ᠪᠠᠭᠰᠢ ᠳᠠᠭᠠᠨ
ᠨᠡᠶᠢᠲᠡᠯᠡᠭᠰᠡᠨ ᠴᠠᠭ᠄
2023/8/16
                 ᠨᠠ᠊· · ᠥᠯᠵᠡᠶᠢᠳᠡᠯᠭᠡᠷᠪᠠᠭᠰᠢ ᠠ᠋᠂ ᠲᠠ ᠮᠢᠨᠢ ᠪᠤᠷᠬᠠᠨ ᠪᠢᠰᠢ ᠲᠤᠯᠠᠲᠠᠨ ᠳᠠᠭᠠᠨ ᠪᠢᠥᠨᠥᠴᠢᠨ ᠵᠤᠯᠠ ᠠᠰᠠᠭᠠᠵᠤᠥᠷᠥᠭᠡᠰᠦᠨ ᠬᠦᠵᠢ ᠴᠦ ᠤᠡᠭᠭᠠᠰᠬᠠᠭ᠎ᠠ ᠦᠭᠡᠢ      ᠭᠡᠲᠡᠯ᠎ᠡ᠂ ᠪᠢ ᠲᠠᠨ ᠳᠠᠭᠠᠨ      ᠳᠠᠭᠠᠳᠬᠠᠬᠤ ᠶᠣᠰᠣᠲᠠᠢ ᠪᠠᠨ ᠳᠠᠭᠠᠳᠬᠠᠵᠤ      ᠭᠤᠶᠤᠬᠤ ᠶᠣᠰᠣᠲᠠᠢ ᠪᠠᠨ ᠭᠤᠶᠤᠭᠠᠳ ᠳᠠᠰᠴᠢᠬᠠᠭᠰᠠᠨᠪᠠᠭᠰᠢ ᠠ᠋᠂ ᠲᠠ ᠮᠢᠨᠢ ᠴᠢᠳᠬᠦᠷ ᠪᠢᠰᠢ ᠲᠤᠯᠠᠲᠠᠨ  ᠳᠠᠭᠠᠨ ᠪᠢ ᠶᠠᠮᠠᠷ ᠴᠦᠰᠡᠷᠡᠳᠡᠬᠦ ᠰᠡᠷᠭᠡᠶᠢᠯᠡᠬᠦ ᠰᠡᠳᠬᠢᠯ ᠦᠭᠡᠢ      ᠭᠡᠲᠡᠯ᠎ᠡ᠂ ᠪᠢ ᠬᠠᠷᠠᠩᠭᠤᠢ ᠳᠤ ᠠᠭᠠᠯᠢᠭᠦᠶᠢᠳᠡᠬᠦ ᠳᠡᠭᠡᠨ ᠲᠠᠨ ᠠᠴᠠ ᠪᠠᠨ      ᠰᠦᠨᠡᠰᠦ ᠪᠠᠨ ᠵᠠᠪᠬᠠᠷᠠᠲᠠᠯ᠎ᠠ ᠠᠶᠤᠳᠠᠭ ᠲᠤᠯᠠ      ᠳᠠᠩᠳᠠ ᠲᠠᠨ ᠤ ᠰᠤᠷᠭᠠᠯ ᠢᠶᠠᠷ ᠭᠡᠷᠡᠯ ᠲᠠᠭᠠᠵᠦ ᠶᠠᠪᠤᠳᠠᠭ ᠳ᠋ᠠᠪᠠᠭᠰᠢ ᠠ᠋᠂ ᠲᠠ ᠮᠢᠨᠢ ᠮᠢᠨᠤ ᠠᠪᠤ ᠡᠵᠢ ᠪᠢᠰᠢ ᠲᠤᠯᠠᠲᠠᠨ  ᠳᠠᠭᠠᠨ ᠪᠢᠴᠠᠯᠢᠩ ᠠᠴᠠ ᠪᠠᠨ ᠬᠤᠭᠤᠰᠤᠯᠠᠵᠤ ᠦᠭᠳᠡᠭ ᠦᠭᠡᠢᠴᠠᠮᠴᠠ ᠶᠢ ᠴᠢᠨᠢ ᠤᠬᠢᠶᠠᠵᠤ ᠭᠠᠭᠴᠠ  ᠴᠦ ᠤᠳᠠᠭ᠎ᠠ ᠪᠠᠶᠠᠷᠯᠠᠭᠤᠯᠤᠭ᠎ᠠ ᠦᠭᠡᠢ     ᠭᠡᠲᠡᠯ᠎ᠡ ᠪᠢ ᠰᠡᠳᠬᠢᠯ ᠬᠤᠭᠤᠰᠤᠳᠠᠬᠤ ᠪᠦᠷᠢ ᠳᠡᠭᠡᠨ     ︽ᠠᠪᠤ ᠡᠵᠢ ᠮᠢᠨᠢ ᠰᠢᠭ ᠢᠯᠡᠭᠦᠦ ᠬᠦᠨᠳᠦᠲᠡᠢ ᠰᠢᠤ ᠲᠠ︾ ᠬᠡᠮᠡᠨ      ᠠᠷᠭ᠎ᠠ ᠶᠢ ᠴᠢᠨᠢ ᠠᠯᠳᠠᠷᠠᠭᠠᠵᠤ      ᠥᠷᠥᠪᠴᠢᠬᠡᠨ ᠬᠠᠶᠢᠷ᠎ᠠ ᠶᠢ ᠴᠢᠨᠢ      ᠦᠷ᠎ᠡ ᠠᠴᠠ ᠴᠢᠨᠢ ᠬᠤᠪᠢᠶᠠᠵᠤ ᠠᠪᠳᠠᠭᠪᠠᠭᠰᠢ ᠠ᠋᠂ ᠲᠠ ᠮᠢᠨᠢ ᠮᠢᠨᠤ ᠠᠮᠠᠷᠠᠭ ᠬᠠᠨᠢ ᠪᠢᠰᠢ ᠲᠤᠯᠠᠲᠠᠨ ᠢ ᠪᠠᠨ ᠪᠢ ᠬᠡᠵᠢᠶ᠎ᠡ ᠴᠦᠨᠣᠶᠢᠷ ᠠᠯᠳᠠᠲᠠᠯ᠎ᠠ ᠪᠠᠨ ᠰᠠᠨᠠᠵᠤ ᠪᠠᠶᠢᠭ᠎ᠠ ᠦᠭᠡᠢ        ᠭᠡᠲᠡᠯ᠎ᠡ ᠪᠢ ᠰᠠᠶᠢᠬᠠᠨ ᠠᠮᠠᠷᠠᠭ ᠲᠠᠭᠠᠨ ᠭᠤᠯᠣᠭᠳᠠᠬᠤ ᠠᠴᠠ ᠡᠮᠢᠶᠡᠵᠦ        ᠨᠣᠶᠢᠷ ᠬᠤᠯᠵᠢᠬᠤ ᠪᠣᠯᠭᠠᠨ ᠳᠠᠭᠠᠨ        ᠳᠠᠩᠳᠠ ᠲᠠᠨ ᠤ ᠨᠡᠷ᠎ᠡ ᠳᠤ ᠥᠪᠡᠷ ᠢ ᠪᠠᠨ ᠬᠠᠮᠢᠶᠠᠳᠤᠭᠤᠯᠵᠦ        ᠲᠠᠨ ᠤ ᠳᠦᠷᠢ ᠪᠠᠷ ᠥᠪᠡᠷ ᠢ ᠪᠠᠨ ᠡᠰᠬᠡᠵᠦ ᠮᠡᠩᠳᠡᠭᠦᠷᠡᠳᠡᠭ ᠯᠡ ᠳ᠋ᠠᠪᠠᠭᠰᠢ ᠠ᠋᠂ ᠲᠠ ᠮᠢᠨᠢ ᠲᠣᠯᠢ ᠪᠢᠴᠢᠭ ᠪᠢᠰᠢ ᠲᠤᠯᠠᠲᠠᠨ ᠢ ᠪᠠᠨ ᠪᠢ ᠬᠡᠵᠢᠶ᠎ᠡ ᠴᠦ ᠬᠠᠶᠢᠷᠠᠲᠠᠢ ᠨᠣᠮ ᠢᠶᠠᠨ ᠰᠢᠭ᠋ᠡᠯᠢᠭᠡᠨ ᠳᠡᠭᠡᠨ ᠲᠡᠪᠡᠷᠢᠨ ᠨᠠᠨᠳᠢᠩᠨᠠᠵᠤ ᠦᠵᠡᠭᠡ ᠦᠭᠡᠢ         ᠭᠡᠲᠡᠯ᠎ᠡ ᠪᠢ ᠲᠣᠯᠢ ᠤᠷᠪᠠᠭᠤᠯᠤᠨ ᠮᠤᠬᠤᠷᠳᠠᠬᠤ ᠪᠦᠷᠢ  ᠳᠡᠭᠡᠨ         ᠲᠠᠨ ᠤ ᠪᠠᠨ ᠤᠲᠠᠰᠤᠨ ᠤ ᠨᠣᠮᠧᠷ  ᠢ         ᠲᠠᠷᠢᠬᠢ ᠪᠠᠷ ᠢᠶᠠᠨ ᠪᠢᠰᠢ         ᠬᠤᠷᠤᠭᠤᠨ ᠥᠨᠳᠡᠭᠡ ᠪᠠᠷ ᠢᠶᠠᠨ ᠪᠤᠳᠤᠭᠠᠳ ᠣᠯᠴᠢᠬᠠᠳᠠᠭᠪᠠᠭᠰᠢ ᠠ᠋᠂ ᠪᠢ ᠲᠠᠨ ᠢ ᠪᠠᠨᠡᠨᠡ ᠶᠢᠷᠲᠢᠨᠴᠦ ᠶᠢᠨ ᠬᠠᠮᠤᠭ ᠤᠨ ᠪᠦᠷᠢᠨ ᠬᠠᠮᠤᠭ  ᠤᠨ ᠨᠠᠷᠢᠨᠨᠡᠪᠲᠡᠷᠬᠡᠢ ᠲᠣᠯᠢ ᠭᠡᠵᠦ ᠰᠠᠨᠠᠳᠠᠭ ᠰᠢᠤ        ᠭᠡᠲᠡᠯ᠎ᠡ᠂ ᠪᠢ ᠲᠠᠨ ᠢ ᠪᠠᠨ        ᠲᠣᠯᠢ ᠪᠢᠴᠢᠭ ᠪᠣᠯᠣᠭᠠᠳ ᠬᠡᠪᠲᠡᠴᠢᠬᠡᠬᠦ ᠠᠴᠠ ᠦᠬᠦᠲᠡᠯ᠎ᠡ ᠠᠶᠤᠨ᠎ᠠᠪᠠᠭᠰᠢ ᠠ᠋᠂ ᠪᠢ ᠲᠠᠨ ᠢ ᠪᠠᠨᠳᠤᠯᠠᠭᠠᠬᠠᠨ ᠪᠡᠷ᠎ᠠ ᠶᠢ ᠬᠠᠷᠠᠵᠤ ᠶᠠᠪᠤᠬᠤ ᠳᠤᠷᠠᠲᠠᠢᠴᠢᠨᠦ ᠳᠤᠯᠠᠭᠠᠨ ᠴᠢᠷᠠᠢ᠂ ᠲᠠᠰᠤᠯᠬᠠᠨ ᠨᠣᠮᠧᠷ ᠨᠠᠳᠠ ᠬᠦᠰᠡᠯ ᠡᠷᠡᠮᠡᠯᠵᠡᠯ ᠥᠭᠴᠦᠳᠠᠭᠤᠳᠠᠭᠠᠳ ᠰᠡᠷᠡᠳᠡᠭ ᠦᠭᠡᠢ ᠲᠣᠯᠢ ᠪᠢᠴᠢᠭ ᠨᠦᠭᠦᠳᠳᠠᠩᠳᠠ ᠨᠠᠮᠠᠶᠢ ᠮᠤᠬᠤᠷᠳᠠᠯ ᠳᠤ ᠣᠷᠣᠭᠤᠯᠳᠠᠭ ᠰᠢᠤ         ᠭᠡᠲᠡᠯ᠎ᠡ᠂ ᠪᠢ ᠲᠠᠨ ᠤ ᠪᠠᠨ ᠨᠠᠶᠢᠷᠠᠭᠤᠯᠤᠭᠰᠠᠨ ᠲᠣᠯᠢ ᠪᠢᠴᠢᠭ ᠢ         ᠠᠷᠭ᠎ᠠ ᠦᠭᠡᠢ ᠯᠡ         ᠬᠡᠨ ᠠᠴᠠ ᠴᠦ ᠤᠷᠢᠲᠠᠵᠤ ᠵᠠᠬᠢᠶᠠᠯᠠᠨ᠎ᠠ ᠠ᠋᠂ ᠪᠠᠭᠰᠢ ᠠ᠋︕ 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ