ᠣᠷᠣᠢ ᠤᠨᠲᠠᠵᠤ ᠣᠷᠣᠢ ᠪᠤᠰᠤᠬᠰᠠᠨ ᠴᠤ ᠤᠨᠳᠠᠵᠦ ᠬᠠᠨᠤᠬᠰᠠᠨ ᠪᠤᠯ ᠰᠦᠨᠢ ᠲᠦᠯᠢᠭᠰᠡᠨ ᠳᠤ ᠲᠤᠭᠠᠴᠠᠬᠳᠠᠨ᠎ᠠ ᠦᠦ︖
ᠨᠡᠶᠢᠲᠡᠯᠡᠭᠰᠡᠨ ᠴᠠᠭ᠄
2024/1/29
      ᠨᠡᠶᠢᠰᠯᠡᠯ ᠤᠨ ᠠᠨᠠᠭᠠᠬᠤ ᠤᠬᠠᠭᠠᠨ ᠤ ᠶᠡᠭᠡ ᠰᠤᠷᠭᠠᠭᠤᠯᠢ ᠶᠢᠨ ᠬᠠᠷᠢᠶᠠᠲᠤ ᠪᠡᠭᠡᠵᠢᠩ ᠤᠨ ᠠᠨ ᠳ᠋ᠢᠩ ᠡᠮᠨᠡᠯᠭᠡ ᠶᠢᠨ ᠬᠤᠷᠢᠶᠠᠨ ᠤ ᠳᠡᠳ᠋ ᠡᠷᠬᠢᠯᠡᠭᠴᠢ ᠡᠮᠴᠢ᠂ ᠰᠡᠳᠬᠢᠴᠡ ᠶᠢᠨ ᠪᠠᠶᠢᠴᠠᠭᠠᠯᠲᠠ ᠶᠢᠨ ᠰᠠᠯᠠᠭᠠᠨ ᠤ ᠡᠷᠬᠢᠯᠡᠭᠴᠢ ᠮᠸᠡᠭ ᠹᠠᠨ ᠴᠢᠶᠠᠩ ᠵᠢᠭᠠᠵᠤ ᠭᠠᠷᠭᠠᠬᠤ ᠳᠠᠭᠠᠨ᠄ ᠰᠦᠨᠢ ᠲᠦᠯᠢᠬᠦ ᠨᠢᠭᠡᠨ ᠲᠦᠭᠡᠮᠡᠯ ᠲᠣᠮᠢᠶᠠᠯᠠᠯ ᠪᠣᠯ ᠰᠠᠨᠠᠭᠠᠴᠢᠯᠠᠭ᠎ᠠ ᠲᠠᠢ ᠪᠠᠷ ᠣᠷᠣᠶ ᠤᠨᠲᠠᠬᠤ ᠶᠠᠪᠤᠳᠠᠯ ᠪᠤᠯᠬᠤ ᠮᠥᠷᠲᠡᠭᠡᠨ ᠤᠨᠲᠠᠵᠦ ᠬᠠᠨᠤᠬᠰᠠᠨ ᠦᠭᠡᠢ ᠶᠤᠮ ᠰᠢᠭ᠋ ᠰᠠᠨᠠᠬᠳᠠᠵᠤ ᠪᠠᠶᠢᠳᠠᠭ᠃ ︽ᠬᠡᠷᠪᠡ ᠨᠢᠭᠡ ᠬᠥᠮᠦᠨ ᠤᠤᠯ ᠨᠢ ᠪᠦᠷ ᠰᠦᠨᠢ ᠶᠢᠨ 11 ᠴᠠᠭ ᠲᠤ ᠤᠨᠲᠠᠳᠠᠭ ᠪᠠᠶᠢᠬᠰᠠᠨ ᠪᠤᠯ᠂ ᠤᠶᠢᠷ᠎ᠡ ᠶᠢᠨ ᠨᠡᠯᠢᠶᠡᠳ ᠤᠷᠲᠤ ᠬᠤᠭᠤᠴᠠᠭᠠᠨ ᠳᠤ  ᠪᠦᠷ ᠰᠦᠨᠢ ᠶᠢᠨ 1 ᠴᠠᠭ ᠲᠤ ᠤᠨᠲᠠᠳᠠᠭ ᠪᠤᠯᠪᠠ᠂ ᠭᠡᠪᠡᠴᠦ ᠪᠣᠰᠬᠤ ᠴᠠᠭ ᠢᠶᠠᠨ ᠬᠤᠢᠰᠢᠯᠠᠭᠤᠯᠵᠤ᠂ ᠡᠳᠦᠷ ᠪᠦᠷᠢ ᠤᠨᠲᠠᠬᠤ᠂ ᠪᠣᠰᠬᠤ ᠴᠠᠭ ᠨᠢ ᠪᠦᠷ ᠵᠢᠮ᠎ᠡ ᠬᠠᠤᠯᠢ ᠲᠠᠢ ᠪᠠᠶᠢᠪᠠᠯ ᠤᠨᠲᠠᠬᠤ ᠨᠤᠶᠢᠷ ᠨᠢ ᠲᠡᠮᠡᠢ ᠬᠠᠷᠰᠢᠯᠠᠭᠳᠠᠳᠠᠭ ᠦᠭᠡᠢ᠂ ᠵᠢᠱᠢᠶᠡᠯᠡᠪᠡᠯ ᠰᠥᠨᠢ ᠳᠤᠮᠳᠠ ᠦᠷᠭᠦᠯᠵᠢ ᠰᠡᠷᠡᠳᠡᠭ ᠪᠤᠯᠪᠠᠴᠤ ᠡᠶᠢᠮᠦ ᠪᠠᠶᠢᠳᠠᠯ ᠨᠢ ᠪᠡᠶ᠎ᠡ ᠳᠤᠨᠢ ᠲᠡᠶᠢᠮᠦ ᠶᠡᠭᠡ ᠨᠥᠯᠥᠭᠡ ᠪᠤᠯᠳᠠᠭ ᠦᠭᠡᠢ︾ ᠬᠡᠪᠡ᠃      ︽8 ᠴᠠᠭ ᠪᠣᠯ ᠰᠠᠶᠢᠨ ᠤᠨᠲᠠᠬᠤ ᠶᠢ ᠮᠠᠭᠠᠳᠯᠠᠬᠤ ᠪᠠᠷᠢᠮᠵᠢᠶ᠎ᠠ ᠮᠥᠨ︾ ᠭᠡᠬᠦ ᠬᠡᠯᠡᠯᠭᠡ ᠳᠤ ᠴᠢᠭᠯᠡᠭᠦᠯᠦᠨ᠂ ᠮᠸᠡᠭ ᠹᠠᠨ ᠴᠢᠶᠠᠩ᠄ ᠬᠥᠮᠦᠨ ᠪᠣᠯᠭᠠᠨ ᠤ ᠤᠨᠲᠠᠬᠤ ᠱᠠᠭᠠᠷᠳᠠᠯᠭ᠎ᠠ ᠨᠢ ᠠᠳᠠᠯᠢ ᠥᠬᠡᠶ ᠪᠠᠶᠢᠳᠠᠭ᠃ ᠣᠯᠠᠩᠬᠢ ᠨᠠᠰᠤᠨ ᠳᠤ ᠬᠦᠷᠦᠭᠰᠡᠳ ᠲᠤ ᠠᠪᠴᠤ ᠬᠡᠯᠡᠪᠡᠯ᠂ ᠵᠥᠪᠬᠡᠨ 7 ᠴᠠᠭ ᠣᠷᠴᠢᠮ ᠤᠨᠲᠠᠪᠠᠯ ᠪᠣᠯᠴᠢᠬᠠᠨ᠎ᠠ᠃ ᠰᠠᠶᠢᠨ ᠤᠨᠲᠠᠬᠰᠠᠨ ᠡᠰᠡᠬᠦ ᠶᠢ ᠮᠠᠭᠠᠳᠯᠠᠬᠤ ᠬᠠᠮᠤᠭ ᠤᠨ ᠭᠤᠣᠯ ᠪᠠᠷᠢᠮᠵᠢᠶ᠎ᠠ ᠪᠣᠯ ᠬᠠᠰᠢᠯᠠ ᠪᠣᠰᠤᠭᠰᠠᠨ ᠤ ᠳᠠᠷᠠᠭ᠎ᠠ ᠴᠤᠭ ᠵᠢᠪᠬᠤᠭ᠎ᠠ ᠲᠠᠢ ᠡᠰᠡᠬᠦ᠂ ᠲᠠᠮᠢᠷ ᠲᠡᠩᠬᠡᠭᠡ ᠨᠢ ᠰᠡᠷᠭᠦᠭᠰᠡᠨ ᠡᠰᠡᠬᠦ ᠶᠢ ᠦᠵᠡᠨ᠎ᠡ᠂ ᠬᠠᠷᠢᠨ ᠵᠥᠪᠬᠡᠨ ᠴᠠᠭ ᠤᠨ ᠤᠷᠲᠤ ᠤᠬᠤᠷ ᠢ ᠦᠵᠡᠬᠦ ᠪᠢᠰᠢ ᠶᠤᠮ ᠭᠡᠵᠦ ᠬᠡᠯᠡᠪᠡ᠃      ᠤᠨᠳᠠᠵᠦ ᠬᠠᠨᠤᠬᠰᠠᠨ ᠦᠭᠡᠢ ᠠᠴᠠ ᠪᠣᠯᠤᠭᠰᠠᠨ ᠬᠤᠤᠷ ᠬᠥᠨᠥᠭᠡᠯ ᠢ ᠴᠢᠳᠠᠬᠤ ᠶᠢᠨ ᠬᠢᠷᠢ ᠪᠠᠷ ᠪᠠᠭᠠᠰᠬᠠᠬᠤ ᠶᠢᠨ ᠲᠥᠯᠥᠭᠡ᠂ ᠵᠠᠷᠢᠮ ᠬᠥᠮᠦᠨ ᠦᠳᠡ ᠳᠤ ᠤᠨᠲᠠᠬᠤ ᠪᠤᠶᠤ ᠭᠠᠷᠠᠭ ᠤᠨ ᠰᠡᠭᠦᠯᠴᠢ ᠳᠤ ᠤᠨᠲᠠᠬᠤ ᠶᠢ ᠰᠣᠩᠭᠤᠵᠦ ᠪᠤᠢ᠃ ᠮᠸᠡᠭ ᠹᠠᠨ ᠴᠢᠶᠠᠩ ᠡᠭᠦᠨ ᠶᠢᠨ ᠲᠤᠬᠠᠢ ᠵᠢᠭᠠᠵᠤ ᠭᠠᠷᠭᠠᠬᠤ ᠳᠠᠭᠠᠨ᠂ ᠦᠳᠡ ᠶᠢᠨ ᠤᠨᠲᠠᠯᠭ᠎ᠠ ᠨᠢ ᠶᠠᠳᠠᠷᠠᠭ᠎ᠠ ᠶᠢ ᠨᠠᠮᠳᠠᠭᠤᠯᠵᠤ᠂ ᠦᠳᠡ ᠶᠢᠨ ᠬᠤᠶᠢᠨᠠᠬᠢ ᠠᠵᠢᠯ ᠤᠨ ᠦᠷ᠎ᠡ ᠪᠦᠲᠦᠮᠵᠢ ᠶᠢ ᠳᠡᠭᠡᠭᠰᠢᠯᠡᠭᠦᠯᠬᠦ ᠪᠣᠯᠤᠨ᠎ᠠ᠂ ᠭᠡᠪᠡᠴᠦ ᠬᠥᠮᠦᠨ ᠪᠦᠬᠦᠨ ᠳᠤ ᠳᠣᠭᠢᠷᠠᠬᠤ ᠪᠢᠰᠢ ᠶᠤᠮ᠃ ᠨᠦᠢᠷ ᠬᠤᠯᠵᠢᠳᠠᠭ ᠡᠪᠡᠳᠴᠢᠲᠡᠨ ᠢᠶᠠᠷ ᠠᠪᠴᠤ ᠬᠡᠯᠡᠪᠡᠯ ᠣᠷᠳᠣ ᠬᠤᠭᠤᠴᠠᠭ᠎ᠠ ᠪᠠᠷ ᠦᠳᠡ ᠳᠤ ᠤᠨᠲᠠᠵᠤ ᠪᠣᠯᠬᠤ ᠥᠬᠡᠶ᠂ ᠤᠨᠳᠠᠬᠤ ᠴᠠᠭ ᠢᠶᠠᠨ ᠭᠤᠴᠢ ᠳᠥᠴᠢᠨ ᠮᠢᠨᠦ᠋ᠲ ᠲᠤ ᠬᠢᠵᠠᠭᠠᠷᠯᠠᠵᠤ᠂ ᠴᠢᠳᠠᠬᠤ ᠶᠢᠨ ᠳᠣᠲᠣᠷ᠎ᠠ ᠥᠪᠡᠷ ᠢᠶᠠᠨ ᠭᠦᠨ ᠤᠨᠲᠠᠬᠤ ᠥᠬᠡᠶ ᠪᠠᠶᠢᠪᠠᠯ ᠵᠣᠬᠢᠨ᠎ᠠ ᠬᠡᠪᠡ᠃ ᠭᠠᠷᠠᠭ ᠤᠨ ᠰᠡᠭᠦᠯᠴᠢ ᠳᠤ ᠨᠦᠢᠷ ᠢᠶᠠᠨ ᠨᠥᠬᠦᠬᠦ ᠲᠤᠬᠠᠶ ᠮᠸᠡᠭ ᠹᠠᠨ ᠴᠢᠶᠠᠩ ᠰᠠᠨᠠᠭᠤᠯᠬᠤ ᠳᠠᠭᠠᠨ᠂ ᠵᠣᠬᠢᠰᠲᠠᠶ ᠪᠠᠶᠢᠯᠭᠠᠪᠠᠯ ᠵᠤᠬᠢᠨ᠎ᠡ᠃ ︽ᠵᠢᠱᠢᠶᠡᠯᠡᠪᠡᠯ ᠨᠢᠭᠡ ᠬᠥᠮᠦᠨ ᠡᠳᠦᠷ ᠪᠦᠷᠢ 7 ᠴᠠᠭ ᠲᠤ ᠪᠣᠰᠴᠤ᠂ ᠭᠠᠷᠠᠭ ᠤᠨ ᠰᠡᠭᠦᠯᠴᠢ ᠪᠤᠯᠬᠤ ᠳᠤ 8 ᠴᠠᠭ ᠲᠤ ᠪᠣᠰᠴᠤ᠂ ᠨᠢᠭᠡ ᠴᠠᠭ ᠠᠴᠠ ᠬᠤᠶᠢᠰᠢᠯᠠᠭᠤᠯᠪᠠᠯ ᠪᠤᠯᠴᠢᠬᠠᠨ᠎ᠠ᠂ ᠦᠳᠡ ᠳᠤ ᠤᠨᠲᠠᠬᠤ ᠳᠠᠭᠠᠨ ᠪᠠᠰᠠ ᠭᠤᠴᠢ ᠳᠥᠴᠢᠨ ᠮᠢᠨᠦ᠋ᠲ ᠢᠶᠠᠷ ᠬᠢᠵᠠᠭᠠᠷᠯᠠᠵᠦ᠂ ᠨᠢᠭᠡ ᠯᠡ ᠲᠡᠭᠡᠷ᠎ᠡ ᠬᠠᠭᠠᠰ ᠡᠳᠦᠷ ᠢᠶᠠᠷ ᠢᠶᠠᠨ ᠤᠨᠲᠠᠵᠤ ᠪᠣᠯᠬᠤ ᠦᠭᠡᠢ᠃ ︵ᠤᠷᠲᠤ ᠴᠠᠭ ᠎ ᠢᠶᠠᠷ ᠨᠦᠢᠷ ᠨᠥᠬᠦᠬᠦ︶ ᠤᠨᠲᠠᠬᠤ ᠨᠢ ᠰᠠᠶᠢᠨ ᠬᠥᠮᠦᠨ ᠳᠤ ᠠᠪᠴᠤ ᠬᠡᠯᠡᠪᠡᠯ ᠪᠣᠯᠤᠨ᠎ᠠ᠂ ᠭᠡᠪᠡᠴᠦ ᠬᠡᠷᠪᠡ ᠤᠷᠲᠤ ᠬᠤᠭᠤᠴᠠᠭ᠎ᠠ ᠪᠠᠷ ᠨᠦᠢᠷ ᠠᠯᠳᠠᠬᠰᠠᠨ ᠬᠥᠮᠦᠨ ᠠᠪᠴᠤ ᠬᠡᠯᠡᠪᠡᠯ᠂ ᠢᠩᠭᠢᠵᠦ ᠨᠦᠢᠷ ᠨᠥᠬᠦᠬᠦ ᠨᠢ ᠭᠡᠳᠡᠷᠭᠦ ᠪᠠᠨ ᠲᠡᠭᠦᠨ ᠤ ᠳᠠᠷᠠᠭ᠎ᠠ ᠨᠢᠭᠡ ᠭᠠᠷᠠᠭ ᠤᠨ ᠤᠨᠲᠠᠬᠤ ᠪᠠᠶᠢᠳᠠᠯ ᠳᠤ ᠬᠤᠪᠢᠷᠠᠯᠲᠠ ᠭᠠᠷᠭᠠᠬᠤ  ᠪᠤᠯᠤᠨ᠎ᠠ︾ ᠬᠡᠪᠡ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ