ᠴᠠᠯᠢᠩ ᠢ ᠤᠷᠢᠳᠴᠢᠯᠠᠨ ᠥᠭᠬᠦ ᠲᠤᠬᠠᠢ ᠲᠣᠳᠣᠷᠬᠠᠶ ᠪᠣᠯᠪᠠ︕
ᠨᠡᠶᠢᠲᠡᠯᠡᠭᠰᠡᠨ ᠴᠠᠭ᠄
2024/1/30
       ᠴᠠᠭᠠᠨ ᠰᠠᠷ᠎ᠠ ᠶᠢᠨ ᠤᠷᠲᠤ ᠠᠮᠠᠷᠠᠯᠲᠠ ᠪᠣᠯᠬᠤ ᠭᠡᠵᠦ ᠪᠤᠢ᠂ ᠪᠠᠰᠠ ᠴᠠᠯᠢᠩ ᠴᠢᠨᠢ ᠤᠳᠠᠯ ᠦᠭᠡᠢ ᠭᠠᠷ ᠲᠤ ᠴᠢᠨᠢ ᠣᠷᠣᠨ᠎ᠠ︕ ᠭᠡᠲᠡᠯ᠎ᠡ ᠲᠦᠷᠦᠭᠦᠭᠡᠨ ᠨᠢᠭᠡ ᠰᠦᠯᠵᠢᠶᠡᠨ ᠨᠠᠶᠢᠵᠠ ᠰᠦᠯᠵᠢᠶᠡᠨ ᠲᠡᠭᠡᠷ᠎ᠡ ᠪᠢᠴᠢᠭᠡᠰᠦ  ᠪᠢᠴᠢᠵᠦ᠂ ᠪᠢ ᠰᠠᠶ᠋ᠢᠬᠠᠨ ᠺᠣᠮᠫᠠᠨᠢ ᠠᠴᠠ ᠮᠡᠳᠡᠭᠳᠡᠭᠰᠡᠨ ᠨᠢᠭᠡᠳᠦᠭᠡᠷ ᠰᠠᠷ᠎ᠠ ᠶᠢᠨ ᠴᠠᠯᠢᠩ ᠢ ᠴᠠᠭᠠᠨ ᠰᠠᠷ᠎ᠠ ᠠᠴᠠ ᠰᠡᠭᠦᠯᠡᠷ ᠥᠭᠭᠦᠨ᠎ᠡ ᠭᠡᠰᠡᠨ ᠮᠡᠳᠡᠭᠳᠡᠯ ᠢ ᠤᠯᠪᠠ ᠬᠡᠵᠡᠢ᠂ ᠡᠭᠦᠨ ᠳᠤ ᠮᠠᠰᠢ ᠤᠯᠠᠨ ᠰᠦᠯᠵᠢᠶᠡᠨ ᠨᠠᠶᠢᠵᠠ ᠨᠠᠷ ᠪᠦᠷ ᠨᠢᠭᠡᠳᠦᠭᠡᠷ ᠰᠠᠷ᠎ᠠ ᠶᠢᠨ ᠴᠠᠯᠢᠩ ᠢ ᠴᠠᠭᠠᠨ ᠰᠠᠷ᠎ᠠ ᠠᠴᠠ ᠡᠮᠦᠨ᠎ᠡ ᠥᠭᠭᠦᠨ᠎ᠡ ᠬᠡᠰᠡᠨ ᠪᠦᠭᠡᠳ ᠪᠠᠰᠠ ᠵᠠᠷᠢᠮ ᠬᠥᠮᠦᠨ ᠬᠤᠶᠠᠳᠤᠭᠠᠷ ᠰᠠᠷ᠎ᠠ ᠶᠢᠨ ᠴᠠᠯᠢᠩ ᠢ ᠴᠤ ᠤᠷᠢᠳᠴᠢᠯᠠᠨ ᠥᠭᠭᠦᠨ᠎ᠡ ᠬᠡᠰᠡᠨ ᠪᠠᠶᠢᠨ᠎ᠠ᠃ ᠦᠨᠡᠨ ᠳᠤ ᠪᠠᠨ ᠴᠠᠯᠢᠩ ᠥᠭᠬᠦ ᠨᠢ ᠴᠠᠭᠠᠨ ᠰᠠᠷ᠎ᠠ ᠲᠠᠢ ᠬᠠᠮᠢᠶ᠎ᠠ ᠦᠭᠡᠢ᠂ ᠴᠠᠯᠢᠩ ᠢ ᠬᠤᠶᠢᠰᠢᠯᠠᠭᠤᠯᠬᠤ ᠦᠭᠡᠢ ᠪᠣᠯ ᠬᠠᠤᠯᠢ ᠠᠴᠠ ᠵᠥᠷᠢᠴᠡᠬᠦ ᠦᠭᠡᠢ ᠶᠤᠮ᠃ ᠭᠡᠬᠦ  ᠳᠤ ᠪᠠᠨ ᠬᠡᠷᠪᠡ ᠴᠠᠯᠢᠩ ᠥᠭᠬᠦ ᠡᠳᠦᠷ ᠨᠢ ᠶᠠᠭ ᠰᠠᠶᠢᠬᠠᠨ ᠪᠠᠶᠠᠷ ᠳᠤᠷᠠᠰᠬᠠᠯ ᠠᠮᠠᠷᠠᠯᠲᠠ ᠶᠢᠨ ᠡᠳᠦᠷ ᠤᠨ ᠬᠤᠭᠤᠴᠠᠭᠠᠨ ᠳᠤ ᠲᠤᠬᠢᠶᠠᠪᠠᠯ᠂ ᠪᠠᠶᠢᠭᠤᠯᠭ᠎ᠠ ᠨᠢᠭᠡᠴᠡ  ᠶᠢᠨ ᠬᠢᠨ ᠠᠴᠠ ᠨᠢᠭᠡᠳᠦᠭᠡᠷ ᠰᠠᠷ᠎ᠠ ᠶᠢᠨ ᠴᠠᠯᠢᠩ ᠢ ᠤᠷᠢᠳᠴᠢᠯᠠᠨ ᠥᠭᠪᠡᠯ ᠵᠣᠬᠢᠨ᠎ᠠ᠃      ︽ᠴᠠᠯᠢᠩ ᠥᠭᠬᠦ ᠲᠦᠷ ᠬᠡᠷᠡᠭᠵᠢᠭᠦᠯᠬᠦ ᠲᠣᠭᠲᠠᠭᠠᠯ︾ ᠤᠨ ᠳᠣᠯᠣᠳᠤᠭᠠᠷ ᠵᠦᠢᠯ ᠢ ᠦᠨᠳᠦᠰᠦᠯᠡᠪᠡᠯ᠄ ᠴᠠᠯᠢᠩ ᠢ ᠡᠷᠬᠡᠪᠰᠢ ᠬᠥᠮᠦᠨ ᠬᠡᠷᠡᠭᠯᠡᠬᠦ ᠨᠢᠭᠡᠴᠡ ᠪᠣᠯᠤᠨ ᠬᠥᠳᠡᠯᠮᠦᠷᠢᠴᠢᠨ ᠤ ᠪᠣᠯᠵᠣᠨ ᠲᠣᠭᠲᠠᠭᠰᠠᠨ ᠡᠳᠦᠷ ᠬᠤᠭᠤᠴᠠᠭᠠᠨ ᠳᠤ ᠥᠭᠬᠦ ᠬᠡᠷᠡᠭᠲᠡᠢ᠃ ᠬᠡᠷᠪᠡ ᠪᠠᠶᠠᠷ ᠳᠤᠷᠠᠰᠬᠠᠯ ᠤᠨ ᠡᠳᠦᠷ ᠪᠤᠶᠤ ᠠᠮᠠᠷᠠᠯᠲᠠ ᠶᠢᠨ ᠡᠳᠦᠷ ᠲᠣᠬᠢᠶᠠᠪᠠᠯ᠂ ᠬᠠᠮᠤᠭ ᠤᠢᠢᠷ᠎ᠠ ᠠᠵᠢᠯ ᠤᠨ ᠡᠳᠦᠷ ᠲᠤ ᠤᠷᠢᠳᠴᠢᠯᠠᠨ ᠥᠭᠬᠦ ᠬᠡᠷᠡᠭᠲᠡᠢ᠃ ᠴᠠᠯᠢᠩ ᠢ ᠨᠠᠭᠠᠳᠤ ᠵᠠᠬ᠎ᠠ ᠳᠠᠭᠠᠨ ᠰᠠᠷ᠎ᠠ ᠪᠤᠯᠭᠠᠨ ᠨᠢᠭᠡ ᠤᠳᠠᠭ᠎ᠠ ᠥᠭᠬᠦ ᠬᠡᠷᠡᠭᠲᠡᠶ᠂ ᠭᠠᠷᠠᠭ᠂ ᠡᠳᠦᠷ᠂ ᠴᠠᠭ ᠤᠨ ᠴᠠᠯᠢᠩ ᠤᠨ ᠳᠦᠷᠢᠮ ᠢ ᠬᠡᠷᠡᠭᠵᠢᠭᠦᠯᠵᠦ ᠪᠠᠶᠢᠭ᠎ᠠ ᠪᠣᠯ ᠭᠠᠷᠠᠭ᠂ ᠡᠳᠦᠷ᠂ ᠴᠠᠭ ᠢᠶᠠᠷ ᠴᠠᠯᠢᠩ ᠥᠭᠴᠦ ᠪᠣᠯᠤᠨ᠎ᠠ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ