ᠮᠢᠨᠤ ᠢᠷᠠᠭᠤ ᠨᠠᠶᠢᠷᠠᠭ
ᠨᠡᠶᠢᠲᠡᠯᠡᠭᠰᠡᠨ ᠴᠠᠭ᠄
2023/8/9
                            ᠰᠠᠶᠢᠨ᠎ᠠᠥᠷᠯᠥᠭᠡ ᠪᠦᠷᠢ ᠨᠠᠷᠠᠨ ᠤ ᠵᠦᠭ ᠰᠠᠴᠤᠯᠢ ᠡᠷᠭᠦᠭᠦ      ᠡᠵᠢ ᠮᠢᠨᠢ ᠢᠷᠠᠭᠤ ᠨᠠᠶᠢᠷᠠᠭᠡᠳᠦᠷ ᠪᠦᠷᠢ ᠦᠷ᠎ᠡ ᠶᠢᠨ ᠲᠥᠯᠥᠭᠡ ᠨᠠᠰᠤ ᠪᠠᠨ ᠶᠡᠭᠦᠯᠡᠬᠦ      ᠠᠪᠤ ᠮᠢᠨᠢ ᠢᠷᠠᠭᠤ ᠨᠠᠶᠢᠷᠠᠭᠢᠷᠠᠭᠤ ᠨᠠᠶᠢᠷᠠᠭ ᠲᠠᠰᠤᠯᠳᠠᠬᠤ ᠦᠶ᠎ᠡ ᠱᠠᠲᠤ     ᠲᠡᠷᠡ ᠪᠣᠯ ᠪᠤᠷᠬᠠᠨ ᠤ ᠢᠷᠠᠭᠤ ᠨᠠᠶᠢᠷᠠᠭᠢᠷᠠᠭᠤ ᠨᠠᠶᠢᠷᠠᠭ ᠲᠠᠰᠤᠷᠠᠬᠤ ᠦᠭᠡᠢ ᠦᠷᠭᠦᠯᠵᠢᠯᠡᠨ᠎ᠡ     ᠲᠡᠷᠡ ᠪᠣᠯ ᠮᠢᠨᠤ ᠢᠷᠠᠭᠤ ᠨᠠᠶᠢᠷᠠᠭᠲᠠᠪᠤᠨ ᠬᠤᠰᠢᠭᠤ ᠨᠠᠯᠠᠶᠢᠨ᠎ᠠ      ᠪᠡᠯᠴᠢᠭᠡᠷ ᠳᠡᠨᠡᠶᠢᠭᠦ ᠢᠷᠠᠭᠤ ᠨᠠᠶᠢᠷᠠᠭᠲᠠᠪᠤᠨ ᠲᠠᠷᠢᠶ᠎ᠠ ᠬᠠᠯᠢᠭᠤᠷᠠᠨ᠎ᠠ      ᠮᠠᠩᠨᠠᠢ ᠳᠡᠨᠡᠶᠢᠭᠦ ᠢᠷᠠᠭᠤ ᠨᠠᠶᠢᠷᠠᠭᠨᠠᠰᠤᠲᠠᠢ ᠬᠥᠮᠥᠨ ᠬᠤᠶᠢᠮᠤᠷ ᠰᠠᠭᠠᠲᠠᠵᠤ ᠬᠠᠭᠤᠴᠢᠯᠠᠬᠤ      ᠡᠷᠲᠡᠨ ᠤ ᠢᠷᠠᠭᠤ ᠨᠠᠶᠢᠷᠠᠭᠨᠠᠷᠠᠨ ᠤ ᠪᠣᠷᠣ ᠮᠠᠯᠴᠢᠨ ᠬᠡᠶᠢᠮᠣᠷᠢ ᠰᠡᠷᠭᠦᠭᠡᠵᠦ ᠢᠰᠭᠡᠷᠭᠦ     ᠡᠳᠦᠭᠡ ᠶᠢᠨ ᠢᠷᠠᠭᠤ ᠨᠠᠶᠢᠷᠠᠭᠬᠤᠨ ᠤ ᠲᠠᠭᠤᠨ ᠭᠠᠩᠭᠠᠨᠠᠯᠳᠤᠨ      ᠢᠷᠡᠵᠦ ᠪᠤᠴᠠᠬᠤ ᠢᠷᠠᠭᠤ ᠨᠠᠶᠢᠷᠠᠭᠬᠤᠰᠤᠨ ᠭᠡᠵᠢᠭᠡ ᠲᠠᠢ ᠬᠠᠶᠢᠷᠬᠠᠨ      ᠵᠤᠯᠠᠢ ᠮᠦᠡᠭᠭᠦᠷᠡᠭᠦ ᠢᠷᠠᠭᠤ ᠨᠠᠶᠢᠷᠠᠭᠬᠤᠯᠤ ᠲᠠᠢ ᠠᠶᠢᠷᠠᠭ ᠰᠥᠩᠨᠡᠵᠦ      ᠨᠠᠶᠢᠷ ᠤᠨ ᠳᠤᠭᠤᠷ᠎ᠠ ᠡᠷᠭᠢᠭᠦ ᠢᠷᠠᠭᠤ ᠨᠠᠶᠢᠷᠠᠭᠬᠤᠷ ᠰᠠᠭᠠᠳᠠᠭ ᠠᠭᠰᠠᠵᠤ᠂ ᠬᠤᠷᠳᠤᠨ ᠢᠶᠠᠨ ᠳᠠᠪᠬᠢᠭᠤᠯᠵᠤ      ᠬᠤᠶᠠᠭᠯᠠᠨ ᠵᠣᠳᠣᠭᠯᠠᠬᠤ ᠢᠷᠠᠭᠤ ᠨᠠᠶᠢᠷᠠᠭ ᠲᠠᠶᠢᠪᠤᠭᠤᠬᠠᠨ ᠠᠯᠬᠤᠯᠠᠵᠤ ᠤᠶᠠᠭᠠᠨ ᠳᠡᠭᠡᠷ᠎ᠡ ᠪᠠᠭᠤᠬᠤ      ᠭᠥᠯᠢᠮ ᠳᠥᠷᠥᠭᠡᠨ ᠤ ᠲᠠᠭᠤ ᠢᠷᠠᠭᠤ ᠨᠠᠶᠢᠷᠠᠭᠲᠠᠶᠢᠪᠤᠰᠢᠷᠠᠨ ᠠᠮᠤᠷᠵᠢᠵᠤ ᠦᠷ᠎ᠡ ᠶᠢᠨ ᠵᠤᠯᠠᠢ ᠦᠨᠦᠷᠯᠡᠬᠦ     ᠡᠵᠢ ᠶᠢᠨ ᠪᠦᠪᠡᠢ ᠶᠢᠨ ᠳᠠᠭᠤᠤ ᠢᠷᠠᠭᠤ ᠨᠠᠶᠢᠷᠠᠭᠳᠠᠷᠭᠢᠯᠲᠠᠯ᠎ᠠ ᠪᠤᠴᠠᠯᠬᠤ ᠬᠡᠭᠡᠷ᠎ᠡ ᠶᠢᠨ ᠴᠠᠢ ᠶᠢᠨ ᠦᠨᠦᠷ      ᠠᠶᠠᠨ ᠵᠠᠮ ᠤᠨ ᠢᠷᠠᠭᠤ ᠨᠠᠶᠢᠷᠠᠭᠬᠠᠷᠭᠢᠯᠳᠤᠳᠠᠯ᠎ᠠ ᠡᠭᠡᠰᠢᠭᠯᠡᠬᠦ ᠬᠤᠭᠤᠷ ᠬᠥᠭᠡᠮᠡᠢ ᠶᠢᠨ ᠨᠠᠶᠢᠷᠠᠯ      ᠨᠡᠭᠦᠳᠡᠯ ᠠᠶᠢᠵᠠᠮ ᠤᠨ ᠢᠷᠠᠭᠤ ᠨᠠᠶᠢᠷᠠᠭᠭᠠᠵᠠᠷ ᠲᠡᠭᠷᠢ ᠶᠢᠨ ᠵᠠᠭᠠᠳᠠᠰᠤ ᠶᠠᠭᠠᠷᠠᠨ ᠤᠯᠠᠪᠤᠷᠳᠠᠬᠤ      ᠭᠠᠷᠬᠤ ᠨᠠᠷᠠᠨ ᠤ ᠰᠠᠴᠤᠷᠠᠭ ᠢᠷᠠᠭᠤ ᠨᠠᠶᠢᠷᠠᠭᠲᠡᠭᠷᠢ ᠭᠠᠵᠠᠷ ᠤᠨ ᠬᠢᠵᠠᠭᠠᠷ ᠤᠯᠠᠪᠤᠷᠲᠤᠨ ᠰᠢᠷᠭᠠᠯᠲᠤᠬᠤ      ᠰᠢᠩᠭᠡᠭᠦ ᠨᠠᠷᠠᠨ ᠤ ᠲᠤᠶᠠᠭ᠎ᠠ ᠢᠷᠠᠭᠤ ᠨᠠᠶᠢᠷᠠᠭᠲᠥᠪ ᠳᠤᠮᠳᠠ ᠨᠢ ᠬᠤᠭᠤᠰᠤᠨ ᠢ ᠨᠥᠬᠦᠭᠴᠢ ᠶᠠᠭᠤ ᠪᠦᠭᠦᠨ      ᠥᠪᠡᠷ ᠢᠶᠠᠨ ᠢᠷᠠᠭᠤ ᠨᠠᠶᠢᠷᠠᠭᠲᠡᠭᠦᠨ ᠤ ᠳᠤᠮᠳᠠ ᠠᠴᠠ ᠦᠨᠡᠨ ᠢ ᠮᠥᠷᠳᠡᠭᠴᠢ ᠶᠠᠯᠢᠮ ᠦᠭᠡᠶᠢᠬᠡᠨ ᠪᠦᠭᠦᠨ       ᠥᠪᠡᠷ ᠤᠨ ᠮᠢᠨᠢ ᠢᠷᠠᠭᠤ ᠨᠠᠶᠢᠷᠠᠭᠰᠡᠭᠦᠯ ᠲᠣᠯᠣᠭᠠᠢ ᠠᠭᠤᠯᠵᠠᠬᠤ ᠶᠢᠨ ᠢᠷᠠᠭᠤ ᠨᠠᠶᠢᠷᠠᠭᠰᠡᠭᠦᠳᠡᠷ ᠭᠡᠷᠡᠯ ᠤᠴᠠᠷᠠᠬᠤ ᠶᠢᠨ ᠢᠷᠠᠭᠤ ᠨᠠᠶᠢᠷᠠᠭᠦᠨᠡᠨ ᠬᠤᠳᠠᠯ ᠢᠲᠡᠭᠡᠯ ᠤᠨ ᠢᠷᠠᠭᠤ ᠨᠠᠶᠢᠷᠠᠭᠡᠬᠢᠯᠡᠯ ᠲᠡᠭᠦᠰᠬᠡᠯ ᠦᠷᠭᠦᠯᠵᠢᠯᠡᠬᠦ ᠶᠢᠨ ᠢᠷᠠᠭᠤ ᠨᠠᠶᠢᠷᠠᠭ 
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ