ᠨᠢᠭᠲᠠᠯᠠᠨ ᠪᠣᠳᠣᠭᠴᠢ ᠵᠣᠭᠤᠰ ᠮᠦᠷᠦᠶᠢᠴᠡᠬᠦ ᠳᠡᠭᠡᠨ ᠠᠯᠪᠠᠨ ᠤ ᠵᠣᠭᠤᠰ ᠢ 2000 ᠭᠠᠷᠤᠶ ᠲᠦᠮᠡ ᠨᠡᠭᠦᠯᠭᠡᠨ ᠬᠡᠷᠡᠭᠯᠡᠵᠦ᠂ ᠡᠨᠡ ᠡᠮᠨᠡᠯᠭᠡ ᠶᠢᠨ ︽ᠵᠠᠩᠭᠢᠯᠠᠭ᠎ᠠ ᠶᠢᠨ ᠠᠵᠢᠯ ᠤᠨ ᠪᠠᠶᠢᠷᠢ︾ ᠶᠢᠨ ᠬᠢᠨ ᠴᠦᠮ ᠢᠯᠵᠠᠷᠠᠨ ᠳᠣᠷᠦ᠋ᠢᠳᠠᠪᠠ︕
ᠨᠡᠶᠢᠲᠡᠯᠡᠭᠰᠡᠨ ᠴᠠᠭ᠄
2024/1/16
      2020 ᠣᠨ ᠤ ᠡᠴᠦᠰ ᠢᠶᠠᠷ᠂ ᠰᠧᠴᠤᠸᠠᠨ ᠮᠤᠵᠢ ᠶᠢᠨ ᠭᠤᠸᠠᠩ ᠠᠨ ᠬᠤᠲᠠ ᠶᠢᠨ ᠯᠢᠨ ᠱᠦᠶ ᠰᠢᠶᠠᠨ ᠤ ᠬᠤᠶᠠᠳᠤᠭᠠᠷ ᠡᠮᠨᠡᠯᠭᠡ ᠶᠢᠨ ᠬᠤᠷᠢᠶᠠᠨ ᠤ ᠤᠤᠯ ᠤᠨ ᠡᠳ᠋ ᠤᠨ ᠶᠠᠪᠤᠳᠠᠯ ᠤᠨ  ᠰᠠᠯᠠᠭᠠᠨ  ᠳᠠᠷᠤᠭ᠎ᠠ ᠲᠠᠨ  ᠰᠢᠤᠢ  ᠬᠡᠷᠡᠭ ᠢᠶᠠᠨ ᠴᠠᠭᠠᠪᠤᠷᠯᠠᠬᠰᠠᠨ ᠪᠦᠭᠡᠳ ᠲᠡᠷᠡ ᠠᠯᠪᠠᠨ ᠤ ᠵᠣᠭᠤᠰ ᠢ ᠨᠡᠭᠦᠯᠭᠡᠨ ᠬᠡᠷᠡᠭᠯᠡᠭᠰᠡᠨ ᠶᠠᠯᠠᠲᠤ ᠬᠡᠷᠡᠭ ᠢᠶᠠᠨ ᠰᠠᠨᠠᠭᠠᠴᠢᠯᠠᠭ᠎ᠠ ᠠᠴᠠ ᠪᠠᠨ ᠲᠤᠰᠢᠶᠠᠭᠰᠠᠨ ᠤ ᠬᠠᠮᠲᠤ ᠬᠤᠷᠢᠶᠠᠨ ᠳᠠᠷᠤᠭ᠎ᠠ ᠵᠠᠩ ᠰᠢᠶᠤᠤ ᠮᠢᠩ ᠤᠨ ᠡᠮ ᠲᠠᠩ ᠬᠤᠳᠠᠯᠳᠤᠨ ᠠᠪᠬᠤ᠂ ᠪᠠᠯᠠ ᠮᠥᠩᠭᠦ ᠰᠢᠯᠵᠢᠭᠦᠯᠦᠨ ᠥᠭᠬᠦ ᠵᠡᠷᠭᠡ ᠲᠠᠯ᠎ᠠ ᠪᠠᠷ ᠪᠤᠰᠤᠳ ᠲᠤ ᠠᠰᠢᠭ ᠲᠤᠰᠠ ᠣᠯᠭᠤᠭᠰᠠᠨ  ᠪᠠ ᠦᠯᠡᠮᠵᠢ ᠲᠣᠭᠠᠨ ᠤ ︽ᠬᠠᠷᠢᠭᠤ ᠬᠠᠷᠠᠮᠵᠢ ᠶᠢᠨ ᠮᠦᠡᠭᠭᠦ︾ ᠬᠤᠷᠢᠶᠠᠵᠦ ᠠᠪᠤᠭᠰᠠᠨ ᠱᠠᠮᠰᠢᠯ ᠢᠯᠵᠠᠷᠠᠮᠠᠯ ᠦᠵᠡᠭᠳᠡᠯ ᠢ ᠢᠯᠡᠴᠢᠯᠡᠪᠡ᠃      ᠬᠡᠷᠡᠭ ᠰᠢᠢᠳᠪᠦᠷᠢᠯᠡᠬᠦ ᠠᠵᠢᠯᠲᠠᠨ ᠤ ᠲᠠᠨᠢᠯᠴᠠᠭᠤᠯᠤᠭᠰᠠᠨ ᠢᠶᠠᠷ᠂ ᠡᠨᠡ ᠤᠳᠠᠭᠠᠨ ᠤ ᠢᠯᠵᠠᠷᠠᠯ ᠤᠨ ᠬᠡᠷᠡᠭ ᠲᠤ᠂ ᠬᠤᠷᠢᠶᠠᠨ ᠠᠪᠤᠭᠰᠠᠨ ᠬᠠᠷᠢᠭᠤ ᠬᠠᠷᠠᠮᠵᠢ  ᠶᠢᠨ ᠮᠦᠡᠭᠭᠦ ᠨᠢ ᠡᠮᠨᠡᠯᠭᠡ ᠶᠢᠨ ᠬᠤᠷᠢᠶᠠᠨ ᠤ ᠵᠠᠷᠢᠮ ︽ᠵᠠᠩᠭᠢᠯᠠᠭ᠎ᠠ ᠶᠢᠨ ᠠᠵᠢᠯ ᠤᠨ ᠪᠠᠶᠢᠷᠢ︾ ᠶᠢᠨ ᠬᠥᠮᠦᠰ ᠤᠨ ᠳᠣᠲᠣᠷ᠎ᠠ ᠪᠠᠨ ᠮᠡᠳᠡᠵᠦ ᠪᠠᠶᠢᠪᠠᠴᠤ ᠦᠯᠦ  ᠬᠡᠯᠡᠬᠦ  ᠪᠣᠯᠵᠤᠭ᠎ᠠ  ᠪᠣᠯᠵᠣ᠂ ᠲᠡᠭᠡᠷ᠎ᠡ ᠠᠴᠠ ᠪᠠᠨ ᠲᠤᠷᠤᠬᠰᠢ ᠡᠮ ᠲᠠᠩ ᠤᠨ ᠬᠤᠷᠣᠭᠳᠠᠯ ᠮᠠᠲ᠋ᠧᠷᠢᠶᠠᠯ ᠬᠤᠳᠠᠯᠳᠤᠨ ᠠᠪᠬᠤ ᠲᠠᠯ᠎ᠠ ᠪᠠᠷ ︽ᠬᠤᠷᠢᠶᠠᠨ ᠳᠠᠷᠤᠭ᠎ᠠ ᠢᠯᠵᠠᠷᠠᠬᠤ︾᠂ ᠪᠠᠷᠠᠭᠠᠨ ᠤ ᠵᠣᠭᠤᠰ ᠢ ᠲᠤᠭᠠᠴᠠᠭ᠎ᠠ ᠬᠢᠬᠦ ᠲᠠᠯ᠎ᠠ ᠪᠠᠷ ︽ᠡᠳ᠋ ᠤᠨ ᠶᠠᠪᠤᠳᠠᠯ ᠤᠨ ᠬᠢᠨ ᠢᠯᠵᠠᠷᠠᠬᠤ︾᠂ ᠡᠮ ᠲᠠᠩ ᠢ ᠬᠥᠮᠥᠷᠭᠡ ᠳᠤ ᠣᠷᠣᠭᠤᠯᠬᠤ ᠲᠠᠯ᠎ᠠ ᠪᠠᠷ ︽ᠬᠥᠮᠥᠷᠭᠡ ᠬᠠᠮᠢᠶᠠᠷᠤᠬᠴᠢ ᠢᠯᠵᠠᠷᠠᠬᠤ︾᠂ ᠵᠣᠷ ᠪᠢᠴᠢᠬᠦ ᠲᠠᠯ᠎ᠠ  ᠪᠠᠷ  ︽ᠡᠮᠴᠢ ᠢᠯᠵᠠᠷᠠᠬᠤ︾  ᠪᠥᠬᠦ ᠬᠡᠯᠬᠢᠶ᠎ᠡ ᠮᠠᠶ᠋ᠢᠭ ᠤᠨ ᠢᠯᠵᠠᠷᠠᠯ ᠪᠣᠶ ᠪᠣᠯᠵᠠᠶ᠃      ᠡᠮ ᠤᠨ ᠠᠷᠠᠯᠵᠢᠶᠠᠴᠢᠨ ᠠᠴᠠ ᠬᠠᠷᠢᠭᠤ ᠬᠠᠷᠠᠮᠵᠢ ᠶᠢᠨ ᠮᠦᠡᠭᠭᠦ ᠶᠡᠭᠡ ᠪᠠᠷ ᠠᠪᠤᠭᠰᠠᠨ ᠠᠴᠠ ᠭᠠᠳᠠᠨ᠎ᠠ᠂ ᠵᠠᠩ ᠰᠢᠶᠣᠤ ᠮᠢᠩ ᠪᠠᠰᠠ ᠭᠠᠷ ᠢᠶᠠᠨ ᠡᠮᠨᠡᠯᠭᠡ ᠶᠢᠨ ᠬᠤᠷᠢᠶᠠᠨ ᠤ ᠠᠯᠪᠠᠨ ᠵᠣᠭᠤᠰ ᠤᠷᠤᠭᠤ ᠰᠤᠩᠭᠠᠪᠠ᠃ ᠲᠡᠷᠡ ᠠᠯᠪᠠᠨ ᠶᠠᠪᠤᠳᠠᠯ ᠤᠨ ᠵᠠᠷᠤᠯᠭ᠎ᠠ ᠪᠠᠷ ᠰᠢᠯᠲᠠᠭ ᠪᠣᠯᠭᠠᠵᠤ᠂ ᠡᠳ᠋ ᠤᠨ ᠶᠠᠪᠤᠳᠠᠯ ᠤᠨ ᠠᠵᠢᠯᠳᠠᠨ ᠢ ᠲᠤᠭ᠎ᠠ ᠬᠡᠮᠵᠢᠶ᠎ᠡ ᠳᠤ ᠵᠠᠰᠠᠪᠤᠷᠢ ᠣᠷᠣᠭᠤᠯᠬᠤ᠂ ᠠᠪᠬᠤ ᠬᠥᠮᠦᠨ ᠤ ᠲᠤᠭ᠎ᠠ ᠶᠢ ᠬᠤᠳᠠᠯ ᠢᠶᠠᠷ ᠨᠡᠮᠡᠬᠦ ᠵᠡᠷᠭᠡ ᠠᠷᠭ᠎ᠠ ᠪᠠᠷ 89 ᠲᠦᠮᠡ ᠭᠠᠷᠤᠢ ᠲᠥᠭᠦᠷᠢᠭ ᠤᠨ ᠪᠡᠯᠡ ᠮᠥᠩᠭᠦ ᠮᠡᠬᠡᠯᠡᠨ ᠠᠪᠴᠤ᠂ ᠡᠨᠡ ᠪᠡᠯᠡ ᠮᠦᠡᠭᠭᠦ ᠠᠴᠠ ᠲᠡᠷᠡ ᠦᠪᠡᠰᠦᠪᠡᠨ 33 ᠲᠦᠮᠡ ᠭᠠᠷᠤᠢ ᠲᠥᠭᠦᠷᠢᠭ ᠬᠤᠪᠢᠶᠠᠨ ᠤᠯᠵᠠᠢ᠃      ᠵᠠᠩ ᠰᠢᠶᠤᠤ ᠮᠢᠩ ᠤᠨ ᠭᠠᠷ ᠳᠤᠤᠷᠠᠬᠢ ᠡᠳ᠋ ᠤᠨ ᠶᠠᠪᠤᠳᠠᠯ ᠤᠨ  ᠰᠠᠯᠠᠭᠠᠨ ᠤ ᠤᠤᠯ ᠤᠨ ᠳᠠᠷᠤᠭ᠎ᠠ᠂ ᠨᠢᠭᠲᠠᠯᠠᠨ ᠪᠤᠳᠤᠭᠴᠢ ᠲᠠᠨ ᠰᠢᠤᠢ ᠵᠣᠭᠤᠰ ᠮᠦᠷᠦᠶᠢᠴᠡᠬᠦ ᠰᠢᠨᠤᠯ ᠲᠠᠢ ᠪᠣᠯᠵᠣ᠂ ᠣᠷᠳᠣ ᠬᠤᠭᠤᠴᠠᠭ᠎ᠠ ᠪᠠᠷ ᠰᠦᠯᠵᠢᠶᠡᠨ ᠳᠡᠭᠡᠷ᠎ᠡ  ᠵᠣᠭᠤᠰ ᠮᠦᠷᠦᠶᠢᠴᠡᠢ᠃ ᠣᠬᠤᠷᠬᠠᠨ ᠬᠠᠭᠠᠰ ᠵᠢᠯ ᠤᠨ ᠬᠤᠭᠤᠴᠠᠭᠠᠨ ᠳᠤ᠂ ᠲᠠᠨ ᠰᠢᠤᠢ ᠤᠷᠢᠳ ᠬᠤᠵᠢᠳ ᠠᠯᠪᠠᠨ ᠤ ᠵᠣᠭᠤᠰ ᠢ 2424 ᠲᠦᠮᠡ ᠭᠠᠷᠤᠶ ᠲᠥᠭᠦᠷᠢᠭ ᠨᠡᠭᠦᠯᠭᠡᠨ ᠬᠡᠷᠡᠭᠯᠡᠪᠡ᠃ ᠡᠭᠦᠨ ᠳᠤ᠂ 2377 ᠲᠦᠮᠡᠨ ᠲᠥᠭᠦᠷᠢᠭ ᠢ ᠨᠢ ᠰᠦᠯᠵᠢᠶᠡᠨ ᠳᠡᠭᠡᠷ᠎ᠡ ᠵᠣᠭᠤᠰ ᠮᠦᠷᠦᠶᠢᠴᠡᠬᠦ ᠳᠤ ᠳᠤᠷ᠎ᠠ ᠪᠠᠷ ᠢᠶᠠᠨ ᠭᠡᠷᠡᠭᠯᠡᠨ ᠪᠦᠷᠢᠯᠭᠡᠵᠦ᠂ ᠤᠯᠤᠰ ᠣᠷᠣᠨ ᠤ ᠠᠰᠢᠭ ᠲᠤᠰᠠ ᠳᠤ ᠬᠦᠨᠳᠦ ᠶᠡᠭᠡ ᠬᠤᠬᠢᠷᠠᠯ ᠤᠴᠠᠷᠠᠭᠤᠯᠵᠤ᠂ ᠣᠲᠣ ᠪᠣᠯᠲᠠᠯ᠎ᠠ ᠮᠥᠨ 1870 ᠭᠠᠷᠤᠶ ᠲᠦᠮᠡᠨ ᠲᠥᠭᠦᠷᠢᠭ ᠢ ᠡᠭᠡᠭᠦᠯᠦᠨ ᠠᠪᠴᠢᠷᠠᠬᠤ ᠶᠢᠨ ᠠᠷᠭ᠎ᠠ ᠥᠬᠡᠶ ᠪᠠᠶᠢᠬᠰᠠᠭᠠᠷ᠃      ᠡᠴᠦᠰ ᠲᠡᠭᠡᠨ᠂ ᠵᠠᠩ ᠰᠢᠶᠤᠤ ᠮᠢᠩ ᠱᠠᠮᠰᠢᠭᠰᠠᠨ ᠶᠠᠯ᠎ᠠ᠂ ᠠᠪᠯᠢᠭᠠᠯᠠᠬᠰᠠᠨ ᠶᠠᠯ᠎ᠠ᠂ ᠤᠯᠤᠰ ᠤᠨ  ᠥᠮᠴᠢᠯᠡᠯ ᠤᠨ ᠠᠵᠢᠯ ᠦᠢᠯᠡᠰ ᠤᠨ ᠨᠢᠭᠡᠴᠡ ᠶᠢᠨ ᠠᠵᠢᠯᠲᠠᠨ ᠤ ᠬᠠᠷᠢᠭᠤᠴᠠᠯᠭ᠎ᠠ ᠪᠠᠨ ᠠᠯᠳᠠᠭᠰᠠᠨ ᠶᠠᠯ᠎ᠠ ᠪᠠᠷ 16 ᠵᠢᠯ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠢᠳᠬᠡᠭᠳᠡᠵᠦ᠂ ᠨᠢᠭᠲᠠᠯᠠᠨ ᠪᠤᠳᠤᠭᠴᠢ ᠲᠠᠨ ᠰᠢᠤᠢ ᠠᠯᠪᠠᠨ ᠤ ᠵᠣᠭᠤᠰ ᠢ ᠨᠡᠭᠦᠯᠭᠡᠨ ᠬᠡᠷᠡᠭᠯᠡᠭᠰᠡᠨ ᠶᠠᠯ᠎ᠠ᠂ ᠱᠠᠮᠰᠢᠭᠰᠠᠨ ᠶᠠᠯ᠎ᠠ᠂ ᠠᠪᠯᠢᠭᠠᠯᠠᠬᠰᠠᠨ ᠶᠠᠯ᠎ᠠ ᠪᠠᠷ 18 ᠵᠢᠯ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠢᠳᠬᠡᠭᠳᠡᠵᠦ᠂ ᠵᠣᠭᠤᠰ ᠪᠠᠷᠢᠭᠴᠢ ᠴᠧᠩ ᠸᠧᠨ ᠢᠦᠶ ᠱᠠᠮᠰᠢᠭᠰᠠᠨ ᠶᠠᠯ᠎ᠠ ᠪᠠᠷ 6 ᠵᠢᠯ ᠬᠤᠭᠤᠴᠠᠭ᠎ᠠ ᠲᠠᠢ ᠬᠤᠷᠢᠬᠤ ᠡᠷᠡᠭᠦᠦ ᠪᠠᠷ ᠰᠢᠢᠳᠬᠡᠭᠳᠡᠵᠡᠶ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ