ᠴ᠊ · ᠮᠥᠩᠬᠡᠰᠦ᠋ᠷᠦᠩ | | ᠤᠯᠠᠷᠢᠯ ᠤᠨ ᠡᠪᠦᠯ ᠬᠡᠵᠢᠶᠡᠨ ᠤ ᠢᠷᠡᠵᠦ | ᠤᠰᠤ ᠮᠦᠰᠦ ᠨᠢᠭᠡᠨᠲᠡ ᠬᠥᠯᠳᠡᠭᠡᠳ | ᠣᠯᠠᠨ ᠮᠠᠯ ᠤᠮᠳᠠ ᠪᠠᠷ ᠳᠤᠲᠠᠵᠤ | ᠠᠭᠤᠳᠠᠮ ᠪᠡᠯᠴᠢᠭᠡᠷ ᠬᠠᠷ᠎ᠠ ᠪᠠᠷ ᠬᠠᠲᠠᠬᠤ ᠳᠤ | ᠴᠠᠰᠤ ᠠᠴᠠ ᠢᠯᠡᠭᠦᠦ ᠠᠴᠢᠲᠠᠢ ᠶᠠᠭᠤᠮ᠎ᠠ | ᠰᠠᠪᠠ ᠶᠢᠷᠲᠢᠨᠴᠦ ᠳᠤ ᠪᠠᠶᠢᠬᠤ ᠦᠭᠡᠢ ᠰᠢᠭ ᠪᠣᠳᠣᠭᠳᠠᠳᠠᠭ | ᠴᠠᠭ ᠠᠭᠤᠷ ᠢ ᠰᠢᠨᠵᠢᠨ ᠪᠠᠷᠠᠯᠠᠨ | ᠴᠠᠶᠢᠷᠠᠨ ᠪᠠᠭᠤᠬᠤ ᠶᠢ ᠨᠢ ᠬᠦᠯᠢᠶᠡᠨ ᠪᠠᠴᠢᠮᠳᠠᠳᠠᠭ᠃ | | | ︽ᠬᠠᠯᠠᠭᠤᠨ ᠰᠠᠯᠬᠢ︾ ᠬᠡᠳᠦᠶᠢᠨ ᠤ ᠦᠩᠭᠡᠷᠡᠵᠦ | ᠬᠠᠶᠢᠯ ᠤᠨ ᠡᠷᠢᠨ ᠨᠢᠭᠡᠨᠲᠡ ᠪᠣᠯᠣᠭᠰᠠᠨ ᠴᠤ | ᠬᠠᠷᠢᠨ ᠪᠠᠰᠠ ᠯᠡ ᠬᠤᠩᠭᠠᠷ ᠢᠶᠠᠷ ᠪᠠᠭᠤᠵᠤ | ᠬᠠᠮᠤᠭ ᠨᠤᠲᠤᠭ ᠵᠤᠳᠯᠠᠭᠰᠠᠭᠠᠷ ᠪᠠᠶᠢᠬᠤ ᠳᠤ | ᠴᠠᠰᠤ ᠠᠴᠠ ᠢᠯᠡᠭᠦᠦ ᠭᠠᠶᠢᠲᠠᠢ ᠶᠠᠭᠤᠮ᠎ᠠ | ᠰᠠᠪᠠ ᠶᠢᠷᠲᠢᠨᠴᠦ ᠳᠤ ᠪᠠᠶᠢᠬᠤ ᠦᠭᠡᠢ ᠰᠢᠭ ᠰᠠᠨᠠᠭᠳᠠᠳᠠᠭ | ᠴᠠᠭ ᠮᠥᠴᠡ ᠶᠢ ᠬᠡᠮᠵᠢᠨ ᠲᠣᠭᠠᠯᠠᠨ | ᠰᠠᠯᠤᠨ ᠣᠳᠬᠤ ᠶᠢ ᠨᠢ ᠬᠦᠰᠡᠨ ᠪᠤᠬᠢᠨᠢᠳᠤᠳᠠᠭ᠃ | | | 1980.12.30 | |