ᠰᠯᠧᠰᠦ᠋ᠷᠦᠩ ᠪᠣᠯ ᠰᠢᠨ᠎ᠡ ᠪᠠᠷᠭᠤ ᠪᠠᠷᠠᠭᠤᠨ ᠬᠤᠰᠢᠭᠤᠨ ᠤ ᠪᠣᠭᠳᠠᠠᠭᠤᠯᠠ ᠰᠣᠮᠣ ᠶᠢᠨ ᠡᠪᠡᠷ ᠨᠤᠮᠤ ᠬᠢᠬᠦ ᠤᠯᠠᠮᠵᠢᠯᠠᠯᠲᠤ ᠤᠷ᠎ᠠ ᠮᠡᠷᠭᠡᠵᠢᠯ ᠤᠨ | ᠤᠯᠠᠮᠵᠢᠯᠠᠭᠴᠢ ᠶᠤᠮ᠂ ᠤᠨᠠᠭᠠᠨ ᠪᠠᠭ᠎ᠠ ᠠᠴᠠ ᠪᠠᠨ ᠠᠪᠤ ᠶᠢᠨ ᠢᠶᠠᠨ ᠨᠦᠯᠦᠭᠡ ᠪᠠᠷ ᠤᠯᠠᠮᠵᠢᠯᠠᠯᠲᠤ ᠡᠪᠡᠷ ᠨᠤᠮᠤ ᠬᠢᠬᠦ ᠳᠤ ᠲᠤᠶᠢᠯ ᠤᠨ ᠶᠡᠭᠡ ᠰᠣᠨᠢᠷᠬᠠᠯ ᠲᠠᠢ | ᠪᠣᠯᠤᠭᠰᠠᠨ ᠶᠤᠮ᠃ ᠣᠯᠠᠨ ᠵᠢᠯ ᠤᠨ ᠦᠢᠯᠡᠳᠦᠯᠭᠡ ᠳᠤᠮᠳᠠ ᠪᠠᠨ ᠰᠯᠧᠰᠦ᠋ᠷᠦᠩ ᠲᠠᠰᠤᠷᠠᠯᠲᠠ ᠦᠭᠡᠢ ᠬᠠᠶᠢᠨ ᠰᠦᠪᠡᠭᠴᠢᠯᠡᠵᠦ᠂ ᠰᠢᠨ᠎ᠡ ᠶᠢ ᠡᠭᠦᠳᠦᠨ᠂ | ᠠᠭᠠᠵᠢᠮ ᠢᠶᠠᠷ ᠥᠪᠡᠷ ᠤᠨ ᠥᠪᠡᠷᠮᠢᠴᠡ ᠬᠡᠪ ᠨᠠᠮᠪᠠ ᠶᠢ ᠪᠦᠷᠢᠯᠳᠦᠭᠦᠯᠦᠭᠰᠡᠨ ᠪᠥᠭᠡᠳ ᠡᠨᠡ ᠬᠦ ᠤᠯᠠᠮᠵᠢᠯᠠᠯᠲᠤ ᠰᠣᠶᠣᠯ ᠳᠤ ᠭᠦᠨ ᠵᠤᠵᠠᠭᠠᠨ ᠬᠠᠶᠢᠷ᠎ᠠ ᠰᠡᠳᠬᠢᠯᠭᠡ | ᠪᠠ ᠥᠪᠡᠷᠮᠢᠴᠡ ᠦᠵᠡᠯᠲᠡ ᠲᠠᠢ ᠪᠣᠯᠵᠤ᠂ ᠦᠨᠡᠨ ᠬᠦ ᠰᠣᠷ ᠬᠠᠷᠪᠤᠯᠭ᠎ᠠ ᠶᠢᠨ ᠰᠣᠶᠣᠯ ᠤᠨ ᠤᠯᠠᠮᠵᠢᠯᠠᠭᠴᠢ ᠪᠣᠯᠤᠭᠰᠠᠨ ᠪᠠᠶᠢᠨ᠎ᠠ᠃ 2020 ᠣᠨ ᠳᠤ᠂ | ᠰᠯᠧᠰᠦ᠋ᠷᠦᠩ ᠬᠥᠯᠥᠨ ᠪᠤᠶᠢᠷ ᠬᠤᠳᠠ ᠶᠢᠨ ᠪᠣᠳᠠᠰ ᠤᠨ ᠪᠤᠰᠤ ᠰᠣᠶᠣᠯ ᠤᠨ ᠥᠪ ᠤᠨ ᠲᠦᠷᠦᠯ ᠵᠦᠢᠯ ᠪᠣᠯᠬᠤ ᠪᠠᠷᠭᠤ ᠶᠢᠨ ᠤᠯᠠᠮᠵᠢᠯᠠᠯᠲᠤ ᠡᠪᠡᠷ ᠨᠤᠮᠤ ᠬᠢᠬᠦ | ᠤᠷ᠎ᠠ ᠮᠡᠷᠭᠡᠵᠢᠯ ᠤᠨ ᠤᠯᠠᠮᠵᠢᠯᠠᠭᠴᠢ ᠪᠠᠷ ᠦᠨᠡᠯᠡᠭᠳᠡᠪᠡ᠃ | | | | ᠰᠯᠧᠰᠦ᠋ᠷᠦᠩ ᠲᠠᠢ ᠠᠩᠬ᠎ᠠ ᠠᠭᠤᠯᠵᠠᠬᠤ ᠳᠤ᠂ ᠲᠡᠷᠡ ᠶᠠᠭ ᠤᠯᠠᠮᠵᠢᠯᠠᠯᠲᠤ ᠡᠪᠡᠷ ᠨᠤᠮᠤ ᠶᠢᠨ ᠮᠠᠲ᠋ᠧᠷᠢᠶᠠᠯ ᠢ ᠡᠮᠬᠢᠯᠡᠵᠦ ᠪᠠᠶᠢᠪᠠ᠃ ᠡᠷᠬᠢᠨ ᠲᠣᠭᠤᠷᠢᠨ ᠢ | ᠠᠵᠢᠭᠯᠠᠪᠠᠯ᠂ ᠰᠯᠧᠰᠦ᠋ᠷᠦᠩ ᠤᠨ ᠠᠵᠢᠯᠯᠠᠬᠤ ᠲᠠᠰᠤᠭ ᠤᠨ ᠥᠨᠴᠥᠭ ᠪᠤᠯᠤᠩ ᠳᠤ ᠲᠦᠭᠦᠬᠡᠢ ᠮᠠᠲ᠋ᠧᠷᠢᠶᠠᠯ ᠢᠶᠠᠷ ᠳᠦᠭᠦᠷᠴᠦ᠂ ᠬᠠᠨᠠᠨ ᠳᠡᠭᠡᠷ᠎ᠡ ᠨᠢ ᠶᠠᠩᠵᠤ | ᠪᠦᠷᠢ ᠶᠢᠨ ᠨᠤᠮᠤ ᠡᠯᠭᠦᠭᠡᠰᠦᠲᠡᠢ ᠪᠠᠶᠢᠯ᠎ᠠ᠃ ᠰᠯᠧᠰᠦ᠋ᠷᠦᠩ ᠬᠠᠭᠠᠰ ᠬᠢᠭᠰᠡᠨ ᠡᠪᠡᠷ ᠨᠤᠮᠤ ᠶᠢ ᠰᠤᠷᠪᠤᠯᠵᠢᠯᠠᠭᠴᠢ ᠳᠤ ᠦᠵᠡᠭᠦᠯᠵᠦ᠂ ᠤᠯᠠᠮᠵᠢᠯᠠᠯᠲᠤ ᠡᠪᠡᠷ ᠨᠤᠮᠤ | ᠬᠢᠬᠦ ᠦᠶᠡᠯᠡᠯ ᠤᠨ ᠬᠤᠭᠤᠴᠠᠭ᠎ᠠ ᠨᠢ ᠣᠷᠳᠣ᠂ ᠨᠢᠭᠡ ᠪᠦᠷᠢᠨ ᠪᠦᠲᠦᠨ ᠨᠤᠮᠤ ᠶᠢ ᠬᠠᠮᠤᠭ ᠤᠨ ᠪᠠᠭ᠎ᠠ ᠳᠠᠭᠠᠨ ᠬᠠᠭᠠᠰ ᠵᠢᠯ ᠠᠴᠠ ᠳᠡᠭᠡᠭᠰᠢ ᠬᠢᠮᠡᠨᠵᠢᠨ ᠰᠠᠶ᠋ᠢ ᠬᠢᠵᠦ | ᠳᠠᠭᠤᠰᠤᠨ᠎ᠠ ᠭᠡᠪᠡ᠃ ᠰᠯᠧᠰᠦ᠋ᠷᠦ᠋ᠩ ᠥᠪᠡᠷ ᠤᠨ ᠬᠢᠭᠰᠡᠨ ᠡᠪᠡᠷ ᠤᠯᠠᠮᠵᠢᠯᠠᠯᠲᠤ ᠨᠤᠮᠤ ᠪᠠᠷ ᠢᠶᠠᠨ ᠤᠯᠤᠰ ᠤᠨ ᠳᠣᠲᠣᠭᠠᠳᠤ ᠭᠠᠳᠠᠭᠠᠳᠤ ᠶᠢᠨ ᠮᠠᠰᠢ ᠣᠯᠠᠨ ᠲᠣᠮᠣ | ᠬᠡᠯᠪᠡᠷᠢ ᠶᠢᠨ ᠰᠤᠷ ᠬᠠᠷᠪᠤᠯᠭ᠎ᠠ ᠶᠢᠨ ᠤᠷᠤᠯᠳᠤᠭᠠᠨ ᠳᠤ ᠣᠷᠣᠯᠴᠠᠭᠠᠳ ᠮᠠᠰᠢ ᠣᠯᠠᠨ ᠰᠠᠶᠢᠨ ᠬᠢᠷᠢ ᠪᠦᠲᠦᠮᠵᠢ ᠣᠯᠣᠭᠰᠠᠨ ᠪᠠᠶᠢᠨ᠎ᠠ᠃ | | | | ᠡᠪᠡᠷ ᠨᠤᠮᠤ ᠬᠢᠬᠦ ᠠᠩᠬᠠᠨ ᠤ ᠬᠦᠰᠡᠯ ᠤᠨ ᠲᠤᠬᠠᠢ ᠶᠠᠷᠢᠬᠤ ᠳᠠᠭᠠᠨ᠂ ᠬᠡᠦᠬᠡᠳ ᠪᠠᠶᠢᠬᠤ ᠳᠡᠭᠡᠨ ᠠᠬᠠᠮᠠᠳ ᠠᠴᠠ ᠦᠷᠭᠦᠯᠵᠢ ᠲᠡᠭᠦᠨ ᠳᠤ ᠡᠯ᠎ᠡ | ᠲᠥᠷᠥᠯ ᠤᠨ ᠵᠢᠵᠢᠭ ᠲᠣᠭᠯᠠᠭᠠᠮ ᠬᠢᠵᠦ ᠥᠭᠲᠡᠭ ᠪᠥᠭᠡᠳ ᠲᠡᠭᠦᠨ ᠤ ᠳᠣᠲᠣᠷ᠎ᠠ ᠬᠠᠮᠤᠭ ᠤᠨ ᠣᠯᠠᠨ ᠨᠢ ᠦᠬᠡᠷ ᠤᠨ ᠡᠪᠡᠷ ᠢᠶᠠᠷ ᠬᠢᠭᠰᠡᠨ ᠨᠤᠮᠤ ᠰᠤᠮᠤ ᠪᠣᠯᠣᠨ᠎ᠠ | ᠭᠡᠵᠦ ᠰᠯᠧᠰᠦ᠋ᠷᠦᠩ ᠪᠢᠳᠡᠨ ᠳᠤ ᠬᠡᠯᠡᠪᠡ᠃ ᠰᠤᠷᠭᠠᠭᠤᠯᠢ ᠲᠡᠭᠦᠰᠦᠭᠰᠡᠨ ᠤ ᠳᠠᠷᠠᠭ᠎ᠠ᠂ ᠰᠯᠧᠰᠦ᠋ᠷᠦᠩ ᠨᠤᠲᠤᠭ ᠲᠠᠭᠠᠨ ᠬᠠᠷᠢᠵᠤ ᠡᠪᠡᠷ ᠨᠤᠮᠤ ᠬᠢᠬᠦ ᠤᠯᠠᠮᠵᠢᠯᠠᠯᠲᠤ | ᠤᠷ᠎ᠠ ᠮᠡᠷᠭᠡᠵᠢᠯ ᠢ ᠵᠢᠩᠬᠢᠨᠢ ᠪᠠᠷ ᠰᠤᠷᠴᠤ᠂ ᠡᠨᠡ ᠬᠦ ᠤᠯᠠᠮᠵᠢᠯᠠᠯᠲᠤ ᠤᠷ᠎ᠠ ᠮᠡᠷᠭᠡᠵᠢᠯ ᠢ ᠤᠯᠠᠮᠵᠢᠯᠠᠨ ᠵᠠᠯᠭᠠᠮᠵᠢᠯᠠᠬᠤ ᠶᠢ ᠬᠦᠰᠡᠪᠡ᠃ 2018 ᠣᠨ ᠤ 5 | ᠰᠠᠷ᠎ᠠ ᠳᠤ᠂ ᠰᠯᠧᠰᠦ᠋ᠷᠦᠩ ᠪᠠᠷᠭᠤᠳᠠᠢ ᠡᠷᠲᠡᠨ ᠤ ᠤᠯᠠᠮᠵᠢᠯᠠᠯᠲᠤ ᠨᠤᠮᠤ ᠶᠢᠨ ᠦᠢᠯᠡᠳᠬᠡᠯ ᠤᠨ ᠭᠠᠵᠠᠷ ᠢ ᠳᠠᠩᠰᠠᠯᠠᠭᠤᠯᠵᠤ᠂ ᠮᠠᠯᠵᠢᠬᠤ ᠳᠦᠷᠪᠡᠨ ᠬᠤᠰᠢᠭᠤᠨ ᠤ | ᠬᠠᠷᠪᠤᠭᠠᠴᠢᠳ ᠲᠠᠢ ᠬᠠᠮᠲᠤ ᠰᠤᠷ ᠬᠠᠷᠪᠤᠯᠭ᠎ᠠ ᠶᠢᠨ ᠤᠷᠤᠯᠳᠤᠭᠠᠨ ᠢ ᠤᠯᠠᠨ ᠤᠳᠠᠭ᠎ᠠ ᠵᠣᠬᠢᠶᠠᠨ ᠪᠠᠶᠢᠭᠤᠯᠵᠤ᠂ ᠤᠯᠠᠮᠵᠢᠯᠠᠯᠲᠤ ᠡᠪᠡᠷ ᠨᠤᠮᠤ ᠶᠢᠨ ᠪᠣᠯᠪᠠᠰᠤᠷᠠᠯ ᠤᠨ | ᠠᠩᠭᠢ ᠵᠢᠴᠢ ᠰᠣᠯᠢᠯᠴᠠᠭᠠᠨ ᠤ ᠬᠤᠷᠠᠯ ᠢ ᠡᠷᠬᠢᠯᠡᠵᠦ᠂ ᠪᠠᠰᠠ ᠡᠯ᠎ᠡ ᠭᠠᠵᠠᠷ ᠲᠤ ᠬᠦᠷᠴᠦ ᠲᠡᠷᠢᠭᠦᠨ ᠤ ᠦᠢᠯᠡᠳᠬᠦ ᠤᠷ᠎ᠠ ᠮᠡᠷᠭᠡᠵᠢᠯ ᠢ ᠰᠤᠷᠤᠯᠴᠠᠪᠠ᠃ ᠲᠡᠷᠡ | ᠥᠪᠡᠷ ᠤᠨ ᠴᠥᠬᠦᠷᠡᠰᠢ ᠦᠭᠡᠢ ᠴᠢᠷᠮᠠᠶᠢᠯᠭ᠎ᠠ ᠪᠠᠷ ᠢᠶᠠᠨ ᠳᠠᠮᠵᠢᠨ᠂ ᠨᠡᠩ ᠤᠯᠠᠨ ᠰᠤᠷ ᠬᠠᠷᠪᠤᠯᠭ᠎ᠠ ᠳᠤ ᠰᠣᠨᠢᠷᠬᠠᠯᠲᠠᠢ ᠬᠥᠮᠥᠰ ᠲᠤ ᠤᠯᠠᠮᠵᠢᠯᠠᠯᠲᠤ ᠡᠪᠡᠷ ᠨᠤᠮᠤ ᠶᠢ | ᠣᠶᠢᠯᠠᠭᠠᠭᠤᠯᠵᠤ᠂ ᠳᠤᠮᠳᠠᠳᠤ ᠶᠢᠨ ᠰᠢᠯᠢᠳᠡᠭ ᠤᠯᠠᠮᠵᠢᠯᠠᠯᠲᠤ ᠰᠣᠶᠣᠯ ᠢ ᠤᠯᠠᠮ ᠴᠢᠨᠠᠭᠰᠢᠳᠠ ᠪᠠᠳᠠᠷᠠᠭᠤᠯᠬᠤ ᠶᠢ ᠬᠦᠰᠡᠪᠡ᠃ | | | | ᠤᠯᠠᠮᠵᠢᠯᠠᠯᠲᠤ ᠡᠪᠡᠷ ᠨᠤᠮᠤ ᠬᠢᠬᠦ ᠤᠷ᠎ᠠ ᠮᠡᠷᠭᠡᠵᠢᠯ ᠤᠨ ᠤᠯᠠᠮᠵᠢᠯᠠᠯ ᠨᠢ ᠵᠥᠪᠬᠡᠨ ᠭᠠᠷ ᠤᠷᠠᠯᠠᠯ ᠤᠨ ᠦᠷᠭᠦᠯᠵᠢᠯᠡᠯ ᠲᠡᠳᠦᠢ ᠪᠢᠰᠢ᠂ ᠨᠠᠩ ᠴᠤ ᠰᠣᠶᠣᠯ ᠤᠨ | ᠤᠯᠠᠮᠵᠢᠯᠠᠯ ᠪᠣᠯᠬᠤ ᠶᠤᠮ᠃ ᠰᠢᠨ᠎ᠡ ᠪᠠᠷᠭᠤ ᠪᠠᠷᠠᠭᠤᠨ ᠬᠤᠰᠢᠭᠤ ︽ᠬᠤᠶᠠᠷ ᠢ ᠴᠣᠭᠴᠠᠯᠠᠬᠤ︾ ᠰᠢᠨ᠎ᠡ ᠵᠠᠮ ᠢ ᠦᠷᠭᠦᠯᠵᠢᠯᠡᠨ ᠰᠦᠪᠡᠭᠴᠢᠯᠡᠵᠦ᠂ ᠳᠤᠮᠳᠠᠳᠤ ᠶᠢᠨ | ᠦᠨᠳᠦᠰᠦᠲᠡᠨ ᠤ ᠰᠢᠯᠢᠳᠡᠭ ᠰᠣᠶᠣᠯ ᠤᠨ ᠭᠧᠨ ᠢ ᠢᠯᠡᠷᠡᠭᠦᠯᠵᠦ᠂ ᠤᠳᠤ ᠦᠶ᠎ᠡ ᠶᠢᠨ ᠦᠨ᠎ᠡ ᠦᠷᠳᠡᠭ ᠲᠠᠢ ᠰᠣᠶᠣᠯ ᠤᠨ ᠵᠣᠷᠢᠭ ᠰᠠᠨᠠᠭ᠎ᠠ ᠶᠢ ᠪᠠᠳᠠᠷᠠᠭᠤᠯᠤᠨ | ᠳᠡᠯᠭᠡᠷᠡᠭᠦᠯᠵᠦ᠂ ᠳᠤᠮᠳᠠᠳᠤ ᠶᠢᠨ ᠦᠨᠳᠦᠰᠦᠲᠡᠨ ᠤ ᠠᠭᠤᠤ ᠶᠡᠭᠡ ᠰᠡᠷᠭᠦᠨ ᠮᠠᠨᠳᠤᠯᠲᠠ ᠶᠢ ᠪᠡᠶᠡᠯᠡᠭᠦᠯᠬᠦ ᠳᠤ ᠬᠦᠴᠦᠨ ᠴᠢᠳᠠᠯ ᠢᠶᠠᠨ ᠡᠷᠭᠦᠨ᠎ᠡ᠃ | | |