ᠬᠠᠩᠭᠠᠢ ᠮᠦᠩᠬᠡᠮᠠᠨᠳᠥᠬᠤ | ᠨᠢᠭᠡ᠂ ᠣᠯᠠᠮᠵᠢᠯᠠᠯᠲᠣ ᠨᠣᠮᠤ ᠰᠣᠮᠣ ᠶᠢᠨ ᠡᠭᠦᠰᠤᠯ ᠮᠤᠨᠢ ᠠᠭᠤᠯᠠ ᠶᠢᠨ ᠬᠠᠳᠠᠨ ᠵᠢᠷᠤᠭ ᠪᠠ ᠴᠢᠯᠠᠭᠤᠨ ᠵᠡᠪᠰᠡᠭ ᠤᠨ ᠦᠶ᠎ᠡ ᠳᠤ ᠬᠦᠮᠤᠨ ᠲᠦᠷᠦᠯᠬᠢᠲᠡᠨ | ᠨᠤᠮᠤ ᠰᠤᠮᠤ ᠶᠢ ᠡᠭᠦᠳᠴᠡᠢ ᠭᠡᠰᠡᠨ ᠢ ᠰᠤᠳᠤᠯᠭᠠᠲᠠᠳ ᠤᠨ ᠰᠤᠳᠤᠯᠤᠯ ᠨᠢᠭᠡᠨᠲᠡ ᠭᠡᠷᠡᠴᠢᠯᠡᠵᠡᠢ᠃ ᠮᠣᠩᠭᠤᠯ ᠣᠪᠣᠭ ᠠᠶᠢᠮᠠᠭ ᠤᠳ ᠨᠤᠮᠤ ᠰᠣᠮᠣ ᠶᠢ ᠰᠢᠨ᠎ᠡ | ᠴᠢᠯᠠᠭᠤᠨ ᠵᠡᠪᠰᠡᠭ ᠤᠨ ᠦᠶ᠎ᠡ ᠠᠴᠠ ᠡᠬᠢᠯᠡᠨ ᠠᠪᠢᠶᠠᠰᠯᠢᠭ ᠴᠢᠳᠠᠮᠠᠭᠠᠢ ᠡᠵᠡᠮᠰᠢᠨ ᠬᠡᠷᠡᠭᠯᠡᠵᠦ ᠢᠷᠡᠭᠰᠡᠨ ᠭᠡᠳᠡᠭ᠃ | ᠮᠣᠩᠭᠤᠯ ᠬᠡᠦᠬᠡᠳ ᠤᠳ ᠭᠤᠷᠪᠠ ᠳᠦᠷᠪᠡᠨ ᠨᠠᠰᠤᠨ ᠠᠴᠠ ᠪᠠᠨ ᠡᠬᠢᠯᠡᠵᠦ ᠪᠤᠷᠭᠠᠰᠤ ᠮᠣᠳᠣ ᠪᠠᠷ ᠬᠠᠪᠴᠢᠬᠠᠲᠠᠢ ᠨᠣᠮᠤ ᠬᠢᠵᠦ ᠬᠠᠷᠪᠤᠳᠠᠭ ᠨᠢ ᠮᠣᠩᠭᠤᠯ | ᠤᠯᠠᠮᠵᠢᠯᠠᠯ ᠵᠠᠩᠰᠢᠯ ᠦᠪᠯᠡᠭᠳᠡᠵᠦ ᠶᠠᠪᠤᠭ᠎ᠠ ᠶᠢᠨ ᠰᠢᠨᠵᠢ ᠮᠦᠨ᠃ ᠨᠣᠮᠤ ᠰᠣᠮᠤ ᠶᠢ ᠦᠨᠳᠤᠰᠤᠳᠠᠨ ᠤ ᠰᠣᠶᠤᠯ ᠤᠨ ᠰᠠᠯᠣᠰᠢ ᠦᠭᠡᠢ ᠬᠡᠰᠡᠭ ᠭᠡᠵᠦ ᠦᠵᠡᠳᠡᠭ ᠤᠨ | ᠤᠴᠢᠷ ᠠᠴᠠ ᠲᠦᠷᠦ ᠵᠠᠰᠠᠭ ᠪᠤᠶᠤ ᠡᠭᠡᠯ ᠲᠦᠮᠡᠨ ᠪᠠᠶᠢᠩᠭᠤ ᠠᠩᠬᠠᠷᠴᠤ᠂ ᠦᠪᠡᠷ ᠦᠪᠡᠷ ᠤᠨ ᠠᠷᠭ᠎ᠠ ᠠᠪᠴᠠᠯ ᠢᠶᠠᠷ ᠣᠯᠠᠮᠵᠢᠯᠠᠨ ᠬᠦᠭᠵᠢᠬᠦᠯᠵᠦ ᠪᠠᠶᠢᠳᠠᠭ᠃ | ︵ᠨᠢᠭᠡ︶ ᠨᠤᠮᠣ ᠰᠣᠮᠣ ᠨᠢ ᠪᠠᠯᠠᠷ ᠡᠷᠲᠡᠨ ᠤ ᠴᠠᠭ ᠲᠤ ᠠᠮᠢᠲᠠᠨ ᠠᠷᠢᠶᠠᠲᠠᠨ ᠠᠴᠠ ᠪᠡᠶ᠎ᠡ ᠪᠠᠨ ᠬᠠᠮᠠᠭᠠᠯᠠᠬᠤ᠂ ᠭᠦᠷᠦᠭᠡᠰᠦ ᠠᠩᠨᠠᠬᠤ᠂ ᠨᠤᠳᠤᠬ | ᠣᠷᠣᠨ ᠢᠶᠠᠨ ᠲᠠᠶᠢᠰᠣᠨ ᠠᠴᠠ ᠬᠠᠮᠠᠭᠠᠯᠠᠬᠤ ᠵᠡᠪᠰᠡᠭ ᠪᠠᠶᠢᠭᠰᠠᠨ ᠪᠣᠯ ᠣᠳᠣ ᠪᠣᠯᠬᠤ ᠳᠤ ᠪᠠᠶ᠎ᠡ ᠲᠠᠮᠢᠷ ᠤᠨ ᠰᠤᠶᠤᠯ ᠤᠨ ᠨᠢᠭᠡ ᠲᠦᠷᠦᠯ ᠪᠣᠯᠣᠨ ᠬᠦᠭᠵᠢᠨ | ᠬᠤᠪᠢᠷᠠᠵᠠᠢ᠃ | ᠡᠭᠦᠰᠦᠯ ᠭᠠᠷᠣᠯ ᠠᠴᠠ ᠨᠢ ᠠᠪᠴᠦ ᠦᠵᠡᠪᠡᠯ᠂ ᠬᠠᠯᠬ᠎ᠠ ᠬᠠᠷᠪᠣᠭᠠᠨ ᠤ ᠨᠣᠮᠤ ᠨᠢ ᠣᠷᠲᠣ ᠬᠢᠴᠢᠷᠲᠠᠢ᠂ ᠡᠪᠡᠷ ᠡᠯᠢᠭᠡᠲᠡᠢ᠂ ᠰᠢᠷᠮᠦᠰᠦᠨ ᠠᠷᠣ ᠲᠠᠢ︔ | ᠪᠣᠷᠢᠶᠠᠳ ᠬᠠᠷᠪᠣᠭᠠᠨ ᠤ ᠨᠣᠮᠤ ᠨᠢ ᠬᠢᠴᠢᠷ ᠪᠣᠭᠤᠨᠢᠲᠠᠢ᠂ ᠬᠠᠶᠢᠭᠤᠯᠭᠦᠢ᠂ ᠡᠪᠡᠷ ᠡᠯᠢᠭᠡᠲᠠᠢ︔ ᠣᠷᠢᠶᠠᠩᠬᠠᠢ ᠨᠣᠮᠤ ᠨᠢ 2m ᠣᠷᠲᠣ ᠬᠤᠰᠤ ᠮᠣᠳᠣᠨ ᠤ ᠬᠤᠶᠠᠷ | ᠦᠵᠦᠭᠦᠷ ᠲᠤ ᠬᠡᠷᠴᠢᠭᠡᠰᠦ ᠭᠠᠷᠭᠠᠨ ᠬᠦᠪᠴᠢᠯᠡᠳᠡᠭ ᠮᠣᠳᠣᠨ ᠨᠣᠮᠤ ᠲᠠᠢ᠃ ᠰᠡᠭᠦᠯ ᠤᠨ ᠦᠶ᠎ᠡ ᠳᠤ ᠪᠣᠷᠢᠶᠠᠳ᠂ ᠣᠷᠢᠶᠠᠩᠬᠠᠢ ᠬᠠᠷᠪᠣᠭ᠎ᠠ ᠨᠢ ᠬᠠᠯᠬ᠎ᠠ ᠡᠪᠡᠷ | ᠡᠯᠢᠭᠡᠲᠠᠢ᠂ ᠰᠢᠷᠮᠦᠰᠦᠨ ᠠᠷᠣ ᠲᠠᠢ ᠨᠤᠮᠣ ᠪᠠᠷ ᠭᠤᠣᠯᠯᠠᠨ ᠬᠠᠷᠪᠣᠵᠣ ᠪᠠᠶᠢᠨ᠎ᠠ᠃ ᠡᠨᠡ ᠭᠤᠷᠪᠠᠨ ᠬᠠᠷᠪᠣᠭ᠎ᠠ ᠶᠢᠨ ᠬᠠᠷᠪᠣᠬᠤ ᠵᠠᠢ᠂ ᠣᠨᠣᠬᠤ ᠫᠠᠢ᠂ ᠬᠠᠷᠪᠣᠭᠠᠨ ᠤ | ᠲᠢᠭ ᠵᠢᠷᠣᠮ ᠨᠢ ᠦᠪᠡᠷ ᠦᠪᠡᠷ ᠤᠨ ᠦᠪᠡᠷᠮᠢᠴᠠ ᠣᠨᠴᠠᠯᠢᠭ ᠢ ᠬᠠᠷᠠᠭᠤᠯᠣᠭᠰᠠᠨ ᠬᠤᠪᠴᠠᠰᠣ ᠵᠠᠰᠠᠯ ᠲᠠᠢ᠂ ᠬᠠᠮᠲᠣ ᠶᠢᠨ ᠪᠠ ᠬᠤᠪᠢ ᠬᠦᠮᠦᠨ ᠤ ᠬᠠᠷᠪᠣᠭ᠎ᠠ ᠨᠢ | ᠦᠪᠡᠷᠮᠢᠴᠠ ᠠᠷᠭ᠎ᠠ ᠠᠪᠴᠠᠯ ᠣᠯᠠᠮᠵᠢᠯᠠᠯ ᠲᠠᠢ ᠪᠠᠶᠢᠳᠠᠬ᠃ | ᠦᠨᠳᠦᠰᠦᠲᠡᠨ ᠤ ᠰᠤᠷ ᠤᠨ ᠬᠠᠷᠪᠤᠭᠠᠨ ᠤ ᠨᠣᠮᠤ ᠰᠤᠮᠤ ᠨᠢ ᠮᠠᠨ ᠤ ᠡᠷᠲᠡᠨ ᠤ ᠣᠯᠠᠮᠵᠢᠯᠠᠯᠲᠣ ᠰᠣᠶᠤᠯ ᠵᠠᠩᠰᠢᠯ᠂ ᠵᠠᠩ ᠦᠢᠯᠡ ᠶᠢᠨ ᠢᠯᠡᠷᠬᠡᠶᠢᠯᠡᠯ | ᠶᠠᠭᠠᠬᠢᠬᠤ ᠠᠷᠭ᠎ᠠ ᠦᠭᠡᠢ ᠮᠦᠨ ᠪᠢᠯᠡ᠃ ᠣᠯᠠᠨ ᠮᠢᠩᠭᠠᠨ ᠵᠢᠯ ᠤᠨ ᠳᠡᠷᠲᠡᠭᠡ ᠠᠴᠠ ᠦᠪᠯᠡᠭᠳᠡᠨ ᠨᠣᠮᠤ ᠰᠤᠮᠤ ᠨᠢ ᠴᠠᠭ ᠦᠶ᠎ᠡ ᠲᠠᠢ ᠪᠠᠨ ᠣᠶᠠᠯᠳᠣᠨ ᠬᠦᠭᠵᠢᠵᠦ | ᠢᠷᠡᠭᠰᠡᠨ ᠲᠡᠦᠬᠡᠨ ᠤᠯᠠᠮᠵᠢᠯᠠᠯᠲᠠᠢ ᠠᠷᠠᠳ ᠤᠨ ᠭᠠᠷ ᠤᠷᠠᠯᠠᠯ ᠮᠦᠨ᠃ | ︵ᠬᠤᠶᠠᠷ︶ ᠠᠯᠢ ᠡᠷᠳᠠ ᠮᠣᠩᠭᠤᠯ ᠭᠠᠷ ᠤᠷᠠᠴᠤᠳ ᠤᠨ ᠨᠤᠮᠤ ᠰᠤᠮᠤ ᠬᠢᠭᠰᠡᠨ ᠵᠣᠷᠢᠯᠭ᠎ᠠ ᠨᠢ ᠠᠩ ᠠᠪᠠ ᠬᠢᠬᠦ᠂ ᠨᠤᠳᠤᠬ ᠣᠷᠣᠨ ᠢᠶᠠᠨ ᠬᠠᠷᠢ ᠶᠢᠨ | ᠳᠠᠶᠢᠰᠤᠨ ᠠᠴᠠ ᠬᠠᠮᠠᠭᠠᠯᠠᠬᠤ ᠶᠢᠨ ᠲᠦᠯᠦᠭᠡ ᠨᠡᠭᠦᠳᠡᠯᠴᠢᠨ ᠮᠣᠩᠭᠤᠯ ᠤᠨ ᠠᠬᠤᠢ ᠨᠦᠬᠦᠴᠡᠯ ᠳᠤ ᠵᠣᠬᠢᠴᠠᠭᠰᠠᠨ ᠮᠣᠷᠢᠨ ᠳᠡᠭᠡᠷ᠎ᠡ ᠠᠴᠠ ᠬᠠᠷᠪᠤᠬᠤ᠂ ᠨᠠᠮᠨᠠᠬᠤ | ᠦᠢᠯᠠᠳᠦᠯ ᠬᠢᠬᠦ ᠪᠣᠯᠤᠮᠵᠢᠲᠠᠢ ᠪᠠᠶᠢᠭᠰᠠᠨ ᠢᠶᠠᠷ ᠢᠶᠠᠨ ᠣᠨᠴᠠᠯᠢᠭ ᠲᠠᠢ᠃ ᠡᠷᠲᠡᠨ ᠤ ᠮᠣᠩᠭᠤᠯᠴᠤᠳ ᠦᠪᠡᠷᠰᠡᠳ ᠤᠨ ᠡᠳ᠋ᠯᠡᠵᠦ ᠬᠡᠷᠡᠭᠯᠡᠵᠦ ᠪᠠᠶᠢᠭᠰᠠᠨ ᠭᠠᠷ ᠳᠤ ᠬᠢ | ᠮᠠᠲ᠋ᠧᠷᠢᠶᠠᠯ ᠢᠶᠠᠨ ᠠᠰᠢᠭᠯᠠᠨ ᠨᠣᠮᠤ ᠰᠣᠮᠤ ᠶᠢ ᠤᠷᠠᠯᠠᠨ ᠪᠦᠲᠦᠭᠡᠵᠦ ᠪᠠᠶᠢᠵᠠᠢ᠃ ᠲᠤᠬᠠᠶᠢᠯᠠᠪᠠᠯ᠄ ᠶᠡᠭᠡ ᠪᠡᠶ᠎ᠡ ᠶᠢ ᠬᠤᠰᠤ᠂ ᠬᠠᠷ᠎ᠠ ᠮᠣᠳᠣ᠂ ᠦᠬᠡᠷ ᠤᠨ ᠡᠪᠡᠷ᠂ | ᠪᠣᠲᠠ ᠶᠢᠨ ᠰᠢᠷᠪᠦᠰᠦ ᠪᠠᠷ᠂ ᠨᠣᠮᠤᠨ ᠤ ᠬᠦᠪᠴᠢ ᠶᠢ ᠪᠣᠳᠠ ᠮᠠᠯ ᠤᠨ ᠦᠯᠦᠨ ᠭᠡᠳᠡᠰᠦ ᠮᠣᠰᠭᠢᠨ ᠬᠠᠲᠠᠭᠠᠭᠠᠳ ᠬᠢᠵᠦ ᠪᠠᠶᠢᠭᠰᠠᠨ᠃ ᠰᠣᠮᠤ ᠶᠢ ᠨᠢ ᠰᠢᠯᠤᠭᠤᠬᠠᠨ | ᠮᠣᠳᠤ ᠶᠢᠨ ᠦᠵᠦᠭᠦᠷ ᠲᠤ ᠴᠢᠯᠠᠭᠤᠨ ᠵᠡᠪᠡ ᠪᠣᠶᠤ ᠬᠦᠷᠡᠯ ᠲᠠᠮᠦᠷ ᠵᠡᠪᠡ ᠪᠠᠷ ᠬᠢᠵᠦ ᠪᠦᠲᠦᠭᠡᠵᠡᠢ᠃ | ᠨᠣᠮᠤ ᠰᠣᠮᠣ ᠨᠢ ᠠᠰᠤᠷᠦ ᠡᠷᠲᠡᠨ ᠤ ᠲᠡᠦᠬᠡ ᠲᠠᠢ ᠪᠦᠭᠡᠳ ᠨᠠᠶᠢᠭᠡᠮ ᠤᠨ ᠬᠦᠭᠵᠢᠯᠲᠡ ᠶᠢ ᠳᠠᠭᠠᠯᠳᠣᠨ ᠣᠯᠠᠮᠵᠢᠯᠠᠯ ᠢᠶᠠᠨ ᠠᠯᠳᠠᠭ᠎ᠠ ᠦᠭᠡᠢ ᠮᠦᠷᠲᠡᠭᠡᠨ | ᠤᠯᠠᠮ ᠪᠣᠯᠪᠠᠰᠣᠷᠠᠩᠭᠤᠢ ᠪᠣᠯᠤᠨ ᠬᠦᠭᠵᠢᠵᠦ ᠢᠷᠡᠭᠰᠡᠨ ᠶᠤᠮ᠃ ᠨᠤᠮᠤ ᠨᠢ ᠴᠢᠨᠠᠷ ᠪᠦᠲᠦᠴᠡ᠂ ᠬᠡᠪ ᠵᠠᠭᠪᠣᠷ ᠤᠨ ᠬᠤᠪᠢ ᠳᠤ ᠮᠤᠩᠭᠤᠯ ᠳᠤ 1990 ᠣᠨ | ᠬᠦᠷᠲᠡᠯ᠎ᠡ ᠲᠡᠭᠡᠷ᠎ᠡ ᠦᠶ᠎ᠡ ᠶᠢᠨ ᠡᠪᠡᠷ ᠵᠠᠭᠪᠣᠷ ᠢᠶᠠᠨ ᠵᠠᠯᠭᠠᠮᠵᠢᠯᠠᠵᠣ ᠢᠷᠡᠵᠠᠢ᠃ 1960 ᠣᠨ ᠠᠴᠠ ᠤᠯᠠᠮᠵᠢᠯᠠᠯᠲᠤ ᠨᠣᠮᠤ ᠰᠣᠮᠤ ᠶᠢ ᠣᠷᠤᠨ ᠨᠣᠲᠤᠭ ᠲᠤ | ᠤᠷᠠᠯᠠᠨ ᠬᠢᠬᠦ ᠠᠵᠢᠯ ᠰᠡᠷᠭᠦᠵᠦ ᠢᠷᠡᠭᠰᠡᠨ ᠶᠤᠮ᠃ ᠦᠪᠦᠷ ᠮᠤᠩᠭᠤᠯ ᠤᠷᠤᠨ ᠳᠤ 2000 ᠤᠨ ᠠᠴᠠ ᠨᠠᠭᠠᠰᠢ ᠨᠤᠮᠤ ᠰᠤᠮᠤ ᠬᠢᠬᠦ ᠬᠦᠮᠤᠨ ᠤᠯᠠᠨ ᠪᠤᠯᠵᠠᠢ᠃ | ᠵᠢᠱᠢᠶᠡᠯᠡᠪᠡᠯ᠂ ᠪᠠᠷᠠᠭᠤᠨ ᠪᠠᠭᠠᠷᠢᠨ ᠤ ᠰᠡᠴᠡᠨᠮᠦ᠋ᠩᠭᠡ ᠵᠡᠷᠭᠡ ᠠᠷᠠᠳ ᠤᠨ ᠳᠤᠮᠳᠠᠬᠢ ᠭᠠᠷ ᠤᠷᠠᠯᠢᠬᠴᠢᠨ ᠤᠯᠠᠮ ᠢᠶᠠᠷ ᠤᠯᠠᠰᠢᠷᠠᠵᠤ ᠪᠠᠶᠢᠨ᠎ᠠ᠃ ᠮᠣᠩᠭᠤᠯ | ᠦᠨᠳᠤᠰᠦᠲᠡᠨ ᠤ ᠣᠯᠠᠮᠵᠢᠯᠠᠯᠲᠣ ᠨᠣᠮᠤ ᠰᠣᠮᠣ ᠶᠢ ᠳᠡᠭᠡᠷ᠎ᠡ ᠦᠶ᠎ᠡ ᠠᠴᠠ ᠮᠣᠩᠭᠤᠯᠴᠣᠳ ᠦᠪᠡᠷᠰᠡᠳ ᠢᠶᠠᠨ ᠰᠠᠨᠠᠭᠠᠴᠢᠯᠠᠨ ᠬᠦᠴᠦ ᠴᠢᠳᠠᠯ ᠢ ᠨᠢ ᠰᠠᠶᠢᠵᠢᠷᠠᠭᠤᠯᠬᠤ᠂ | ᠰᠣᠮᠣᠨ ᠤ ᠲᠣᠰᠣᠯᠲᠠ ᠶᠢ ᠬᠤᠯᠠ ᠪᠣᠯᠭᠠᠬᠤ ᠭᠡᠵᠦ ᠣᠯᠠᠨ ᠵᠦᠢᠯ ᠢ ᠰᠢᠨᠠᠴᠢᠯᠠᠵᠣ ᠢᠷᠡᠭᠰᠡᠨ ᠶᠤᠮ᠃ | ᠬᠤᠶᠠᠷ᠂ ᠣᠯᠠᠮᠵᠢᠯᠠᠯᠲᠣ ᠨᠣᠮᠤ ᠰᠣᠮᠣ ᠶᠢᠨ ᠬᠢᠴᠡ | ︵ᠨᠢᠭᠡ︶ ︽ᠪᠠᠯᠠᠷ ᠡᠷᠲᠡᠨ ᠤ ᠠᠩᠴᠢᠳ ᠠᠷᠢᠶᠠᠲᠠᠨ ᠤ ᠠᠷᠠᠰᠦ ᠪᠠᠷ ᠪᠡᠶ᠎ᠡ ᠪᠠᠨ ᠬᠤᠪᠴᠠᠯᠠᠵᠤ᠂ ᠴᠢᠯᠠᠭᠤᠨ ᠦᠵᠦᠭᠦᠷ ᠲᠠᠢ ᠠᠩ ᠤᠨ ᠵᠢᠳᠠ ᠪᠠᠨ | ᠪᠠᠷᠢᠵᠠᠭᠠᠨ᠂ ᠰᠠᠬᠤᠯᠢᠭ ᠭᠦᠨ ᠤᠢ ᠬᠦᠪᠴᠢ ᠪᠠᠷ ᠠᠩᠨᠠᠵᠦ ᠪᠠᠶᠢᠭᠠᠳ ᠨᠢᠭᠡ ᠠᠩᠴᠢᠨ ᠨᠢ ᠨᠠᠷᠢᠬᠠᠨ ᠪᠦᠭᠳᠦᠷ ᠬᠡᠪᠲᠡᠭᠡ ᠤᠷᠭᠤᠭᠰᠠᠨ ᠮᠤᠳᠤᠨ ᠳᠤ ᠤᠷᠢᠶᠠᠩᠭᠤ | ᠡᠪᠡᠰᠦ ᠤᠷᠢᠶᠠᠨ ᠵᠠᠯᠠᠯᠠᠵᠤ ᠤᠷᠤᠭᠰᠢ ᠶᠠᠪᠤᠬᠤ ᠳᠤ ᠨᠢ ᠰᠠᠭᠠᠳ ᠪᠤᠯᠤᠭᠰᠠᠨ ᠠᠴᠠ ᠲᠡᠷᠡ ᠮᠤᠳᠤᠨ ᠤ ᠳᠡᠭᠡᠷ᠎ᠡ ᠵᠢᠳᠠ ᠪᠠᠨ ᠬᠦᠨᠳᠡᠯᠡᠨ ᠲᠠᠯᠪᠢᠵᠤ᠂ ᠵᠢᠳᠠᠨ ᠡᠰᠢᠨ ᠤ | ᠤᠭ ᠪᠠ ᠤᠷᠢᠶᠠᠩᠭᠤ ᠡᠪᠡᠰᠤ ᠶᠢ ᠬᠠᠮᠳᠦ ᠳᠤ ᠨᠢ ᠮᠦᠴᠢᠳ ᠠᠳᠬᠤᠨ᠂ ᠠᠭᠠᠵᠢᠮ ᠰᠢᠬ ᠬᠦᠴᠦᠯᠡᠨ ᠴᠢᠩᠭᠠᠵᠦ ᠲᠠᠰᠤᠯᠬᠤ ᠭᠡᠰᠡᠨ ᠳᠤ ᠰᠠᠨᠠᠮᠰᠠᠷ ᠦᠭᠡᠢ | ᠭᠠᠷ ᠠᠴᠠ ᠨᠢ ᠮᠤᠯᠳᠤᠷᠠᠵᠦ᠂ ᠵᠢᠳᠠ ᠨᠢ ᠤᠷᠢᠶᠠᠩᠭᠤ ᠡᠪᠡᠰᠦᠨ ᠳᠤ ᠬᠦᠪᠴᠢᠯᠡᠭᠳᠡᠨ ᠲᠡᠷᠡ ᠬᠤᠯᠠ ᠱᠤᠤᠭᠢᠨ ᠶᠠᠪᠤᠯ᠎ᠠ᠃ ᠡᠭᠦᠨ ᠢ ᠠᠩᠴᠢᠳ ᠶᠡᠭᠡ ᠯᠡ | ᠭᠠᠶᠢᠬᠠᠵᠠᠭᠠᠪᠠ︕ ᠶᠠᠮᠠᠷ ᠬᠦᠴᠦᠨ ᠵᠢᠳᠠ ᠶᠢ ᠲᠡᠶᠢᠮᠦ ᠬᠤᠯᠠ ᠬᠠᠷᠪᠤᠵᠤ ᠶᠠᠪᠤᠭᠤᠯᠤᠭᠰᠠᠨ ᠢ ᠳᠠᠬᠢᠨ ᠳᠤᠷᠰᠢᠵᠤ ᠮᠡᠳᠡᠭᠡᠳ ᠨᠤᠮᠤ ᠰᠤᠮᠤ ᠶᠢ ᠡᠬᠢᠯᠡᠨ ᠡᠭᠦᠳᠵᠡᠢ︾ | ᠬᠡᠮᠡᠨ ᠵᠢᠱᠢᠵᠦ ᠪᠤᠯᠬᠤ ᠶᠤᠮ᠃ [1] ᠬᠦᠮᠦᠨ ᠨᠡᠶᠢᠭᠡᠮ ᠤᠨ ᠬᠦᠭᠵᠢᠯ ᠤᠨ ᠲᠡᠦᠬᠡᠨ ᠠᠴᠠ ᠦᠵᠡᠬᠦ ᠳᠤ ᠳᠡᠯᠡᠬᠡᠢ ᠶᠢᠨ ᠣᠯᠠᠨ ᠣᠯᠣᠰ ᠭᠦᠷᠦᠨ ᠨᠦᠭᠦᠳ ︽ | ᠬᠠᠪᠴᠢᠬᠠᠢ︾ ᠨᠣᠮᠤ ᠬᠢᠳᠡᠭ ᠪᠠᠶᠢᠭᠰᠠᠨ ᠳᠣᠲᠣᠷ᠎ᠠ ᠠᠴᠠ ᠮᠣᠩᠭᠤᠯᠴᠣᠳ ᠬᠠᠪᠴᠢᠬᠠᠢ ᠨᠣᠮᠤ ᠶᠢ ᠰᠢᠨ᠎ᠡ ᠴᠢᠯᠠᠭᠤᠨ ᠵᠡᠪᠰᠡᠭ ᠤᠨ ᠦᠶ᠎ᠡ ᠠᠴᠠ ᠪᠣᠰᠣᠳ | ᠣᠷᠣᠨ ᠨᠤᠭᠤᠳ ᠲᠠᠢ ᠵᠡᠷᠭᠡᠴᠡᠭᠡ ᠪᠠᠷ ᠬᠢᠵᠦ ᠡᠬᠢᠯᠡᠭᠰᠡᠨ ᠶᠤᠮ᠃ ᠨᠤᠮᠤ ᠶᠢ ᠠᠩᠬ᠎ᠠ ᠨᠠᠷᠢᠨ ᠰᠠᠯᠠᠭ᠎ᠠ ᠮᠣᠳᠣᠨ ᠤ ᠬᠤᠶᠠᠷ ᠦᠵᠦᠭᠦᠷ ᠲᠤ ᠤᠨᠢ ᠭᠠᠷᠭᠠᠵᠣ | ᠲᠣᠷᠭᠤᠨ ᠦᠢᠯᠡᠳᠦᠵᠦ ᠪᠠᠶᠢᠭᠰᠠᠨ ᠪᠣᠯ ᠶᠠᠪᠣᠭᠠᠨ ᠳᠠᠭᠠᠨ ᠡᠪᠡᠷ᠂ ᠶᠠᠰᠣᠨ ᠨᠠᠭᠠᠯᠲᠠ ᠬᠢᠵᠦ ᠬᠦᠭᠵᠢᠭᠦᠯᠦᠨ ᠬᠡᠷᠡᠭᠯᠡᠬᠦ ᠪᠣᠯᠵᠠᠢ᠃ | ᠡᠪᠡᠷ ᠡᠯᠢᠭᠡᠲᠠᠢ᠂ ᠰᠢᠷᠮᠦᠰᠦᠨ ᠠᠷᠣ ᠲᠠᠢ ᠨᠣᠮᠤ ᠬᠢᠬᠦ ᠪᠣᠯᠣᠭᠰᠠᠨ ᠨᠢ ᠨᠣᠮᠤ ᠶᠢᠨ ᠬᠦᠴᠦ ᠴᠢᠳᠠᠯ ᠢ ᠳᠡᠭᠡᠭᠰᠢᠯᠡᠭᠦᠯᠦᠭᠰᠡᠨ ᠪᠠᠶᠢᠨ᠎ᠠ᠃ ᠮᠦᠨ ᠰᠣᠮᠣ ᠶᠢᠨ | ᠳᠦᠷᠪᠡᠨ ᠲᠠᠯ᠎ᠠ ᠶᠢ ᠨᠢ ᠣᠳᠣᠲᠠᠢ ᠪᠣᠯᠭᠠᠵᠣ ᠶᠠᠩᠵᠣ ᠪᠦᠷᠢ ᠶᠢᠨ ᠬᠡᠯᠪᠡᠷᠢᠲᠡᠢ ᠬᠢᠭᠰᠡᠨ ᠨᠢ ᠰᠣᠮᠣ ᠲᠣᠰᠬᠤ ᠬᠤᠯᠡ ᠶᠢᠨ ᠵᠠᠢ ᠶᠢ ᠨᠡᠮᠡᠭᠳᠡᠭᠦᠯᠵᠡᠢ᠃ | ︵ᠬᠤᠶᠠᠷ︶ ᠾᠦᠩᠨᠦ ᠶᠢᠨ ᠦᠶ᠎ᠡ ᠳᠤ ᠨᠤᠮᠤ ᠨᠢ ᠪᠠᠷᠢᠭᠤᠯ ᠤᠨ ᠬᠡᠰᠡᠭ ᠲᠤ ᠳᠣᠲᠣᠷ ᠲᠠᠯ᠎ᠠ ᠨᠢ ᠡᠪᠡᠷ ᠨᠠᠭᠠᠳᠠᠭ᠂ ᠶᠠᠰᠣᠨ ᠨᠠᠭᠠᠯᠲᠠᠲᠠᠢ ᠨᠤᠮᠣ ᠬᠡᠷᠡᠭᠯᠡᠵᠦ | ᠪᠠᠶᠢᠭᠰᠠᠨ ᠪᠦᠭᠡᠳ ᠨᠣᠮᠤ ᠶᠢᠨ ᠤᠷᠲᠤ ᠨᠢ 140~160cm ᠪᠠᠶᠢᠵᠠᠢ ᠭᠡᠳᠡᠭ᠃ ᠮᠣᠩᠭᠤᠯ ᠨᠣᠮᠤ ᠶᠢ ᠳᠡᠭᠡᠷ᠎ᠡ ᠦᠶ᠎ᠡ ᠳᠤ ᠮᠠᠯ ᠤᠨ ᠠᠷᠠᠰᠤ ᠰᠢᠷᠢ ᠶᠢ | ᠪᠣᠯᠪᠠᠰᠤᠷᠠᠭᠤᠯᠤᠭᠰᠠᠨ ᠴᠠᠪᠠᠭᠤ ᠪᠠᠷ ᠬᠢᠵᠦ ᠪᠠᠶᠢᠭᠰᠠᠨ᠃ ᠮᠣᠩᠭᠤᠯ ᠳᠠᠷᠬᠠᠴᠤᠳ ︵ᠨᠣᠮᠤ ᠤᠷᠠᠯᠢᠬᠴᠢᠳ︶ ᠤᠨ ᠤᠷᠠᠯᠠᠭᠰᠠᠨ ᠨᠣᠮᠤ ᠨᠢ ᠮᠠᠯ ᠤᠨ ᠭᠠᠷᠤᠯᠲᠠᠢ | ᠲᠦᠭᠦᠬᠡᠢ ᠡᠳ᠋ ᠪᠠᠷ ᠬᠢᠭᠰᠡᠨ ᠪᠠᠶᠢᠳᠠᠭ ᠤᠴᠢᠷ ᠠᠴᠠ ᠬᠠᠯᠠᠭᠤᠨ ᠳᠤ ᠵᠦᠭᠡᠯᠡᠷᠠᠵᠤ᠂ ᠰᠡᠷᠢᠭᠦᠨ ᠳᠤ ᠬᠠᠲᠠᠭᠤᠷᠠᠵᠤ ᠬᠤᠪᠢᠷᠠᠳᠠᠭ᠃ | ︵ᠭᠤᠷᠪᠠ︶ ᠤᠳᠤ ᠦᠶ᠎ᠡ ᠳᠤ᠂ ᠨᠤᠮᠤ ᠬᠢᠬᠦ ᠳᠤ ᠤᠷᠢᠳᠠᠪᠠᠷ ᠳᠠᠩᠰᠠ ᠪᠤᠶᠤ ᠬᠤᠯᠤᠰᠤᠨ ᠮᠤᠳᠦ ᠶᠢ ᠵᠦᠰᠤᠨ᠂ ᠬᠡᠮᠵᠢᠶ᠎ᠡ ᠪᠠᠷ ᠠᠳᠠᠯᠢ ᠬᠤᠶᠠᠷ ᠵᠤᠷᠪᠤᠰ | ᠤᠭᠲᠤᠯᠤᠨ ᠠᠪᠴᠦ ᠵᠤᠷᠭᠤᠨ ᠵᠠᠰᠠᠭᠠᠳ᠂ ᠨᠢᠭᠡ ᠲᠠᠯ᠎ᠠ ᠳᠤ ᠨᠢ ᠲᠡᠭᠦᠨ ᠲᠠᠢ ᠠᠳᠠᠯᠢ ᠵᠠᠰᠠᠭᠰᠠᠨ ᠡᠪᠡᠷ ᠢᠶᠠᠨ ᠵᠢᠭᠠᠰᠤᠨ ᠭᠡᠳᠡᠰᠤ ᠪᠠᠷ ᠬᠢᠭᠰᠡᠨ ᠴᠠᠪᠠᠤ ᠪᠠᠷ | ᠨᠠᠭᠠᠨ᠎ᠠ᠃ ᠡᠨᠡ ᠭᠦ ᠲᠠᠯ᠎ᠠ ᠶᠢ ᠨᠤᠮᠤ ᠶᠢᠨ ᠡᠯᠢᠭᠡ ᠭᠡᠨ᠎ᠡ᠃ ᠨᠦᠭᠦᠭᠡ ᠲᠠᠯ᠎ᠠ ᠳᠤ ᠨᠢ ᠮᠤᠷᠢᠨ ᠤ ᠵᠥ᠋ ᠳᠠᠭᠠᠭᠰᠠᠨ ᠰᠢᠷᠪᠦᠰᠦ ᠶᠢ ᠮᠤᠳᠤᠨ ᠳᠦᠰᠢ ᠳᠡᠭᠡᠷ᠎ᠡ ᠲᠠᠯᠪᠢᠵᠤ | ᠮᠤᠳᠦ ᠪᠠᠷ ᠬᠦᠪᠢᠭᠡᠳ᠂ ᠳᠠᠬᠢᠨ ᠲᠡᠮᠦᠷ ᠳᠦᠰᠢ ᠳᠡᠭᠡᠷ᠎ᠡ ᠲᠠᠯᠪᠢᠵᠤ ᠲᠡᠮᠦᠷ ᠰᠦᠬᠡ ᠪᠠᠷ ᠰᠠᠶᠢᠲᠤᠷ ᠭᠦᠪᠢᠵᠤ ᠨᠠᠷᠢᠨ ᠰᠢᠷᠭᠡᠭ ᠪᠣᠯᠭᠠᠨ ᠵᠢᠭᠠᠰᠤᠨ ᠭᠡᠳᠡᠰᠤᠨ | ᠴᠠᠪᠠᠤ ᠪᠠᠷ ᠭᠤᠷᠪᠠᠨ ᠮᠦᠷ ᠨᠠᠭᠠᠨ᠎ᠠ᠃ ᠡᠨᠡ ᠭᠦ ᠲᠠᠯ᠎ᠠ ᠶᠢ ᠨᠤᠮᠤ ᠶᠢᠨ ᠠᠷᠤ ᠭᠡᠨ᠎ᠡ᠃ ᠲᠡᠭᠦᠨ ᠤ ᠳᠡᠭᠡᠷ᠎ᠡ ᠨᠢ ᠮᠤᠭᠠᠢ ᠶᠢᠨ ᠠᠷᠠᠰᠤ ᠨᠠᠭᠠᠨ᠎ᠠ︔ ᠡᠨᠡ ᠨᠢ | ᠴᠢᠭᠢᠭ ᠠᠴᠠ ᠬᠠᠮᠠᠭᠠᠯᠠᠬᠤ ᠦᠢᠯᠡᠳᠤᠯ ᠲᠠᠢ᠃ ᠢᠩᠬᠢᠭᠡᠳ ᠡᠨᠡ ᠬᠤᠶᠠᠷ ᠤᠨ ᠳᠤᠮᠳᠠᠬᠢ ᠠᠭᠤᠯᠵᠠᠷ ᠲᠤ ᠲᠡᠮᠡᠭᠡᠨ ᠰᠢᠯᠪᠢ ᠪᠤᠶᠤ ᠦᠬᠡᠷ ᠤᠨ ᠰᠢᠯᠪᠢ ᠶᠢᠨ | ᠶᠠᠰᠤ ᠪᠠᠷ ᠪᠠᠷᠢᠭᠤᠯ ᠬᠢᠵᠤ᠂ ᠲᠡᠭᠦᠨ ᠤ ᠭᠠᠳᠠᠭᠤᠷ ᠵᠦᠭᠡᠯᠡᠨ ᠮᠤᠳᠤᠨ ᠦᠷᠦᠪᠳᠡᠰᠦ ᠶᠢ ᠴᠠᠪᠠᠤ ᠲᠠᠢ ᠵᠢᠭᠤᠷᠠᠨ ᠰᠢᠪᠠᠵᠤ᠂ ᠬᠤᠶᠠᠷ ᠦᠵᠤᠭᠦᠷ ᠲᠤ ᠨᠢ ᠤᠯᠠᠭᠠᠨ | ᠬᠤᠰᠤ ᠪᠠᠷ ᠬᠢᠭᠰᠡᠨ ᠬᠢᠴᠢᠷ ᠵᠠᠯᠭᠠᠨ᠎ᠠ︔ ᠪᠤᠭᠤᠨ ᠡᠪᠡᠷ ᠤᠨ ᠰᠠᠭᠤᠷᠢ ᠪᠠᠷ ᠦᠨᠳᠤᠷ ᠨᠢ 15cm᠂ ᠤᠷᠲᠤ ᠨᠢ 5~6cm ᠤᠨ ᠶᠤᠸᠠᠮᠪᠤᠤ ᠬᠡᠯᠪᠡᠷᠢᠲᠠᠢ | ᠲᠡᠪᠭᠡ ᠦᠢᠯᠡᠳᠴᠦ᠂ ᠬᠤᠶᠠᠷ ᠲᠠᠯ᠎ᠠ ᠳᠤ ᠨᠢ ᠨᠦᠬᠡᠯᠡᠵᠤ᠂ ᠨᠤᠮᠤ ᠶᠢᠨ ᠡᠯᠢᠭᠡᠨ ᠲᠠᠯ᠎ᠠ ᠳᠤ ᠬᠢᠴᠢᠷ ᠤᠨ ᠤᠭ ᠲᠤ ᠨᠢ ᠤᠶᠠᠨ᠎ᠠ᠃ ᠲᠡᠭᠡᠭᠡᠳ ᠨᠤᠮᠤᠨ ᠳᠡᠭᠡᠷ᠎ᠡ ᠪᠠᠨ | ᠬᠡ ᠤᠭᠠᠯᠵᠠ ᠰᠠᠶᠢᠯᠳᠡᠭ᠃ [2] | ᠭᠤᠷᠪᠠ᠂ ᠣᠯᠠᠮᠵᠢᠯᠠᠯᠲᠣ ᠨᠣᠮᠤ ᠰᠣᠮᠣ ᠶᠢᠨ ᠬᠠᠷᠪᠤᠵᠤ ᠨᠠᠮᠨᠠᠬᠤ ᠶᠤᠰᠤᠨ | ︵ᠨᠢᠭᠡ︶ ᠬᠠᠷᠪᠤᠵᠤ ᠨᠠᠮᠨᠠᠬᠤ ᠲᠦᠷᠦᠯ ᠵᠦᠢᠯ | 1. ᠶᠠᠪᠠᠭᠠᠨ ᠢᠶᠠᠷ ᠬᠠᠷᠪᠤᠬᠤ | ︵1︶ ᠰᠠᠷᠠᠨ ᠫᠠᠢ ᠬᠠᠷᠪᠤᠬᠤ ᠮᠦᠷᠦ᠋ᠢᠴᠡᠭᠡᠨ ᠪᠤᠯ ᠡᠷᠲᠡᠨ ᠤ ᠮᠣᠩᠭᠤᠯ ᠦᠨᠳᠦᠰᠦᠲᠡᠨ ᠤ ᠠᠯᠠᠭ ᠦᠬᠡᠷ ᠤᠨ ᠠᠷᠠᠰᠤ ᠬᠠᠷᠪᠤᠬᠤ ᠮᠦᠷᠦ᠋ᠢᠴᠡᠭᠡᠨ ᠠᠴᠠ | ᠤᠯᠠᠷᠢᠨ ᠬᠦᠭᠵᠢᠵᠤ ᠢᠷᠡᠵᠡᠢ︔ ᠦᠬᠡᠷ ᠤᠨ ᠠᠷᠠᠰᠤ ᠨᠢ ᠲᠡᠯᠡᠵᠤ ᠪᠤᠰᠬᠠᠬᠤ ᠪᠠ ᠠᠪᠴᠤ ᠶᠠᠪᠤᠬᠤ ᠳᠤ ᠳᠦᠭᠦᠮ ᠦᠭᠡᠢ ᠲᠤᠯᠠ ᠰᠠᠷᠠᠨ ᠫᠠᠢ ᠶᠢ ᠡᠭᠦᠳᠴᠡᠢ᠃ | [3] | ︵2︶ ᠬᠤᠯᠠ ᠶᠢᠨ ᠬᠠᠷᠪᠤᠯᠲᠠ ᠪᠤᠯ ᠮᠣᠩᠭᠤᠯ ᠦᠨᠳᠦᠰᠦᠲᠡᠨ ᠤ ᠡᠷᠲᠡᠨ ᠤ ᠦᠶ᠎ᠡ ᠳᠤ ᠤᠯᠠᠮᠵᠢᠯᠠᠭᠳᠠᠵᠤ ᠪᠠᠶᠢᠠᠭᠰᠠᠨ ᠨᠢᠭᠡᠨ ᠵᠦᠢᠯ ᠤᠨ ᠡᠷ᠎ᠡ ᠶᠢᠨ | ᠴᠢᠳᠠᠯ ᠢ ᠰᠢᠯᠭᠠᠷᠠᠭᠤᠯᠬᠤ ᠮᠦᠷᠦ᠋ᠢᠴᠡᠭᠡᠨ ᠮᠦᠨ᠃ ᠲᠤᠰ ᠮᠦᠷᠦ᠋ᠢᠴᠡᠭᠡᠨ ᠳᠤ ᠭᠤᠤᠯᠳᠠᠭᠤ ᠡᠷᠡᠴᠤᠳ ᠤᠨ ᠨᠤᠮᠤ ᠲᠠᠲᠠᠬᠤ ᠬᠦᠴᠤᠨ ᠴᠢᠳᠠᠯ ᠢ ᠰᠢᠯᠭᠠᠷᠠᠭᠤᠯᠬᠤ | ᠲᠤᠯᠠ ᠠᠯᠢ ᠬᠤᠯᠠ ᠬᠠᠷᠪᠤᠵᠤ ᠤᠨᠤᠬᠤ ᠪᠠᠷ ᠮᠦᠷᠦ᠋ᠢᠴᠡᠳᠡᠭ᠃ ᠡᠭᠦᠨ ᠤ ᠲᠤᠬᠠᠢ ᠴᠢᠩᠬᠢᠰ ᠤᠨ ᠴᠢᠯᠠᠭᠤᠨ ᠪᠢᠴᠢᠭ ᠲᠤ ᠬᠢ ᠶᠢᠰᠤᠬᠡᠢ ᠮᠡᠷᠭᠡᠨ 335 | ᠠᠯᠳᠠ ᠶᠢᠨ ᠭᠠᠵᠠᠷ ᠤᠨ ᠬᠠᠷᠪᠤᠭᠤᠯ ᠬᠠᠷᠪᠤᠵᠤ ᠣᠨᠣᠭᠰᠡᠨ ᠶᠠᠪᠤᠳᠠᠯ ᠪᠤᠯ ᠨᠢᠭᠡᠨ ᠭᠡᠷᠡᠴᠢ ᠪᠠᠷᠢᠮᠲᠠ ᠮᠦᠨ᠃ [4] | 2. ᠬᠦᠯᠦᠭ ᠳᠤᠪᠲᠤᠯᠭᠠᠨ ᠳᠠᠪᠬᠢᠵᠤ ᠬᠠᠷᠪᠤᠬᠤ | ︵1︶ ᠤᠳᠠ ᠬᠠᠷᠪᠤᠬᠤ ᠪᠤᠯ ᠡᠷᠲᠡ ᠳᠡᠭᠡᠷ᠎ᠡ ᠦᠶ᠎ᠡ ᠶᠢᠨ ᠶᠠᠪᠠᠭᠠᠨ ᠢᠶᠠᠷ ᠤᠳᠠ ᠬᠠᠷᠪᠤᠬᠤ ᠨᠠᠭᠠᠳᠤᠮ ᠢ ᠭᠦᠯᠦᠭ ᠤᠨ ᠨᠢᠷᠤᠭᠤᠨ ᠳᠡᠭᠡᠷ᠎ᠡ | ᠰᠢᠯᠵᠢᠭᠦᠯᠤᠭᠡᠳ ᠭᠦᠯᠦᠭ ᠤᠨ ᠵᠠᠰᠠᠯ᠂ ᠡᠷ᠎ᠡ ᠶᠢᠨ ᠮᠡᠷᠭᠡᠨ ᠢ ᠰᠢᠯᠭᠠᠷᠠᠭᠤᠯᠤᠭᠰᠠᠨ ᠨᠠᠭᠠᠳᠤᠮ ᠶᠤᠮ᠃ ᠲᠤᠰ ᠵᠦᠢᠯ ᠤᠨ ᠨᠠᠭᠠᠳᠤᠮ ᠤᠨ ᠬᠡᠯᠪᠡᠷᠢ ᠨᠢ ᠮᠦᠨ ᠴᠤ | ᠮᠣᠩᠭᠤᠯ ᠤᠨ ᠳᠡᠭᠡᠳᠤ ᠰᠢᠶᠠᠨᠪᠢ ᠠᠶᠢᠮᠠᠭ ᠤᠨ ᠦᠶ᠎ᠡ ᠠᠴᠠ ᠤᠯᠠᠮᠵᠢᠯᠠᠵᠤ᠂ ᠬᠢᠳᠠᠨ ᠪᠤᠯᠤᠨ ᠠᠯᠲᠠᠨ ᠤᠯᠤᠰ ᠤᠨ ᠦᠶ᠎ᠡ ᠳᠤ ᠲᠡᠤᠬᠡ ᠪᠢᠴᠢᠭ ᠲᠤ ᠲᠡᠮᠳᠡᠭᠯᠡᠭᠳᠡᠨ | ᠦᠯᠡᠳᠡᠭᠰᠡᠨ ᠬᠦᠷᠦᠩᠭᠡ ᠪᠤᠯᠤᠨ᠎ᠠ᠃ [5] | ︵2︶ ᠪᠦᠮᠪᠦᠭᠡ ᠨᠠᠮᠨᠠᠬᠤ ᠨᠢ ᠳᠦᠴᠢᠨ ᠲᠠᠪᠤᠨ ᠠᠯᠳᠠ ᠭᠠᠵᠠᠷ ᠢ ᠭᠤᠷᠪᠠ ᠬᠤᠪᠢᠶᠠᠵᠤ᠂ ᠠᠷᠪᠠᠨ ᠲᠠᠪᠤᠨ ᠠᠯᠳᠠ ᠭᠠᠵᠠᠷ ᠲᠤ ᠨᠢᠭᠡᠨ ᠪᠦᠮᠪᠦᠭᠡ ᠶᠢ | ᠮᠤᠷᠢ ᠲᠠᠢ ᠬᠦᠮᠦᠨ ᠤ ᠵᠡᠷᠭᠡᠯᠡᠭᠡ ᠪᠠᠷ ᠴᠤᠪᠤᠷᠠᠭᠤᠯᠤᠨ ᠭᠤᠷᠪᠠ ᠪᠤᠰᠬᠠᠨ᠎ᠠ᠂ ᠡᠭᠦᠨ ᠢ ᠬᠡᠳᠦᠨ ᠠᠯᠬᠤᠮ ᠤᠨ ᠵᠠᠢ ᠲᠠᠢ ᠱᠤᠭᠤᠮ ᠢᠶᠠᠷ ᠮᠤᠷᠢᠨ ᠤ ᠬᠤᠷᠳᠤᠨ | ᠭᠦᠶᠤᠳᠡᠯ ᠢᠶᠠᠷ ᠬᠦᠮᠤᠨ ᠪᠦᠷᠢ ᠭᠤᠷᠪᠠᠨ ᠪᠤᠭᠤᠨᠢ ᠮᠤᠳᠤᠨ ᠰᠤᠮᠤ ᠪᠠᠷ ᠬᠠᠷᠪᠤᠵᠤ ᠦᠩᠭᠡᠷᠡᠬᠦ ᠳᠤ ᠪᠠᠨ ᠭᠤᠷᠪᠠ ᠬᠤᠶᠠᠷ ᠪᠠ ᠨᠢᠭᠡ ᠪᠦᠮᠪᠦᠭᠡ ᠶᠢ ᠤᠨᠤᠭᠠᠭᠰᠠᠨ | ᠬᠦᠮᠤᠨ ᠢ ᠱᠠᠩᠨᠠᠯ ᠳᠤ ᠤᠷᠤᠭᠤᠯᠳᠠᠭ᠃ [6] | ︵ᠬᠤᠶᠠᠷ︶ ᠮᠣᠩᠭᠤᠯ ᠦᠨᠳᠦᠰᠦᠲᠡᠨ ᠤ ᠣᠯᠠᠮᠵᠢᠯᠠᠯᠲᠣ ᠨᠣᠮᠤ ᠰᠣᠮᠣ ᠶᠢᠨ ᠬᠠᠷᠪᠤᠵᠤ ᠨᠠᠮᠨᠠᠬᠤ ᠳᠦᠷᠢᠮ ᠶᠤᠰᠤᠨ | ᠬᠠᠷᠪᠤᠯᠲᠠ ᠶᠢᠨ ᠬᠢᠷᠢ ᠪᠦᠲᠦᠮᠵᠢ ᠶᠢ ᠪᠤᠳᠤᠬᠤ ᠳᠤ ᠰᠠᠷᠠᠨ ᠫᠠᠢ ᠶᠢᠨ ᠭᠤᠤᠯ ︵ᠨᠠᠷᠠᠨ ᠭᠤᠤᠯ︶ ᠢ ᠤᠨᠤᠭᠠᠪᠠᠯ᠂ ᠲᠠᠪᠤᠨ ᠬᠤᠪᠢ ᠲᠡᠮᠳᠡᠭᠯᠡᠵᠤ᠂ | ᠲᠠᠯᠠᠪᠠᠢ ᠳᠤ ᠪᠠᠶᠢᠭ᠎ᠠ ᠤᠷᠤᠯᠴᠠᠬᠴᠢᠳ ᠪᠠ ᠦᠵᠡᠭᠴᠢᠳ ᠤᠤᠬᠠᠶᠢᠯᠠᠨ ᠬᠠᠰᠭᠢᠷᠳᠠᠭ᠃ ᠲᠡᠭᠦᠨ ᠤ ᠭᠠᠳᠠᠨᠠᠬᠢ ᠨᠢ ᠳᠦᠷᠪᠡᠨ ᠬᠤᠪᠢ᠂ ᠭᠤᠷᠪᠠᠳᠤᠭᠠᠷ ᠴᠠᠭᠠᠷᠢᠭ ᠨᠢ | ᠭᠤᠷᠪᠠᠨ ᠬᠤᠪᠢ᠂ ᠳᠦᠷᠪᠡᠳᠦᠭᠡᠷ ᠴᠠᠭᠠᠷᠢᠭ ᠨᠢ ᠬᠤᠶᠠᠷ ᠬᠤᠪᠢ᠂ ᠬᠠᠮᠤᠭ ᠤᠨ ᠭᠠᠳᠠᠨᠠᠬᠢ ᠨᠢ ᠨᠢᠭᠡ ᠬᠤᠪᠢ᠃ ᠬᠡᠷᠪᠡ ᠬᠠᠷᠪᠤᠯᠲᠠ ᠶᠢᠨ ᠳᠤᠮᠳᠠ ᠰᠤᠮᠤ ᠨᠢ ᠫᠠᠢ | ᠳᠡᠭᠡᠷ᠎ᠡ ᠲᠤᠰᠤᠭᠠᠳ ᠬᠤᠶᠠᠷ ᠴᠠᠭᠠᠷᠢᠭ ᠤᠨ ᠳᠤᠮᠳᠠ ᠬᠠᠪᠴᠢᠬᠳᠠᠬᠤ ᠪᠤᠶᠤ ᠴᠠᠭᠠᠷᠢᠭ ᠢ ᠤᠨᠠᠭᠠᠵᠤ ᠳᠡᠶᠢᠯᠬᠦ ᠦᠭᠡᠢ ᠪᠤᠯ ᠭᠠᠳᠠᠨᠠᠬᠢ ᠴᠠᠭᠠᠷᠢᠭ ᠤᠨ ᠬᠤᠪᠢ ᠪᠠᠷ | ᠪᠤᠳᠤᠨ᠎ᠠ᠃[7] | ᠣᠳᠣ ᠪᠣᠯ ᠲᠣᠭᠲᠠᠭᠰᠠᠨ ᠬᠡᠮᠵᠢᠶ᠎ᠡ ᠠᠴᠠ ︵ᠡᠷᠡᠭᠲᠡᠢ ᠡᠮᠡᠭᠲᠡᠢ ᠶᠢᠨ 30 ᠮᠧᠳ᠋ᠷ ᠪᠤᠶᠤ 40 ᠮᠧᠲᠷ᠂ ᠡᠷᠡᠭᠲᠡᠢ ᠬᠡᠦᠬᠡᠳ ᠨᠠᠰᠤᠨ ᠤ 4 ᠮᠧᠳ᠋ᠷ᠂ ᠡᠮᠡᠭᠲᠡᠢ | ᠬᠡᠦᠬᠡᠳ ᠨᠠᠰᠤᠨ ᠤ 3 ᠮᠧᠲᠷ︶ ᠰᠠᠷᠠᠨ ᠫᠠᠢ᠂ ᠪᠦᠯᠥᠩᠬᠡ ᠵᠡᠷᠭᠡ ᠶᠢ ᠬᠠᠷᠪᠤᠳᠠᠭ᠃ | ᠡᠮᠤᠰᠬᠡᠯ ᠵᠠᠰᠠᠯ ᠤᠨ ᠬᠤᠪᠢ ᠠᠴᠠ ᠠᠪᠴᠤ ᠦᠵᠡᠪᠡᠯ᠂ ᠦᠨᠳᠦᠰᠦᠲᠡᠨ ᠤ ᠰᠤᠷ ᠬᠠᠷᠪᠤᠭ᠎ᠠ ᠶᠢ ᠬᠠᠷᠪᠣᠳᠠᠭ ᠬᠦᠮᠦᠨ ᠪᠦᠷ ᠤᠯᠠᠮᠵᠢᠯᠠᠯᠲᠤ ᠮᠣᠩᠭᠤᠯ ᠳᠡᠪᠡᠯ᠂ | ᠮᠤᠩᠭᠤᠯ ᠮᠠᠯᠠᠭᠠᠢ᠂ ᠭᠤᠲᠤᠯ ᠡᠮᠦᠰᠬᠦ ᠶᠢᠨ ᠬᠠᠮᠲᠤ ᠲᠤᠬᠤᠢ ᠶᠢᠨ ᠪᠣᠭᠤᠯᠲᠠ ︵ᠬᠠᠨᠴᠤᠢ ᠪᠠᠨ ᠣᠷᠢᠶᠠᠵᠤ ᠪᠣᠭᠤᠳᠠᠭ ᠰᠣᠷ ᠪᠣᠶᠤ ᠤᠳᠠᠰᠤ︶᠂ ᠰᠣᠷ | ᠬᠠᠷᠪᠤᠬᠤ ᠪᠠᠷ ᠵᠣᠭᠰᠤᠭᠠᠯ ᠳᠡᠭᠡᠷ᠎ᠡ ᠣᠴᠢᠬᠤ ᠳᠤ ᠪᠠᠨ ᠬᠠᠷᠪᠤᠬᠤ ᠰᠣᠮᠤ ᠪᠠᠨ ᠳᠣᠭᠲᠠᠭᠠᠬᠤ ᠪᠦᠰᠡ ᠬᠡᠷᠡᠭᠯᠡᠨ᠎ᠡ᠃ | ︵ᠭᠤᠷᠪᠠ︶ ᠮᠣᠩᠭᠤᠯ ᠦᠨᠳᠦᠰᠦᠲᠡᠨ ᠤ ᠣᠯᠠᠮᠵᠢᠯᠠᠯᠲᠣ ᠨᠣᠮᠤ ᠰᠣᠮᠣ ᠶᠢᠨ ᠬᠠᠷᠪᠤᠵᠤ ᠨᠠᠮᠨᠠᠬᠤ ᠴᠡᠭᠡᠷ ᠶᠤᠰᠤ | ᠨᠣᠮᠤ ᠰᠣᠮᠤ ᠨᠢ ᠴᠠᠴᠠ ᠮᠡᠷᠭᠡᠨ ᠦᠵᠡᠵᠦ ᠣᠨᠤᠵᠤ ᠬᠠᠷᠪᠤᠬᠤ ᠶᠢᠨ ᠬᠠᠮᠲᠤ ᠬᠠᠷᠪᠤᠭᠠᠴᠢᠳ ᠨᠢ ᠪᠡᠶ᠎ᠡ ᠪᠡᠶ᠎ᠡ ᠪᠠᠨ ᠬᠦᠨᠳᠦᠳᠭᠡᠬᠦ᠂ ᠠᠬᠠᠮᠠᠳ | ᠬᠠᠷᠪᠤᠭᠠᠴᠢᠳ ᠤᠨ ᠦᠭᠡ ᠰᠤᠷᠭᠠᠯ ᠢ ᠰᠣᠨᠤᠰᠬᠤ᠂ ᠠᠬᠠᠮᠠᠳ ᠪᠤᠶᠤ ᠵᠡᠷᠭᠡ ᠴᠤᠯᠠ ᠲᠠᠢ ᠬᠦᠮᠦᠰ ᠢᠶᠠᠨ ᠬᠦᠨᠳᠦᠳᠬᠡᠨ ᠠᠶᠢᠯ ᠳᠤ ᠣᠷᠤᠭᠠᠳ ᠰᠠᠭᠤᠬᠤ ᠳᠤ ᠪᠠᠨ | ᠬᠦᠷᠲᠡᠯ᠎ᠡ ᠴᠤᠯᠠ ᠶᠢᠨ ᠲᠠᠷᠠᠭᠠᠯᠠᠯ ᠢᠶᠠᠷ ᠰᠠᠭᠤᠨ᠎ᠠ᠂ ᠲᠤᠬᠠᠶᠢᠯᠠᠪᠠᠯ᠄ ᠮᠡᠷᠭᠡᠨ ᠴᠤᠯᠠ ᠲᠠᠢ ᠬᠦᠮᠦᠰ ᠤᠨ ᠳᠠᠷᠠᠭ᠎ᠠ ᠰᠫᠣᠷᠲ ᠤᠨ ᠮᠠᠰᠲ᠋ᠧᠷ᠂ ᠲᠡᠭᠦᠨ ᠤ ᠳᠠᠷᠠᠭ᠎ᠠ | ᠠᠶᠢᠮᠠᠭ ᠰᠣᠮᠤ ᠶᠢᠨ ᠮᠡᠷᠭᠡᠴᠤᠳ ᠵᠡᠷᠭᠡ ᠬᠠᠷᠪᠤᠭᠠᠴᠢᠳ ᠤᠨ ᠰᠠᠭᠤᠬᠤ ᠵᠢᠱᠢᠶ᠎ᠡ ᠲᠠᠢ᠃ ᠬᠡᠨ ᠴᠦ ᠱᠠᠭᠠᠷᠳᠠᠭ᠎ᠠ ᠦᠭᠡᠢ ᠡᠨᠡ ᠭᠦ᠋ ᠲᠢᠭ ᠵᠢᠷᠤᠮ ᠨᠢ ᠡᠷᠲᠡ ᠳᠡᠭᠡᠷ᠎ᠡ | ᠦᠶ᠎ᠡ ᠠᠴᠠ ᠦᠨᠦᠳᠦᠷ ᠲᠤ ᠬᠦᠷᠲᠡᠯ᠎ᠡ ᠤᠯᠠᠮᠵᠢᠯᠠᠭᠳᠠᠨ᠂ ᠬᠡᠦᠬᠡᠳ ᠵᠠᠯᠠᠭᠤᠴᠤᠳ ᠮᠦᠷᠳᠡᠨ ᠬᠡᠷᠡᠭᠵᠢᠭᠦᠯᠵᠦ ᠪᠠᠶᠢᠭ᠎ᠠ ᠨᠢ ᠵᠠᠩ ᠶᠣᠰᠤ ᠰᠤᠷᠲᠠᠬᠤᠨ ᠢ ᠲᠦᠯᠦᠪᠰᠢᠯ | ᠣᠯᠭᠤᠬᠤ ᠳᠤ ᠴᠢᠬᠤᠯᠠ ᠡᠭᠦᠷᠭᠡ ᠶᠢ ᠬᠦᠢᠴᠡᠳᠬᠡᠵᠦ ᠢᠷᠡᠵᠡᠢ᠃ | ᠡᠷᠲᠡ ᠳᠡᠭᠡᠷ᠎ᠡ ᠦᠶ᠎ᠡ ᠠᠴᠠ ᠠᠭᠤᠯᠠ ᠣᠪᠤᠭᠠᠨ ᠤ ᠲᠠᠬᠢᠯᠭ᠎ᠠ᠂ ᠮᠣᠩᠭᠤᠯ ᠤᠨ ᠣᠯᠠᠮᠵᠢᠯᠠᠯᠲᠤ ᠴᠠᠭᠠᠨ ᠰᠠᠷ᠎ᠠ ᠳᠤ ᠭᠡᠷ ᠤᠨ ᠲᠣᠭᠤᠨᠣ ᠪᠠᠷ ᠰᠣᠷ ᠬᠠᠷᠪᠣᠵᠤ | ᠲᠤᠬᠠᠢ ᠶᠢᠨ ᠠᠶᠢᠯ ᠡᠷᠦᠬᠡ ᠶᠢᠨ ᠰᠢᠨ᠎ᠡ ᠣᠨ ᠳᠤ ᠪᠠᠨ ᠠᠵᠠ ᠵᠢᠷᠭᠠᠯᠲᠠᠢ᠂ ᠣᠯᠵᠠ ᠣᠮᠤᠭ ᠲᠠᠢ᠂ ᠡᠷᠡᠭᠦᠯ ᠡᠩᠬᠡ ᠪᠠᠶᠢᠬᠤ ᠶᠢ ᠪᠡᠯᠭᠡᠳᠡᠨ᠂ ᠮᠠᠭᠤ ᠮᠠᠭᠤᠬᠠᠢ | ᠪᠦᠬᠦᠨ ᠢ ᠬᠦᠭᠡᠭᠡᠨ ᠵᠠᠶᠢᠯᠠᠭᠤᠯᠳᠠᠭ ᠵᠠᠩ ᠦᠢᠯᠡ ᠲᠠᠢ ᠪᠠᠶᠢᠭᠰᠠᠨ ᠶᠤᠮ᠃ ᠡᠨᠡ ᠵᠠᠩᠰᠢᠯ ᠣᠳᠣ ᠴᠦ ᠦᠷᠭᠦᠯᠵᠢᠯᠡᠨ ᠣᠯᠠᠮᠵᠢᠯᠠᠭᠳᠠᠵᠣ ᠪᠠᠶᠢᠨ᠎ᠠ᠃ ᠮᠦᠨ ᠠᠶᠢᠯ | ᠭᠡᠷ ᠲᠤ ᠵᠢᠪᠠᠷ ᠡᠷᠭᠦᠬᠦ᠂ ᠮᠠᠭᠤ ᠮᠠᠭᠤᠬᠠᠢ ᠶᠢ ᠵᠠᠶᠢᠯᠠᠭᠤᠯᠬᠤ᠂ ᠠᠵᠠ ᠵᠢᠷᠭᠠᠯ ᠢ ᠠᠪᠴᠢᠷᠠᠬᠤ ᠰᠢᠳᠢ ᠲᠠᠢ ᠭᠡᠵᠦ ᠦᠵᠡᠵᠦ᠂ ᠭᠡᠷ ᠲᠤ ᠪᠠᠨ ᠨᠣᠮᠤ ᠰᠤᠮᠤ ᠵᠠᠯᠠᠬᠤ | ᠶᠣᠰᠤ ᠶᠢ ᠡᠷᠬᠢᠮᠯᠡᠬᠦ ᠨᠢ ᠵᠢᠯ ᠠᠴᠠ ᠵᠢᠯ ᠳᠤ ᠨᠡᠮᠡᠭᠳᠡᠵᠦ ᠪᠠᠶᠢᠨ᠎ᠠ᠃ ᠰᠡᠭᠦᠯ ᠤᠨ ᠦᠶ᠎ᠡ ᠳᠤ ᠵᠠᠯᠠᠭᠤᠴᠤᠳ ᠡᠷᠲᠡᠨ ᠤ ᠤᠯᠠᠮᠵᠢᠯᠠᠯᠲᠤ ᠵᠠᠩ ᠵᠠᠩᠰᠢᠯ ᠢᠶᠠᠷ | ᠭᠡᠷ ᠲᠤ ᠪᠠᠨ ᠮᠣᠷᠢᠨ ᠬᠤᠭᠤᠷ᠂ ᠨᠣᠮᠤ ᠰᠤᠮᠤ ᠶᠢ ᠬᠦᠨᠳᠦᠲᠡᠢ ᠭᠠᠵᠠᠷ ᠢᠶᠠᠨ ᠪᠠᠶᠢᠷᠢᠯᠠᠭᠤᠯᠵᠣ᠂ ᠴᠠᠭᠠᠨ ᠰᠠᠷ᠎ᠠ᠂ ᠦᠨᠳᠦᠰᠦᠲᠡᠨ ᠤ ᠤᠯᠠᠮᠵᠢᠯᠠᠯᠲᠤ ᠪᠠᠶᠠᠷ | ᠨᠠᠭᠠᠳᠤᠮ ᠢᠶᠠᠷ ᠬᠦᠨᠳᠦᠳᠭᠡᠯ ᠦᠵᠡᠭᠦᠯᠵᠦ ᠪᠢᠰᠢᠷᠡᠨ ᠰᠢᠳᠦᠳᠡᠭ ᠵᠠᠩ ᠦᠢᠯᠡ ᠲᠠᠯᠭᠡᠷᠡᠵᠦ ᠪᠠᠶᠢᠭ᠎ᠠ ᠨᠢ ᠤᠯᠮᠠᠵᠢᠯᠠᠯᠲᠤ ᠰᠣᠶᠤᠯ ᠢ ᠰᠤᠷᠤᠯᠴᠠᠵᠤ ᠲᠠᠯᠭᠡᠷᠡᠭᠦᠯᠵᠤ | ᠪᠠᠶᠢᠭ᠎ᠠ ᠶᠢᠨ ᠢᠯᠡᠷᠡᠯ ᠮᠦᠨ᠃ | ᠳᠦᠷᠪᠠ᠂ ᠣᠯᠠᠮᠵᠢᠯᠠᠯᠲᠣ ᠨᠣᠮᠤ ᠰᠣᠮᠣ ᠶᠢᠨ ᠬᠦᠭᠵᠢᠯᠲᠡ ᠶᠢᠨ ᠬᠠᠨᠳᠤᠰᠢ | ᠮᠣᠩᠭᠤᠯ ᠦᠨᠳᠦᠰᠦᠲᠡᠨ ᠤ ᠣᠯᠠᠮᠵᠢᠯᠠᠯᠲᠣ ᠨᠣᠮᠤ ᠰᠣᠮᠣ ᠨᠢ ᠮᠤᠩᠭᠤᠯᠴᠤᠳ ᠤᠨ ᠠᠮᠢᠳᠤᠷᠠᠯ ᠤᠨ ᠴᠢᠬᠤᠯᠠ ᠪᠠᠭᠠᠵᠢ ᠬᠡᠷᠡᠭᠰᠡᠯ ᠪᠠᠶᠢᠵᠤ᠂ ᠠᠩ ᠭᠦᠷᠤᠭᠡ | ᠬᠢᠵᠤ ᠠᠳᠠᠯ ᠠᠮᠢᠳᠤᠷᠠᠯ ᠤᠨ ᠬᠡᠷᠡᠭᠴᠡᠭᠡ ᠪᠠᠨ ᠬᠠᠩᠭᠠᠵᠤ᠂ ᠳᠠᠶᠢᠨ ᠤ ᠵᠡᠪᠰᠡᠭ ᠪᠤᠯᠵᠤ ᠳᠠᠶᠢᠰᠤᠨ ᠢ ᠬᠤᠯᠠ ᠠᠴᠠ ᠬᠠᠷᠪᠤᠵᠤ ᠠᠯᠠᠨ᠂ ᠦᠪᠡᠷ ᠤᠨ ᠴᠡᠷᠢᠭ ᠢᠶᠠᠨ | ᠵᠤᠬᠢᠬᠤ ᠬᠡᠮᠵᠢᠶ᠎ᠡ ᠪᠠᠷ ᠬᠠᠮᠠᠭᠠᠯᠠᠵᠤ ᠴᠢᠳᠠᠭᠰᠠᠨ ᠪᠠᠶᠢᠳᠠᠭ᠃ ᠨᠡᠶᠢᠭᠡᠮ ᠤᠨ ᠪᠠᠶᠢᠳᠠᠯ ᠡᠩᠬᠡ ᠲᠠᠶᠢᠪᠥᠩ ᠪᠤᠯᠤᠭᠰᠠᠨ ᠤ ᠳᠠᠷᠠᠭ᠎ᠠ ᠨᠤᠮᠤ ᠰᠤᠮᠤ ᠶᠢ ᠴᠦᠭᠡᠨ ᠲᠤᠭᠠᠨ ᠤ | ᠬᠦᠮᠤᠨ ᠦᠪᠯᠡᠵᠤ ᠤᠯᠠᠮᠵᠢᠯᠠᠭᠰᠠᠨ ᠪᠠᠶᠢᠨ᠎ᠠ᠃ ᠢᠡᠭᠬᠢᠭᠡᠳ ᠤᠯᠠᠮᠵᠢᠯᠠᠯᠲᠤ ᠪᠡᠶ᠎ᠡ ᠶᠢᠨ ᠲᠠᠮᠢᠷ ᠤᠨ ᠵᠦᠢᠯ ᠪᠤᠯᠵᠤ᠂ ᠡᠨᠡ ᠭᠦ ᠦᠢᠯᠠᠰ ᠢ ᠪᠠᠳᠠᠷᠠᠭᠤᠯᠤᠨ | ᠬᠦᠭᠵᠢᠭᠦᠯᠬᠦ ᠳᠤ ᠨᠤᠮᠤ ᠰᠤᠮᠤ ᠶᠢᠨ ᠤᠷᠮ᠎ᠠ ᠪᠠᠭ᠋ᠠᠳᠠᠳ ᠬᠤᠪᠢ ᠬᠤᠪᠢᠨ ᠤ ᠨᠡᠮᠡᠷᠢ ᠪᠠᠨ ᠦᠵᠡᠭᠦᠯᠵᠤ ᠪᠠᠶᠢᠨ᠎ᠠ᠃ ᠤᠳᠤ ᠶᠡᠭᠡ ᠪᠠᠭ᠎ᠠ ᠨᠠᠶᠢᠷ ᠨᠠᠭᠠᠳᠤᠮ ᠳᠤ ᠨᠤᠮᠤ | ᠰᠤᠮᠤ ᠤᠷᠤᠯᠳᠤᠨ᠂ ᠴᠦᠭᠡᠨ ᠲᠤᠭᠠᠲᠤ ᠦᠨᠳᠤᠰᠤᠲᠡᠨ ᠤ ᠪᠡᠶ᠎ᠡ ᠶᠢᠨ ᠲᠠᠮᠢᠷ ᠤᠨ ᠮᠦᠷᠦ᠋ᠢᠴᠡᠭᠡᠨ ᠳᠤ ᠦᠵᠡᠭᠦᠯᠭᠡ ᠶᠢᠨ ᠲᠦᠷᠤᠯ ᠵᠦᠢᠯ ᠢᠶᠠᠷ ᠤᠷᠤᠵᠤ᠂ ᠮᠦᠨ | ᠴᠤ ᠪᠦᠬᠦ ᠤᠷᠤᠨ ᠤ ᠪᠡᠶ᠎ᠡ ᠶᠢᠨ ᠲᠠᠮᠢᠷ ᠤᠨ ᠮᠦᠷᠦ᠋ᠢᠴᠡᠭᠡᠨ ᠳᠤ ᠤᠯᠠᠨ ᠲᠦᠮᠡᠨᠴᠢ ᠲᠠᠮᠢᠷ ᠤᠨ ᠳᠤᠭᠤᠶᠢᠯᠠᠩ ᠤᠨ ᠲᠦᠷᠤᠯ ᠵᠦᠢᠯ ᠢᠶᠠᠷ ᠤᠷᠤᠬᠰᠠᠨ ᠪᠠᠶᠢᠨ᠎ᠠ᠃ | ᠡᠷ᠎ᠡ ᠶᠢᠨ ᠭᠤᠷᠪᠠᠨ ᠨᠠᠭᠠᠳᠤᠮ ᠤᠨ ᠨᠢᠭᠡ ᠪᠤᠯᠤᠭᠰᠠᠨ ᠨᠤᠮᠤ ᠰᠤᠮᠤ ᠨᠢ ᠤᠳᠤ ᠶᠢᠨ ᠮᠤᠩᠭᠤᠯ ᠦᠨᠳᠤᠰᠤᠲᠡᠨ ᠤ ᠳᠤᠮᠳᠠ ᠦᠷᠭᠡᠨ ᠢᠶᠠᠷ ᠲᠠᠷᠬᠠᠭᠠᠭᠳᠠᠵᠤ᠂ | ᠶᠡᠭᠡ ᠪᠠᠭ᠎ᠠ ᠨᠠᠶᠢᠷ ᠭᠡᠰᠡᠨ ᠦᠭᠡᠢ ᠪᠦᠭᠦᠳᠡ ᠢᠳᠡᠪᠬᠢᠲᠠᠢ ᠦᠷᠨᠢᠭᠦᠯᠵᠤ᠂ ᠨᠤᠮᠤ ᠰᠤᠮᠤ ᠶᠢᠨ ᠤᠷᠤᠯᠳᠤᠭᠠᠨ ᠳᠤ ᠣᠷᠣᠯᠴᠠᠬᠤ ᠬᠦᠮᠦᠨ ᠴᠦ ᠤᠯᠠᠮ ᠢᠶᠠᠷ | ᠤᠯᠠᠰᠢᠷᠠᠵᠤ ᠪᠠᠶᠢᠨ᠎ᠠ᠃ | ᠵᠡᠭᠦᠯᠲᠡ᠄ | [1][2][7] ᠬᠡᠷᠡᠶᠢᠳ ᠪᠠᠬᠢᠪᠠᠲᠦ᠂ ︽ᠮᠣᠩᠭᠤᠯ ᠨᠠᠭᠠᠳᠤᠮ ᠤᠨ ᠤᠴᠢᠷ︾᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ | 2009 ᠤᠨ ᠤ 10 ᠰᠠᠷ᠎ᠠ | [3][4][5][6] ᠠᠯᠲᠠᠨ᠋ᠧᠴᠢᠷ᠂ ︽ᠡᠷ᠎ᠡ ᠶᠢᠨ ᠭᠤᠷᠪᠠᠨ ᠨᠠᠭᠠᠳᠤᠮ︾᠂ ᠦᠪᠦᠷ ᠮᠣᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ᠂ | 2016 ᠤᠨ ᠤ 5 ᠰᠠᠷ᠎ᠠ | ᠬᠠᠶ᠋ᠢᠬ᠄ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠲᠠᠮᠢᠷ ᠤᠨ ᠳᠡᠭᠡᠳᠦ ᠰᠤᠷᠭᠠᠭᠤᠯᠢ | ︵ᠲᠤ᠋ · ᠦᠯᠵᠠᠶᠢᠰᠠᠩ ᠨᠠᠶᠢᠷᠠᠭᠤᠯᠪᠠ︶ 2018 ᠣᠨ ᠤ 9 ᠳ᠋ᠦ᠋ᠭᠡᠷ ᠬᠤᠭᠤᠴᠠᠭ᠎ᠠ | | |