ᠠᠷᠤᠭ
ᠨᠡᠶᠢᠲᠡᠯᠡᠭᠰᠡᠨ ᠴᠠᠭ᠄
2024/1/3
                                ᠵᠣᠬᠢᠶᠠᠭᠴᠢ᠄ ᠪᠤᠷᠵᠢᠭᠢᠨ ᠢᠯᠠᠯᠲᠠ      ᠬᠠᠪᠤᠷ ᠤᠨ ᠰᠠᠯᠬᠢᠨ ᠪᠠᠷᠠᠭᠤᠨ ᠬᠤᠶᠢᠨ᠎ᠠ ᠠᠴᠠ ᠬᠤᠶᠢᠰᠠᠭᠠᠨᠠᠵᠦ ᠪᠠᠶᠢᠭᠰᠠᠨ ᠢᠶᠠᠨ ᠦᠳᠡ ᠥᠩᠭᠡᠷᠡᠭᠡᠳ ᠤᠯᠠᠮ ᠰᠢᠷᠦᠭᠦᠰᠴᠦ ᠡᠬᠢᠯᠡᠪᠡ᠃ ᠳᠠᠷᠪᠠᠭᠠᠨ ᠲᠡᠭᠡᠭ ᠤᠨ ᠡᠩᠭᠡᠷ ᠲᠧ ᠪᠠᠶᠢᠷᠢᠯᠠᠭᠰᠠᠨ ᠬᠤᠸᠠᠷ ᠨᠠᠰᠤᠲᠠᠨ ᠤ ᠨᠡᠭᠦᠷᠡᠰᠦᠨ ᠭᠡᠷ ᠤᠨ ᠬᠢᠨᠢ ᠬᠠᠵᠠᠭᠤ ᠳᠤ ᠲᠠᠯᠪᠢᠬᠰᠠᠨ ᠠᠷᠤᠭ ᠬᠠᠪᠰᠠᠷᠭ᠎ᠠ ᠰᠠᠯᠬᠢᠨ ᠳᠤ ᠪᠣᠮᠪᠣᠭ ᠳᠣᠮᠪᠣᠭ ᠭᠡᠭᠰᠡᠭᠡᠷ ᠪᠠᠶᠢᠭᠠᠳ ᠪᠥᠮᠪᠥᠷᠢᠭᠡᠳ ᠶᠠᠪᠤᠬᠤ ᠨᠢ ᠲᠡᠷᠡ᠃       ᠭᠡᠷ ᠤᠨ ᠬᠢᠨᠢ ᠪᠠᠷᠠᠭᠤᠨ ᠡᠮᠦᠨ᠎ᠡ ᠡᠪ ᠳᠦᠢ ᠶᠢ ᠨᠢ ᠳᠤᠬᠢᠷᠠᠭᠤᠯᠵᠤ ᠪᠠᠷᠢᠭᠰᠠᠨ ᠮᠠᠯ ᠤᠨ ᠬᠤᠷᠤᠭ᠎ᠠ ᠬᠠᠷᠠᠭᠳᠠᠨ᠎ᠠ᠃ ᠲᠡᠷᠡ ᠵᠢᠯ ᠤᠨ ᠬᠠᠷ᠎ᠠ ᠬᠤᠵᠢᠷ ᠰᠠᠷ᠎ᠠ᠂ ᠪᠠᠭ᠎ᠠ ᠰᠠᠭ᠎ᠠ ᠭᠠᠷ ᠦᠵᠦᠭᠦᠷ ᠲᠧ ᠵᠠᠷᠤᠳᠠᠭ ᠡᠳ᠋ ᠢᠶᠠᠨ ᠠᠷᠤᠭ ᠲᠠᠭᠠᠨ ᠰᠠᠪᠠᠯᠠᠵᠤ ᠢᠨᠵᠢ ᠶᠢᠨ ᠦᠭᠡᠷ ᠳᠡᠭᠡᠷ᠎ᠡ ᠪᠠᠨ ᠠᠴᠢᠭᠠᠳ ᠡᠨᠡ ᠠᠶᠢᠯ ᠤᠨ ᠡᠭᠦᠳᠡ ᠶᠢ ᠠᠯᠬᠤᠭᠰᠨᠨ ᠠᠴᠠ ᠬᠤᠸᠠᠷ ᠨᠠᠰᠤᠲᠠᠨ ᠭᠠᠯ ᠵᠠᠯᠠᠭᠤ ᠭᠠᠯᠪᠢᠷᠬᠠᠨ ᠪᠡᠶ᠎ᠡ ᠪᠠᠨ ᠠᠳᠡ ᠡᠯᠡᠭᠡᠭᠡᠳ ᠦᠨᠦ ᠬᠦᠷᠴᠡᠢ᠃ ᠬᠡᠳᠦᠢ ᠲᠥᠯ ᠳᠤᠰᠴᠤ ᠬᠡᠳᠦᠢ ᠶᠢ ᠤᠨᠳᠤᠷᠤᠭᠤᠯᠤᠭᠰᠠᠨ᠂ ᠬᠡᠴᠢᠨᠡᠨ ᠤᠳᠠᠭ᠎ᠠ ᠬᠠᠰᠢᠶ᠎ᠠ ᠬᠦᠷᠢᠶ᠎ᠡ ᠪᠠᠨ ᠰᠡᠯᠪᠢᠵᠦ ᠵᠠᠰᠠᠭᠰᠠᠨ᠂ ᠬᠡᠳᠦᠢ ᠤᠯᠠᠨ ᠠᠷᠭᠠᠯ ᠬᠤᠷᠭᠤᠯ ᠰᠢᠷᠪᠢᠵᠦ ︵ᠱᠥᠭᠦᠷᠳᠡᠵᠦ︶ ᠡᠨᠡ ᠠᠶᠢᠯ ᠤᠨ ᠲᠣᠭᠤᠨᠣ ᠠᠴᠠ ᠤᠳᠤᠭ᠎ᠠ ᠪᠣᠷᠭᠢᠭᠤᠯᠤᠭᠰᠠᠨ ᠢ ᠴᠠᠶᠢᠭᠰᠠᠨ ᠭᠡᠵᠢᠭᠡ ᠶᠢᠨ ᠬᠢᠨᠢ ᠰᠢᠷᠬᠡᠭ ᠤᠨ ᠲᠤᠭ᠎ᠠ᠂ ᠴᠢᠷᠠᠢ ᠳᠦᠭᠦᠷᠡᠩ ᠥᠷᠴᠢᠯᠡᠭᠡᠰᠦ᠂ ᠴᠠᠭ ᠤᠨ ᠰᠠᠯᠬᠢ ᠶᠢ ᠳᠠᠭᠠᠭᠠᠵᠤ ᠶᠠᠳᠠᠮ᠎ᠠ ᠪᠣᠯᠣᠭᠰᠠᠨ ᠪᠥᠭᠳᠥᠷ ᠨᠢᠷᠤᠭᠤ ᠨᠢ ᠯᠠ ᠲᠡᠮᠲᠡᠭᠯᠡᠭᠰᠡᠨ ᠪᠠᠶᠢᠬ᠎ᠠ ᠳ᠋ᠠ᠃ ᠡᠨᠡ ᠡᠳᠦᠷ ᠮᠥᠨ ᠴᠤ ᠲᠡᠨᠳᠡ ᠪᠠᠨ ᠬᠡᠳᠦᠨ ᠮᠠᠭᠤ ᠲᠥᠯ ᠤᠨ ᠳᠠᠭᠤᠨ ᠳᠤ ᠰᠡᠳᠬᠢᠯ ᠢᠶᠠᠨ ᠪᠠᠶᠠᠰᠬᠠᠵᠤ᠂ ᠡᠪᠡᠰᠦ ᠪᠣᠷᠳᠤᠭ᠎ᠠ ᠲᠡᠵᠢᠭᠡᠵᠦ ᠪᠠᠶᠢᠭᠰᠠᠨ ᠨᠠᠰᠣᠲᠠᠨ ᠠᠷᠤᠭ ᠴᠠᠭᠠᠰᠢ ᠪᠥᠮᠪᠥᠷᠢᠬᠦ ᠶᠢ ᠣᠯᠵᠤ ᠬᠠᠷᠠᠭᠠᠳ ᠮᠠᠶᠢᠵᠢᠭ ᠬᠤᠶᠠᠷ ᠬᠥᠯ ᠢᠶᠠᠨ ᠲᠦᠷᠭᠡᠨ ᠲᠦᠷᠭᠡᠨ ᠰᠣᠯᠪᠢᠴᠠᠭᠤᠯᠤᠨ ᠠᠮᠠᠳᠠᠵᠤ ᠬᠦᠶᠦᠭᠰᠡᠨ ᠴᠤ ᠣᠨ ᠵᠢᠯ ᠢ ᠬᠡᠴᠢᠨᠡᠨ ᠴᠤ ᠬᠡᠶᠢᠰᠭᠡᠴᠢᠬᠡᠭᠰᠡᠨ ᠰᠠᠯᠬᠢᠨ ᠨᠠᠰᠤᠲᠠᠨ ᠢ ᠥᠷᠥᠪᠲᠥᠭᠡ ᠦᠭᠡᠢ᠃ ᠶᠠᠭᠠᠬᠢᠵᠤ ᠴᠤ ᠠᠮᠵᠢᠭ᠎ᠠ ᠦᠭᠡᠢ ᠬᠠᠵᠠᠭᠤ ᠪᠠᠷ ᠨᠢ ᠱᠥᠷᠭᠦᠮ᠎ᠡ ᠲᠤᠭᠠᠨ ᠤ ᠠᠯᠳᠠᠭᠠᠳ ᠭᠠᠷᠭᠠᠴᠢᠬᠠᠯ᠎ᠠ᠃       ᠠᠷᠪᠠᠨ ᠨᠠᠢᠮᠠ ᠲᠠᠢ ᠲᠡᠷᠡ ᠵᠢᠯ ᠤᠨ ᠬᠠᠪᠤᠷ ᠠᠷᠤᠭ ᠢᠶᠠᠨ ᠡᠭᠦᠷᠴᠦ ᠠᠷᠭᠠᠯ ᠳᠤ ᠶᠠᠪᠤᠬᠰᠠᠨ ᠢᠢᠡᠨ ᠪᠣᠲᠣᠵᠦ ᠠᠮᠵᠢᠪᠠ᠃ ᠪᠡᠯᠴᠢᠭᠡᠷ ᠤᠨ ᠵᠠᠬ᠎ᠠ ᠬᠦᠷᠬᠦ ᠳᠤ ᠬᠤᠶᠠᠷ ᠬᠤᠴᠠ ᠮᠥᠷᠭᠦᠯᠳᠦᠭᠡᠳ ᠰᠠᠯᠤᠯᠴᠠᠬᠤ ᠦᠭᠡᠢ ᠪᠠᠶᠢᠬᠤ ᠪᠠᠷ ᠨᠢ ᠠᠷᠤᠭ ᠢᠶᠠᠨ ᠬᠤᠷᠦ᠋ᠢᠯᠳᠤᠨ ᠪᠠᠶᠢᠵᠤ ᠰᠠᠯᠭᠠᠬᠤ ᠭᠡᠵᠦ ᠪᠠᠶᠢᠳᠠᠯ᠎ᠠ ᠣᠭᠤᠰᠣᠷ ᠨᠢ ᠮᠣᠯᠲᠥᠷᠡᠵᠦ ᠰᠠᠯᠬᠢᠨ ᠳᠤ ᠬᠡᠶᠢᠰᠴᠢᠬᠡᠪᠡ᠃ ᠲᠡᠷᠡ ᠡᠳᠦᠷ ᠤᠨ ᠰᠠᠯᠬᠢᠨ ᠰᠦᠷᠡᠬᠡᠢ ᠶᠡᠭᠡ ᠪᠠᠶᠢᠬᠰᠠᠨ᠃ ᠠᠷᠤᠬ ᠤᠨ ᠢᠢᠡᠨ ᠬᠤᠶᠢᠨ᠎ᠠ ᠠᠴᠠ ᠨᠢ ᠬᠥᠭᠡᠭᠡᠬᠦ ᠳᠤᠲᠤᠮ ᠬᠤᠶᠠᠭᠤᠯᠠ ᠶᠢᠨ ᠵᠠᠢ ᠬᠤᠯᠠᠳᠠᠬᠰᠠᠭᠠᠷ ᠪᠠᠶᠢᠯ᠎ᠠ᠃ ᠵᠠᠯᠠᠭᠤ ᠶᠢᠨ ᠣᠮᠤᠭ ᠢᠶᠠᠷ ᠠᠮᠠᠨ ᠠᠴᠠ ᠪᠠᠨ ᠴᠢᠰᠤ ᠠᠮᠲᠠᠭᠳᠠᠲᠠᠯ᠎ᠠ ᠬᠥᠭᠡᠭᠡᠭᠰᠡᠨ ᠴᠤ ᠬᠦᠢᠴᠡᠭᠡ ᠦᠭᠡᠢ ᠨᠢᠳᠤ ᠬᠠᠷᠠᠩᠭᠤᠶᠢᠯᠠᠨ ᠬᠥᠯ ᠱᠠᠷᠬᠢᠷᠠᠵᠤ ᠤᠨᠲᠠᠷᠠᠨ ᠡᠪᠦᠳᠦᠭᠯᠡᠵᠦ ᠤᠨᠠᠪᠠ᠃ ᠭᠡᠨᠡᠳᠲᠡ ᠬᠠᠵᠠᠭᠤ ᠳᠤᠨᠢ ᠮᠣᠷᠢ ᠲᠤᠷᠭᠢᠬᠤ ᠳᠤ ᠳᠠᠪ ᠬᠢᠨ ᠪᠤᠰᠪᠠᠯ᠄       — ᠬᠠᠪᠤᠷ ᠴᠠᠭ ᠤᠨ ᠬᠤᠴᠠ ᠮᠦᠷᠭᠦᠯᠳᠦᠭᠡᠳ ᠬᠠᠮᠢᠭ᠎ᠠ ᠬᠥᠷᠬᠦᠪ᠂ ᠬᠠᠷᠢᠨ ᠬᠠᠪᠤᠷ ᠤᠨ ᠰᠠᠯᠬᠢᠨ ᠲᠠᠢ ᠮᠥᠷᠦ᠋ᠴᠡᠭᠰᠡᠨ ᠢ ᠴᠢᠨᠢ ᠪᠤᠯ ᠲᠣᠭᠤᠯ᠎ᠠ ᠭᠡᠵᠦ ᠰᠢᠷᠭ᠎ᠠ ᠮᠣᠷᠢ ᠤᠨᠤᠬᠰᠠᠨ ᠵᠠᠯᠠᠭᠤ ᠠᠷᠤᠭ ᠢ ᠨᠢ ᠪᠠᠷᠢᠴᠢᠬᠠᠭᠰᠠᠨ ᠵᠣᠭᠰᠣᠨ᠎ᠠ᠃       — ᠠᠳᠤᠭᠤ ᠪᠠᠨ ᠠᠯᠳᠠᠭᠠᠳ ᠠᠷᠤᠭ ᠪᠠᠷᠢᠳᠠᠭ ᠠᠳᠤᠭᠤᠴᠢᠨ ᠢ ᠠᠩᠬ᠎ᠠ ᠦᠵᠡᠯ᠎ᠡ ᠭᠡᠵᠦ ᠬᠡᠯᠡᠭᠡᠳ ᠢᠴᠢᠭᠰᠡᠨ ᠪᠤᠯᠪᠠᠴᠤ ᠲᠤᠯᠤᠭᠠᠳ ᠢᠷᠡᠭᠦᠯᠡᠷ ᠨᠣᠬᠠᠢ ᠤᠰᠤᠴᠢ ᠪᠣᠯᠳᠠᠭ ᠭᠡᠨ᠎ᠡ ᠯᠠᠢ ᠭᠡᠵᠦ ᠦᠪᠡᠷ ᠢ ᠪᠠᠨ ᠦᠮᠦᠭᠯᠡᠪᠡ᠃       — ᠬᠠᠪᠤᠷ ᠴᠠᠭ ᠤᠨ ᠠᠯᠳᠠᠭᠰᠠᠨ ᠠᠳᠤᠭᠤᠨ ᠳᠤ ᠬᠠᠮᠢᠭ᠎ᠠ ᠬᠦᠷᠦᠭᠰᠡᠨ ᠴᠤ ᠡᠵᠡᠨ ᠭᠠᠷᠬᠤ ᠦᠭᠡᠢ ᠪᠠᠶᠢᠬᠤ ᠳ᠋ᠠ᠂ ᠬᠠᠷᠢᠨ ᠪᠡᠯᠴᠢᠭᠡᠷ ᠠᠴᠠ ᠭᠠᠷᠤᠭᠰᠠᠨ ᠠᠷᠤᠭ ᠲᠧ ᠡᠵᠡᠨ ᠪᠠᠶᠢᠳᠠᠭ ᠪᠤᠯᠪᠠᠤ ᠭᠡᠵᠦ ᠬᠠᠶᠢᠵᠤ ᠶᠠᠪᠤᠵᠤ ᠪᠠᠶᠢᠨ᠎ᠠ᠃       — ᠦᠨᠳᠦᠰᠦ ᠪᠠᠷ ᠭᠦᠷᠦᠭᠰᠡᠨ ᠢ ᠦᠵᠡᠪᠡᠯ ᠬᠠᠷᠭᠠᠨ᠎ᠠ ᠡᠵᠡᠨ ᠨᠢ ᠪᠠᠶᠢᠯᠭᠦᠢ᠂ ᠰᠤᠷ ᠢᠶᠠᠷ ᠪᠣᠭᠤᠭᠰᠠᠨ ᠢ ᠦᠵᠡᠪᠡᠯ ᠥᠭᠡᠷᠴᠢᠨ ᠡᠵᠡᠨ ᠨᠢ ᠪᠠᠶᠢᠯᠭᠦᠢ ᠭᠡᠵᠦ ᠭᠡᠵᠢᠭᠡ ᠲᠠᠢ ᠪᠠᠨ ᠣᠷᠣᠯᠳᠣᠨ ᠠᠮᠢᠰᠬᠤᠭ᠎ᠠ ᠪᠠᠨ ᠬᠢᠴᠢᠶᠡᠨ᠎ᠡ᠃       — ᠵᠠ᠂ ᠡᠭᠡᠷᠡᠮ᠎ᠡ ᠲᠠᠯ᠎ᠠ ᠳᠤ ᠬᠠᠷᠭᠠᠨ᠎ᠠ ᠴᠤ ᠪᠤᠯ ᠲᠠᠨᠤᠭ ᠦᠭᠡᠢ ᠤᠯᠠᠨ ᠪᠠᠶᠢᠬᠤ᠂ ᠨᠢᠭᠡ ᠠᠮᠠ ᠭᠠᠷᠭᠠᠴᠢᠬᠠᠪᠠᠯ ᠪᠤᠯᠢᠶᠠᠯᠳᠤᠳᠠᠭ ᠨᠢ ᠤᠯᠠᠨ ᠪᠠᠶᠢᠬᠤ᠂ ᠲᠡᠭᠡᠬᠦ ᠶᠢᠨ ᠣᠷᠣᠨ ᠳᠤ ᠠᠷᠤ ᠶᠢᠨ ᠳᠡᠪᠰᠡ ᠳᠤ ᠪᠠᠶᠢᠭ᠎ᠠ ᠳ᠋ᠠᠮᠪᠠ ᠶᠢᠨ ᠬᠡᠦᠬᠡᠨ ᠠᠴᠠ ᠣᠴᠢᠵᠤ ᠰᠤᠷᠠᠭᠯᠠᠶ᠎ᠠ ᠭᠡᠳ ᠮᠣᠷᠢᠨ ᠤ ᠪᠠᠨ ᠴᠤᠯᠪᠤᠭᠤᠷ ᠢ ᠲᠤᠭᠲᠤᠴᠢᠨ ᠶᠠᠪᠤᠬᠤ ᠭᠡᠬᠦ ᠳᠤ᠄       — ᠬᠡᠨ ᠠᠴᠠ ᠰᠤᠷᠠᠭᠯᠠᠬᠤ ᠪᠠᠨ ᠥᠪᠠᠷ ᠲᠡᠭᠡᠨ ᠮᠡᠳᠡ᠂ ᠮᠢᠨᠦ ᠠᠷᠤᠭ ᠢ ᠪᠣᠴᠠᠭᠠᠵᠦ ᠥᠭ︕ ᠭᠡᠵᠦ ᠪᠦᠰᠡᠬᠦᠢ ᠬᠦᠮᠦᠨ ᠤ ᠠᠲᠠᠭ᠎ᠠ ᠰᠡᠳᠬᠢᠯ ᠭᠠᠯ ᠳᠤ ᠤᠨᠠᠬᠤ ᠲᠤᠷᠭ᠎ᠠ ᠰᠢᠬ ᠬᠤᠷᠪᠠᠰ ᠭᠡᠵᠦ ᠠᠷᠤᠭ ᠢᠶᠠᠨ ᠰᠤᠭᠰᠤᠴᠢᠬᠤ ᠳᠤ ᠬᠥᠳᠡᠷ ᠡᠷ᠎ᠡ ᠶᠢᠨ ᠭᠠᠷ ᠲᠧ ᠥᠭᠲᠡᠵᠦ ᠮᠣᠷᠢᠨ ᠳᠡᠭᠡᠷ᠎ᠡ ᠨᠢ ᠰᠤᠨᠳᠠᠯᠠᠭᠳᠠᠨ ᠭᠠᠷᠴᠤ ᠪᠢᠯᠡ ᠁       ᠬᠤᠸᠠᠷ ᠨᠠᠰᠤᠳᠠᠨ ᠨᠠᠰᠤᠨ ᠤ ᠬᠠᠨᠢ ᠲᠠᠢ ᠪᠠᠨ ᠰᠠᠯᠬᠢᠨ ᠳᠤ ᠬᠡᠶᠢᠰᠦᠭᠰᠡᠨ ᠠᠷᠤᠬ ᠢᠶᠠᠨ ᠬᠦᠭᠡᠭᠡᠵᠦ ᠪᠠᠶᠢᠭᠠᠳ ᠠᠩᠬ᠎ᠠ ᠤᠴᠠᠷᠠᠭᠰᠠᠨ ᠶᠠᠪᠤᠳᠠᠯ ᠢᠶᠠᠨ ᠭᠡᠰᠡᠭ ᠡᠷᠬᠢᠴᠡᠬᠦᠯᠦᠭᠰᠡᠨ ᠢᠶᠠᠨ ᠰᠠᠯᠬᠢᠨ ᠤ ᠡᠷᠭᠡᠨ ᠳᠤ ᠪᠦᠮᠪᠦᠷᠢᠨ ᠬᠡᠶᠢᠰᠴᠦ ᠪᠠᠶᠢᠭ᠎ᠠ ᠠᠷᠤᠭ ᠢᠶᠠᠨ ᠬᠠᠷᠠᠨ ᠬᠠᠷᠠᠮᠰᠠᠵᠦ᠂       — ᠢᠱᠢ᠂ ᠡᠪᠦᠭᠡ ᠶᠢᠨ ᠮᠢᠨᠢ ᠭᠦᠷᠦᠭᠰᠡᠨ ᠶᠠᠭᠤᠮ᠎ᠠ ᠳ᠋ᠠ ᠭᠡᠵᠦ ᠣᠷᠣᠬᠰᠢ ᠬᠤᠶᠠᠷ ᠠᠯᠬᠤᠨ ᠬᠥᠭᠡᠭᠡᠭᠰᠡᠨ ᠪᠣᠯᠪᠠᠴᠤ ᠰᠠᠯᠬᠢᠨ ᠤ ᠴᠠᠭᠠᠨ᠎ᠠ ᠭᠠᠷᠴᠤ ᠳᠡᠶᠢᠯᠳᠡᠭ ᠦᠭᠡᠢ ᠳᠡᠭᠡᠨ ᠰᠠᠨᠠᠭ᠎ᠠ ᠠᠯᠳᠠᠵᠤ᠂ ᠬᠥᠯ ᠲᠠᠢ ᠪᠠᠶᠢᠭᠰᠠᠨ ᠴᠤ ᠬᠥᠯ ᠦᠭᠡᠢ ᠰᠠᠯᠬᠢᠨ ᠳᠤ ᠵᠠᠯᠠᠭᠤ ᠨᠠᠰᠤ ᠪᠠᠨ ᠬᠡᠶᠢᠰᠭᠡᠴᠢᠬᠡᠭᠰᠡᠨ ᠶᠤᠮ ᠰᠢᠬ ᠬᠠᠷᠠᠵᠤ ᠵᠣᠭᠰᠣᠯ᠎ᠠ᠃       ᠴᠠᠭᠠᠨ᠎ᠠ ᠨᠢ ᠴᠢᠨᠦ ᠮᠢᠨᠦ ᠪᠡᠯᠴᠢᠭᠡᠷ ᠭᠡᠵᠦ ᠳᠠᠲᠠᠬᠰᠠᠨ ᠲᠡᠮᠦᠷ ᠲᠣᠣᠷ ᠤᠲᠠᠰᠤ ᠶᠢ ᠬᠠᠷᠠᠭᠠᠳ᠂       — ᠠᠢ ᠳ᠋ᠠ᠂ ᠬᠥᠭᠰᠢᠨ ᠨᠠᠳᠠ ᠶᠢ ᠢᠯᠡᠭᠦᠦ ᠬᠤᠶᠠᠷ ᠠᠯᠬᠤᠭᠤᠯᠤᠨ᠎ᠠ ᠭᠡᠰᠡᠨ ᠪᠠᠶᠢᠯᠭᠦᠢ ᠭᠡᠭᠰᠡᠭᠡᠷ ᠶᠠᠭᠠᠷᠠᠮ ᠦᠭᠡᠢ ᠠᠯᠬᠤᠭᠰᠠᠨ ᠴᠤ ᠰᠠᠯᠬᠢᠨ ᠳᠡᠪᠡᠯ ᠤᠨ ᠬᠢᠨᠢ ᠬᠤᠷᠮᠣᠢ ᠠᠴᠠ ᠴᠢᠩᠭᠠᠭᠠᠵᠤ ᠠᠷᠤ ᠠᠴᠠ ᠨᠢ ᠲᠦᠯᠬᠢᠵᠦ ᠪᠠᠶᠢᠭ᠎ᠠ ᠰᠢᠬ ᠥᠨᠳᠡᠯᠵᠡᠭᠦᠯᠦᠨ ᠠᠷᠠᠢ ᠭᠡᠵᠦ ᠠᠷᠤᠭ ᠲᠠᠢ ᠪᠠᠨ ᠠᠳᠠᠯᠢ ᠪᠥᠮᠪᠦᠷᠢᠴᠢᠭᠡᠭᠰᠡᠨ ᠦᠭᠡᠢ᠃       ᠰᠠᠨᠠᠭ᠎ᠠ ᠪᠠᠷ ᠪᠣᠯᠳᠠᠭ ᠦᠭᠡᠢ ᠬᠤᠷᠸ᠎ᠠ ᠭᠡᠵᠦ ᠶᠠᠭᠤ ᠬᠡᠯᠡᠯᠲᠡᠢ ᠪᠤᠢ᠂ ᠠᠷᠤᠭ ᠨᠢ ᠰᠠᠯᠬᠢᠨ ᠳᠤ ᠪᠥᠮᠪᠦᠷᠢᠬᠦ ᠳᠤᠰᠤᠮ ᠢᠶᠠᠨ ᠬᠤᠷᠳᠤᠨ ᠪᠣᠯᠵᠤ᠂ ᠭᠠᠵᠠᠷ ᠲᠧ ᠲᠤᠯᠬᠤ ᠲᠠᠢ ᠲᠤᠯᠬᠤ ᠦᠭᠡᠢ ᠲᠠᠢ ᠳᠡᠭᠳᠡᠨ ᠬᠡᠶᠢᠰᠴᠦ᠂ ᠶᠠᠭ ᠰᠠᠶᠢᠬᠠᠨ ᠲᠣᠣᠷ ᠣᠲᠠᠰᠤᠨ ᠤ ᠳᠡᠭᠡᠭᠦᠷ ᠳᠡᠯᠡᠳᠦᠭᠳᠡᠨ ᠭᠠᠷᠴᠢᠬᠠᠪᠠ᠃       ᠠᠷᠭᠠᠯ ᠢᠶᠠᠨ ᠪᠠᠷᠠᠭᠰᠠᠨ ᠬᠤᠶᠢᠨ᠎ᠠ ᠠᠷᠤᠭ ᠢᠶᠠᠷ ᠴᠤ ᠶᠠᠭᠠᠬᠢᠬᠤᠪ᠂ ᠡᠭᠦᠷᠭᠡ ᠪᠠᠨ ᠪᠡᠶᠡᠯᠡᠭᠦᠯᠴᠢᠬᠡᠭᠰᠡᠨ ᠶᠤᠮ ᠴᠢᠨᠢ ᠶᠠᠪᠤᠬᠤ ᠯᠠ ᠪᠠᠶᠢᠯᠭᠦᠢ᠂ ᠠᠯᠢᠨ ᠳᠤᠨᠢ ᠬᠠᠷᠠᠮᠰᠠᠵᠤ ᠰᠠᠭᠤᠬᠤ ᠪᠤᠢ ᠭᠡᠵᠦ ᠪᠤᠴᠠᠵᠤ ᠡᠷᠭᠢᠨ ᠬᠠᠷᠠᠪᠠᠯ᠂ ᠠᠪᠤ ᠶᠢᠨ ᠬᠢᠨᠢ ᠲᠠᠷᠢᠭᠰᠠᠨ ᠬᠡᠳᠦᠨ ᠮᠥᠷ ᠪᠤᠷᠭᠠᠰᠤᠨ ᠳᠤ ᠣᠴᠢᠭᠠᠳ ᠳᠣᠭᠲᠠᠴᠢᠬᠠᠯ᠎ᠠ᠃       ᠬᠠᠪᠤᠷ ᠤᠨ ᠰᠠᠯᠬᠢ ᠲᠠᠢ ᠰᠠᠭᠠᠷᠠᠯ ᠡᠳᠦᠷ ᠪᠠᠶᠢᠭᠰᠠᠨ ᠴᠤ ᠬᠠᠩᠭᠠᠢ ᠳᠡᠯᠡᠬᠡᠢ ᠬᠠ ᠶᠠ ᠦᠭᠡᠢ ᠨᠣᠭᠤᠭᠠᠨ ᠥᠩᠭᠡ ᠳᠠᠲᠠᠴᠢᠬᠠᠭᠰᠠᠨ ᠪᠠᠶᠢᠯ᠎ᠠ᠃ 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ