ᠭᠦᠨ ᠤᠯᠠᠭᠠᠨ ᠥᠩᠭᠡ ᠲᠠᠢ ᠲᠦᠷᠦ ᠶᠢᠨ ᠳᠡᠪᠡᠯ ᠤᠨ ᠬᠢᠨᠢ ᠠᠯᠲᠠ ᠮᠦᠩᠭᠦᠨ ᠲᠣᠪᠴᠢ ᠰᠢᠯᠪᠢ ᠠᠴᠠ ᠨᠢ ᠠᠯᠲᠠ ᠮᠦᠩᠭᠦᠨ ᠭᠡᠷᠡᠯ ᠣᠶᠢᠨ᠎ᠠ᠃      ᠰᠠᠶᠢᠬᠠᠨ ᠬᠦᠮᠦᠨ ᠤ ᠭᠡᠷᠡᠯ ᠭᠡᠭᠡ ᠳᠤ ᠰᠠᠯᠬᠢᠨ ᠬᠦᠷᠲᠡᠯ᠎ᠡ ᠠᠮᠢᠰᠬᠤᠭ᠎ᠠ ᠪᠠᠨ ᠳᠠᠷᠤᠨ᠎ᠠ᠃      ᠰᠠᠨᠠᠭᠠᠨ ᠳᠤ ᠣᠷᠣᠮ᠎ᠠ ᠦᠭᠡᠢ ᠣᠷᠣᠰ ᠡᠯᠴᠢ᠂ ᠰᠡᠳᠬᠢᠯ ᠳᠤ ᠪᠠᠭᠤᠮ᠎ᠠ ᠦᠭᠡᠢ ᠦᠷᠭᠡᠰᠦᠲᠦ ᠦᠭᠡ ᠳᠠᠮᠵᠢᠭᠤᠯᠤᠨ᠎ᠠ᠃      -- ︽ᠣᠷᠣᠰ ᠤᠨ ᠬᠠᠷᠢᠶᠠᠲᠤ ᠪᠣᠯᠵᠤ ᠭᠠᠶᠢᠯᠢ ᠲᠠᠲᠠᠪᠤᠷᠢ ᠲᠤᠰᠢᠶᠠᠪᠠᠯ ᠰᠠᠶ᠋ᠢ ᠰᠢᠪᠧᠷᠢᠶ᠎ᠠ ᠶᠢᠨ ᠲᠠᠯ᠎ᠠ ᠳᠤ ᠮᠠᠯᠵᠢᠬᠤ ᠶᠢ ᠵᠦᠪᠰᠢᠶᠡᠷᠡᠨ᠎ᠡ︾ ᠭᠡᠨ᠎ᠡ᠃ ᠬᠠᠷ᠎ᠠ ᠰᠠᠨᠠᠭᠠᠨ ᠤ ᠬᠤᠣᠷᠲᠤ ᠬᠤᠢ ᠡᠷᠭᠢᠯᠳᠦᠨ ᠬᠤᠶᠢᠯᠠᠷᠠᠵᠤ᠂ ᠬᠠᠨ ᠲᠡᠭᠷᠢ ᠶᠢᠨ ᠨᠠᠷᠠᠨ ᠤ ᠢᠯᠴᠢ ᠶᠢ ᠬᠠᠯᠬᠠᠯᠠᠬᠤ ᠪᠠᠷ ᠰᠠᠨᠠᠭᠠᠷᠬᠠᠪᠠ᠃      ᠠᠪᠠᠢ ᠬᠠᠲᠤᠨ ᠨᠢᠳᠦ ᠡᠷᠭᠦᠨ ᠠᠯᠤᠰ ᠢ ᠪᠠᠷᠠᠯᠠᠨ᠂ ᠳᠠᠭᠤᠨ ᠤ ᠥᠩᠭᠡ ᠶᠢ ᠴᠢᠩᠭᠠᠯᠠᠵᠤ ᠲᠥᠪ ᠣᠮᠣᠭᠯᠠᠩ ᠢᠶᠠᠷ ᠲᠡᠭᠷᠢ ᠶᠢᠨ ᠵᠠᠷᠯᠢᠭ ᠢ ᠤᠯᠠᠮᠵᠢᠯᠠᠨ᠎ᠠ᠃      -- ︽ᠪᠢᠳᠡ ᠶᠡᠷᠦ ᠠᠴᠠ ᠶᠠᠮᠠᠷᠪᠠ ᠬᠦᠮᠦᠨ ᠳᠤ ᠠᠯᠪᠠ ᠪᠠᠷᠢᠵᠤ ᠦᠵᠡᠭᠡᠳᠦᠢ᠂ ᠬᠠᠷᠢᠨ ᠴᠠᠭᠠᠨ ᠬᠠᠯᠢᠮᠠᠭ ᠠᠴᠠ ᠠᠯᠪᠠ ᠠᠪᠳᠠᠭ᠃ ᠬᠤᠵᠢᠮ ᠬᠤᠶᠢᠰᠢ ᠳᠠᠭᠠᠨ ᠶᠠᠮᠠᠷ ᠬᠦᠮᠦᠨ ᠳᠤ ᠴᠦ ᠡᠳ᠋ ᠶᠠᠭᠤᠮ᠎ᠠ ᠪᠠᠷ ᠭᠠᠶᠢᠯᠢ ᠲᠤᠰᠢᠶᠠᠬᠤ ᠦᠬᠡᠢ︾ ᠭᠡᠵᠦ ᠡᠭᠦᠯᠡ ᠦᠭᠡᠢ ᠲᠤᠩᠭᠠᠯᠠᠭ ᠡᠳᠦᠷ ᠢᠶᠠᠷ ᠭᠢᠯᠪᠠᠭᠠᠨ ᠴᠠᠬᠢᠯᠠᠨ ᠠᠶᠤᠩᠭ᠎ᠠ ᠳᠠᠭᠤᠷᠢᠰᠴᠤ ᠬᠠᠳᠠ ᠴᠢᠯᠠᠭᠤ ᠮᠡᠲᠦ ᠬᠠᠲᠠᠭᠤ ᠬᠠᠷᠢᠭᠤ ᠶᠢ ᠣᠷᠣᠰ ᠤᠨ ᠡᠯᠴᠢ ᠳᠤ ᠪᠠᠭᠤᠯᠭᠠᠪᠠ᠃      ᠬᠤᠷᠴᠠ ᠢᠷ ᠤᠨ ᠰᠣᠮᠣ ᠰᠡᠯᠡᠮ᠎ᠡ ᠬᠠᠷᠰᠢᠯᠳᠤᠭᠰᠠᠨ ᠦᠭᠡᠢ᠂ ᠬᠤᠶᠠᠷ ᠢᠮᠠᠬᠤ ᠶᠢ ᠲᠣᠷᠭᠠᠨ ᠬᠡᠯᠡᠨ ᠤ ᠬᠠᠷᠢᠭᠤ ᠲᠡᠳᠦᠢ᠃ ᠡᠨᠡ ᠬᠦ ᠬᠠᠷᠢᠭᠤ ᠦᠴᠦᠬᠡᠨ ᠵᠠᠢ ᠵᠦᠪᠳᠡᠯᠴᠡᠭᠡ ᠠᠯᠠᠭ᠎ᠠ᠂ ᠶᠠᠪᠤᠬᠤ ᠡᠯᠴᠢ ᠢᠷᠡᠭᠰᠡᠨ ᠮᠥᠷ ᠢᠶᠠᠷ ᠢᠶᠠᠨ ᠱᠣᠭᠰᠢᠪᠠ᠃      ᠣᠨ ᠰᠠᠷ᠎ᠠ ᠶᠢᠨ ᠤᠷᠤᠰᠬᠠᠯ ᠳᠤ ᠣᠶᠢᠷᠠᠳ ᠤᠨ ︽ᠲᠠᠪᠤᠨ ᠪᠠᠷᠰ︾ ᠦᠰᠦᠨ ᠪᠣᠵᠠᠭᠠᠶᠢᠷᠠᠬᠤ ᠶᠢᠨ ᠬᠠᠮᠲᠤ ᠠᠪᠠᠢ ᠬᠠᠲᠤᠨ ᠤ ᠵᠠᠰᠠᠭᠯᠠᠯ ᠳᠣᠣᠷ᠎ᠠ ᠬᠤᠱᠣᠳ ᠠᠶᠢᠮᠠᠭ ᠴᠦ ᠶᠡᠬᠡᠳᠡ ᠬᠦᠴᠦᠷᠬᠡᠭᠵᠢᠵᠡᠢ᠃ 1611 ᠣᠨ ᠳᠤ ᠠᠪᠠᠢ ᠬᠠᠲᠤᠨ ᠴᠢᠭᠤᠯᠭᠠᠨ ᠳᠠᠷᠤᠭ᠎ᠠ ᠶᠢᠨ ᠲᠤᠰᠢᠶᠠᠯ ᠢᠶᠠᠨ ᠪᠠᠶᠢᠪᠠᠭᠠᠰ ᠲᠤ ᠵᠦᠢ ᠶᠣᠰᠣ ᠪᠠᠷ ᠰᠢᠯᠵᠢᠭᠦᠯᠦᠨ ᠥᠭᠴᠡᠢ᠃      ᠠᠪᠠᠢ ᠬᠠᠲᠤᠨ ᠤ ᠪᠢᠯᠢᠭ ᠤᠶᠤᠨ ᠳᠤ ᠲᠠᠪᠤᠨ ᠬᠦᠪᠡᠭᠦᠳ ᠨᠢ ᠲᠠᠪᠤᠨ ᠪᠠᠷᠰ ᠪᠣᠯᠵᠤ ᠬᠦᠮᠦᠵᠢᠭᠳᠡᠪᠡ᠃ ᠮᠣᠩᠭᠤᠯ ᠤᠨ ᠰᠤᠷᠭᠠᠨ ᠬᠦᠮᠦᠵᠢᠯ ᠤᠨ ᠲᠡᠦᠬᠡᠨ ᠳᠤ ᠭᠤᠣᠯ ᠦᠢᠯᠡᠳᠦᠯ ᠦᠵᠡᠭᠦᠯᠦᠭᠰᠡᠨ ᠨᠢ ᠶᠠᠷᠢᠶᠠᠨ ᠦᠭᠡᠢ ︽ᠭᠡᠷ ᠤᠨ ᠬᠦᠮᠦᠵᠢᠯ︾ ᠶᠤᠮ᠂ ᠭᠡᠷ ᠤᠨ ᠬᠦᠮᠦᠵᠢᠯ ᠤᠨ ᠭᠤᠣᠯ ᠪᠠᠭᠠᠲᠤᠷ ᠪᠣᠯ ︽ᠮᠣᠩᠭᠤᠯ ᠡᠬᠡᠴᠤᠣᠯ︾ ᠪᠢᠯᠡ︕ ᠡᠬᠡ ᠠᠴᠠ ᠬᠡᠯᠡᠵᠦ ᠶᠣᠰᠣ ᠶᠢ ᠵᠢᠭᠠᠬᠤ᠂ ᠡᠬᠡ ᠠᠴᠠ ᠬᠢᠵᠦ ᠮᠡᠷᠭᠡᠵᠢᠯ ᠢ ᠰᠤᠷᠭᠠᠬᠤ᠂ ᠪᠡᠶ᠎ᠡ ᠪᠠᠷ ᠳᠦᠷᠢᠮ ᠦᠵᠡᠭᠦᠯᠵᠦ ᠳᠠᠭᠠᠭᠤᠯᠬᠤ᠂ ᠦᠢᠯᠡ ᠪᠠᠷ ᠳᠠᠭᠤᠷᠢᠶᠠᠯ ᠪᠣᠯᠵᠤ ᠵᠢᠯᠣᠭᠤᠳᠬᠤ ᠵᠡᠷᠭᠡ ᠶᠢ ᠪᠣᠳᠠᠲᠠᠢ ᠦᠢᠯᠡᠳᠦᠯᠭᠡ ᠳᠤ ᠬᠡᠦᠬᠡᠳ ᠢᠶᠠᠨ ᠳᠠᠪᠲᠠᠨ ᠪᠣᠯᠪᠠᠰᠤᠷᠠᠭᠤᠯᠳᠠᠭ ᠪᠠᠶᠢᠵᠠᠢ᠃      ᠮᠠᠷᠺᠦ ᠫᠣᠯᠤ᠄ ︽ᠡᠬᠡᠨᠡᠷ ᠪᠦᠰᠡᠭᠦᠶᠢᠴᠤᠳ ᠤᠨ ᠴᠡᠪᠡᠷ ᠠᠷᠢᠭᠤᠨ ᠬᠢᠭᠡᠳ ᠬᠥᠳᠡᠯᠵᠦ ᠠᠭᠠᠰᠢᠯᠠᠬᠤ ᠶᠢᠨ ᠶᠣᠰᠣ ᠶᠣᠰᠣᠯᠠᠯ ᠲᠠᠢ ᠰᠠᠶᠢᠬᠠᠨ ᠠᠨᠤ ᠶᠢᠷᠲᠢᠨᠴᠦ ᠳᠡᠭᠡᠷ᠎ᠡ ᠮᠣᠩᠭᠤᠯ ᠠᠴᠠ ᠬᠡᠲᠦᠷᠡᠭᠴᠢᠳ ᠦᠬᠡᠢ︾ ᠭᠡᠰᠡᠨ ᠶᠤᠮ᠃ ᠯᠣᠪᠰᠠᠶᠢᠴᠤᠶᠢᠳᠠᠨ ᠠᠴᠠ᠄ ︽ᠮᠣᠩᠭᠤᠯ ᠤᠨ ᠡᠬᠡᠨᠡᠷ ᠦᠬᠢᠳ ᠴᠢᠨᠠᠷ ᠰᠠᠶᠢᠲᠠᠢ ᠲᠦᠷᠦᠮᠣᠢ᠂ ᠡᠷᠲᠡᠨ ᠤ ᠶᠣᠰᠣ ᠶᠢ ᠠᠯᠳᠠᠬᠤ ᠦᠬᠡᠢ ᠪᠠᠷᠢᠵᠤ ᠶᠠᠪᠤᠬᠤ ᠴᠦᠮ ᠡᠬᠡᠨᠡᠷ ᠤᠨ ᠲᠡᠩᠬᠡᠬᠡ ᠠᠮᠤᠢ᠂ ᠬᠤᠯᠠ ᠶᠢᠨ ᠪᠣᠳᠣᠯ ᠲᠠᠢ ᠶᠡᠬᠡᠮᠰᠦᠭ ᠡᠬᠡᠨᠡᠷ ᠡᠷᠲᠡᠨ ᠠᠴᠠ ᠡᠳᠦᠭᠡ ᠬᠦᠷᠲᠡᠯ᠎ᠡ ᠣᠯᠠᠨ ᠭᠠᠷᠪᠠᠢ︾᠂ ︽ᠮᠣᠩᠭᠤᠯᠴᠤᠳ ᠤᠨ ᠭᠡᠷ ᠤᠨ ᠰᠤᠷᠭᠠᠯ ᠪᠣᠯᠪᠠᠰᠤ ᠡᠷᠲᠡᠨ ᠠᠴᠠ ᠡᠬᠡᠨᠡᠷ ᠪᠠᠷᠢᠵᠤ ᠶᠠᠪᠤᠭᠤᠯᠤᠨ ᠠᠮᠤᠢ︾ ᠭᠡᠪᠡ᠃      ᠲᠡᠶᠢᠮᠦ ᠡ᠂ ᠠᠪᠠᠢ ᠬᠠᠲᠤᠨ ᠪᠣᠯ ᠲᠡᠳᠡᠭᠡᠷ ᠶᠣᠰᠣ ᠲᠠᠢ᠂ ᠨᠡᠷ᠎ᠡ ᠲᠠᠢ᠂ ᠬᠦᠮᠦᠵᠢᠯ ᠰᠤᠷᠭᠠᠯ ᠰᠠᠶᠢᠲᠠᠢ ᠪᠦᠰᠡᠭᠦᠶᠢᠴᠤᠳ ᠤᠨ ᠳᠣᠲᠣᠷᠠᠬᠢ ᠨᠢᠭᠡᠨ ᠶᠤᠮᠰᠠᠨ᠃
ᠢᠷᠡᠯᠲᠡ᠄ ︽ᠮᠣᠩᠭᠤᠯᠵᠢᠨ ᠭᠤᠸ᠎ᠠ ᠬᠠᠲᠤᠳ︾ ᠨᠣᠮ ᠠᠴᠠ