ᠴ᠊ · ᠮᠥᠩᠬᠡᠰᠦ᠋ᠷᠦᠩ | | | ᠮᠠᠨ ᠤ ᠬᠢᠨ ᠳᠠᠩᠳᠠ ᠵᠤᠳ ᠭᠠᠮᠰᠢᠭ ᠭᠡᠳᠡᠭ ᠢ | ᠮᠠᠯ ᠤᠨ ᠦᠬᠦᠯ ᠥᠭᠡᠳᠡ ᠯᠡ ᠠᠪᠠᠴᠢᠬᠤ ᠭᠡᠳ ᠪᠠᠶᠢᠳᠠᠭ ᠶᠤᠮ | ᠡᠪᠦᠳᠦᠭ ᠳᠠᠪᠠᠭᠰᠠᠨ ᠬᠠᠲᠠᠭᠤ ᠬᠤᠩᠭᠠᠷ ᠨᠡᠯᠦ᠋ᠢᠵᠦ | ᠥᠷᠥᠴᠡ ᠨᠡᠪᠲᠡᠯᠦᠭᠰᠡᠨ ᠬᠦᠢᠲᠡᠨ ᠰᠢᠭᠤᠷᠭ᠎ᠠ ᠢᠰᠬᠡᠷᠴᠦ | ᠦᠬᠦᠯ ᠤᠨ ᠮᠠᠯ ᠬᠥᠳᠡᠭᠡ ᠭᠠᠳᠠᠭ᠎ᠠ ᠦᠭᠡᠢ ᠳᠦᠭᠦᠷᠴᠦ | ᠥᠨᠢᠷ ᠰᠦᠷᠦᠭ ᠤᠨ ᠬᠤᠲᠠ ᠬᠤᠷᠤᠭ᠎ᠠ ᠶᠢ ᠠᠴᠢᠭᠤᠯᠤᠭᠰᠠᠨ | ᠶᠡᠭᠡ ᠪᠠᠶᠢᠭᠠᠯᠢ ᠶᠢᠨ ᠭᠠᠯᠵᠠᠭᠤ ᠳᠣᠭᠰᠢᠨ ᠵᠤᠳ | ᠶᠡᠷᠦ ᠨᠢ ᠪᠠᠰᠠ ᠬᠡᠴᠡᠭᠦᠦ ᠨᠢ ᠬᠡᠴᠡᠭᠦᠦ ᠯᠡ ᠪᠠᠶᠢᠳᠠᠭ ᠰᠠᠨ᠃ | | | ᠭᠡᠬᠦ ᠳᠡᠭᠡᠨ ᠬᠠᠷᠢᠨ ᠡᠨᠡ ᠪᠦᠬᠦᠨ ᠠᠴᠠ ᠪᠦᠷ ᠴᠠᠭᠠᠰᠢ | ᠭᠡᠷᠡᠯᠲᠦ ᠶᠢᠷᠲᠢᠨᠴᠦ ᠶᠢᠨ ᠬᠠᠮᠤᠭ ᠶᠡᠭᠡ ᠭᠠᠮᠰᠢᠭ ᠪᠣᠯ | ᠬᠡᠮ ᠦᠭᠡᠢ ᠠᠷᠠᠳ ᠢ ᠦᠢ ᠲᠦᠮᠡ ᠢᠶᠠᠷ ᠬᠢᠳᠤᠵᠤ | ᠭᠡᠷ ᠭᠤᠯᠣᠮᠲᠠ ᠶᠢ ᠨᠢ ᠦᠨᠡᠰᠦᠨ ᠲᠣᠪᠷᠠᠭ ᠪᠣᠯᠭᠠᠵᠤ | ᠪᠣᠯᠪᠠᠰᠤᠨ ᠰᠣᠶᠣᠯ ᠢ ᠮᠤᠩᠬᠠᠭ ᠪᠠᠯᠠᠶ ᠪᠠᠷ ᠲᠠᠯᠬᠢᠵᠤ | ᠪᠣᠰᠤᠭ᠎ᠠ ᠦᠨᠳᠦᠰᠦᠲᠡᠨ ᠢ ᠮᠢᠨᠢ ᠮᠥᠬᠦᠯ ᠤᠨ ᠢᠷᠮᠡᠭ ᠲᠤ ᠲᠤᠯᠭᠠᠭᠰᠠᠨ | ᠪᠤᠳᠤᠬᠤ ᠲᠤᠲᠤᠮ ᠬᠠᠷ᠎ᠠ ᠳᠠᠷᠤᠭᠰᠠᠨ ᠵᠡᠭᠦᠳᠦ ᠮᠡᠲᠦ | ᠪᠤᠯᠠᠢ ᠢᠷᠤᠸᠠᠲᠤ ᠨᠡᠶᠢᠭᠡᠮ ᠤᠨ ᠶᠡᠭᠡ ᠵᠤᠳ ᠪᠢᠯᠡ᠃ | | | 1980.12 | |