ᠰᠠᠶᠢᠨ ᠰᠠᠶᠢᠬᠠᠨ ᠳᠠᠳᠬᠠᠯ ᠨᠢ ᠨᠢᠭᠡ ᠬᠦᠮᠤᠨ ᠤ ᠦᠰᠦᠯᠳᠠ ᠪᠤᠶᠢᠵᠢᠯᠳᠠ ᠳᠤ ᠭᠦᠨ ᠭᠦᠨᠵᠡᠭᠡᠢ ᠨᠦᠯᠦᠭᠡ ᠦᠵᠠᠭᠦᠯᠳᠡᠭ᠃ ᠳᠠᠭᠡᠪᠠᠯ ᠰᠠᠶᠢᠨ ᠰᠠᠶᠢᠬᠠᠨ | ᠳᠠᠳᠬᠠᠯ ᠬᠠᠮᠢᠭ᠎ᠠ ᠠᠴᠠ ᠢᠷᠡᠳᠡᠭ ᠪᠤᠢ︖ | ᠨᠢᠭᠡ᠂ ᠭᠡᠦᠭᠡᠳ ᠤᠨ ᠰᠠᠶᠢᠨ ᠳᠠᠳᠬᠠᠯ ᠲᠠᠢ ᠪᠤᠯᠵᠦ ᠬᠦᠮᠦᠵᠢᠭᠳᠡᠬᠦ ᠳᠤ ᠭᠡᠷ ᠪᠦᠯᠢ ᠶᠢᠨ ᠦᠵᠠᠬᠦᠯᠬᠦ ᠨᠦᠯᠤᠭᠡ ᠭᠡᠷ ᠪᠦᠯᠢ ᠶᠢᠨ ᠬᠦᠮᠤᠵᠢᠯ ᠨᠢ | ᠭᠡᠦᠭᠡᠳ ᠤᠨ ᠰᠠᠶᠢᠨ ᠳᠠᠳᠬᠠᠯ ᠲᠠᠢ ᠪᠤᠯᠵᠦ ᠬᠦᠮᠦᠵᠢᠭᠳᠡᠬᠦ ᠳᠤ ᠬᠠᠮᠤᠭ ᠤᠨ ᠦᠨᠳᠤᠰᠤᠨ ᠮᠦᠷᠳᠠᠭᠡᠨ ᠰᠢᠢᠳᠪᠤᠷᠢᠯᠠᠬᠦ ᠴᠢᠨᠠᠷ ᠲᠠᠢ ᠨᠦᠯᠦᠭᠡ ᠦᠵᠠᠭᠦᠯᠳᠡᠭ᠃ ︽ | ᠰᠤᠷᠤᠭᠰᠠᠠ ᠵᠠᠩ ᠢ ᠰᠤᠷ ᠢᠶᠠᠷ ᠪᠤᠭᠤᠭᠠᠳ ᠳᠠᠶᠢᠯᠬᠦ ᠦᠭᠡᠢ︾ ᠭᠡᠳᠡᠭᠴᠢᠯᠠᠨ ᠭᠡᠤᠭᠡᠳ ᠤᠨ 0-3 ᠨᠠᠰᠤᠨ ᠤ ᠬᠤᠭᠤᠷᠤᠨᠳᠤ ᠪᠦᠷᠢᠯᠳᠦᠭᠰᠠᠠ ᠮᠠᠭᠤ ᠮᠠᠭᠤᠬᠠᠢ | ᠳᠠᠳᠬᠠᠯ ᠢ ᠬᠠᠯᠠᠨ ᠵᠠᠰᠠᠬᠤ ᠳᠤ ᠵᠤᠬᠢᠬᠤ ᠴᠠᠭ᠂ ᠵᠤᠬᠢᠬᠤ ᠬᠦᠴᠤ ᠵᠠᠷᠤᠴᠠᠭᠤᠯᠬᠤ ᠪᠤᠶᠤ ᠴᠢᠨᠠᠭᠰᠢᠯᠠᠪᠠᠯ ᠬᠠᠯᠠᠨ ᠵᠠᠰᠠᠵᠦ ᠴᠢᠳᠠᠬᠤ ᠦᠭᠡᠢ ᠪᠠᠶᠢᠳᠠᠭ᠃ | ᠡᠶᠢᠮᠤ ᠳᠤ ᠪᠠᠨ ᠰᠠᠶᠢᠨ ᠰᠠᠶᠢᠬᠠᠨ ᠳᠠᠳᠬᠠᠯ ᠨᠢ ᠨᠢᠭᠡ ᠬᠦᠮᠤᠨ ᠤ ᠨᠠᠰᠤᠨ ᠳᠤᠷᠰᠢᠳᠠ ᠶᠢᠨ ᠦᠪᠯᠠᠵᠦ ᠶᠠᠪᠤᠬᠤ ᠡᠷᠬᠢᠮ ᠨᠠᠨᠳᠢᠨ ᠵᠦᠢᠯ ᠪᠠᠶᠢᠳᠠᠭ ᠭᠡᠵᠦ ᠦᠵᠠᠵᠦ | ᠪᠠᠶᠢᠭ᠎ᠠ ᠶᠤᠮ᠃ | 1. ᠡᠴᠢᠭᠡ ᠡᠭᠡ ᠪᠤᠯᠤᠭᠰᠠᠳ ︽ᠴᠢᠬᠢ ᠵᠦᠭᠡᠯᠠᠨ︾ ᠭᠡᠦᠭᠡᠳ ᠬᠦᠮᠤᠵᠢᠬᠦᠯᠬᠦ ᠶᠢ ᠶᠠᠭᠤᠨ ᠳᠠᠷᠢᠬᠦᠨ ᠳᠤ ᠠᠩᠬᠠᠷᠬᠤ | ᠮᠤᠩᠭᠤᠯᠴᠤᠳ ᠤᠤᠯ ᠠᠴᠠ ᠪᠠᠨ ᠠᠬᠠᠮᠠᠳ ᠪᠤᠭᠤᠷᠤᠯ ᠨᠢ ᠭᠡᠯᠠᠵᠦ᠂ ᠠᠩᠭ᠎ᠠ ᠪᠠᠭᠠᠴᠤᠤᠯ ᠨᠢ ᠰᠤᠨᠤᠰᠤᠨ ᠵᠦᠪ ᠪᠤᠷᠤᠭᠤ ᠶᠢ ᠢᠯᠭᠠᠨ ᠳᠠᠨᠢᠬᠤ᠂ | ᠪᠤᠰᠤᠳ ᠲᠠᠢ ᠬᠠᠷᠢᠯᠴᠠᠬᠤ᠂ ᠠᠬᠠᠮᠠᠳ ᠢᠶᠠᠨ ᠬᠦᠨᠳᠤᠯᠠᠬᠦ᠂ ᠡᠴᠢᠭᠡ ᠡᠭᠡ ᠶᠢᠨ ᠢᠶᠠᠨ ᠦᠭᠡ ᠠᠴᠠ ᠵᠦᠷᠢᠬᠦ ᠦᠭᠡᠢ᠂ ᠤᠴᠢᠷ ᠶᠠᠪᠤᠳᠠᠯ ᠢ ᠵᠦᠪ ᠰᠢᠢᠳᠪᠤᠷᠢᠯᠠᠵᠦ | ᠴᠢᠳᠠᠳᠠᠭ ᠭᠡᠦᠭᠡᠳ ᠢ ᠬᠦᠮᠤᠵᠢᠬᠦᠯᠬᠦ ᠶᠢ ᠦᠶ᠎ᠠ ᠳᠠᠮᠵᠢᠨ ᠪᠠᠷᠢᠮᠳᠠᠯᠠᠭᠰᠠᠭᠠᠷ ᠢᠷᠡᠭᠰᠠᠠ ᠶᠤᠮ᠃ ᠡᠴᠢᠭᠡ ᠡᠭᠡ ᠶᠢᠨ ᠡᠷᠭᠡ ᠰᠦᠷ᠂ ᠪᠠᠶᠢᠷᠢ ᠰᠠᠭᠤᠷᠢ ᠨᠢᠭᠡ ᠭᠡᠷ | ᠪᠦᠯᠢ ᠳᠤ ᠶᠠᠮᠠᠷ ᠪᠠᠶᠢᠳᠠᠭ ᠢ ᠭᠡᠦᠭᠡᠳ ᠪᠠᠭ᠎ᠠ ᠠᠴᠠ ᠪᠠᠨ ᠦᠵᠠᠵᠦ ᠦᠰᠦᠭᠰᠠᠠ ᠢᠶᠠᠷ ᠬᠦᠨᠳᠤᠯᠠᠬᠦ᠂ ᠳᠠᠭᠡᠳᠤᠯᠠᠬᠦ᠂ ᠬᠠᠶᠢᠷᠠᠯᠠᠬᠤ᠂ ᠬᠠᠯᠠᠮᠵᠢᠯᠠᠬᠤ ᠦᠪᠠᠷᠮᠢᠴᠠ | ᠰᠠᠳᠬᠢᠯᠭᠡ ᠲᠠᠢ ᠬᠦᠮᠤᠨ ᠪᠤᠯᠵᠦ ᠬᠦᠮᠤᠵᠢᠳᠡᠭ ᠪᠠᠶᠢᠨ᠎ᠠ᠃ ᠭᠡᠳᠠᠯ᠎ᠠ ᠤᠳᠤ ᠶᠢᠨ ᠭᠡᠦᠭᠡᠳ ᠶᠠᠭ ᠡᠬᠦᠨ ᠤ ᠡᠰᠠᠷᠬᠦ ᠡᠴᠢᠭᠡ ᠡᠭᠡ ᠶᠢᠨ ᠢᠶᠠᠨ ᠦᠭᠡ ᠶᠢ ᠤᠶᠢᠰᠢᠶᠠᠬᠤ | ᠦᠭᠡᠢ᠂ ᠠᠬᠠᠮᠠᠳ ᠪᠤᠭᠤᠷᠤᠯ ᠤᠨ ᠢᠶᠠᠨ ᠦᠭᠡ ᠶᠢ ᠴᠤ ᠢᠨᠢᠶᠠᠳᠤᠮ ᠱᠤᠭ ᠪᠤᠯᠭᠠᠨ ᠦᠩᠭᠡᠷᠠᠭᠡᠬᠦ ᠦᠵᠡᠭᠳᠠᠯ ᠵᠦᠩᠳᠠᠭᠡᠨ ᠪᠤᠯᠤᠭᠰᠠᠠ᠃ ᠬᠠᠮᠳᠤ ᠨᠦᠬᠦᠳ | ᠬᠤᠭᠤᠷᠤᠨᠳᠤ ᠪᠠᠨ ᠡᠶ᠎ᠡ ᠡᠪᠳᠠᠢ ᠬᠠᠷᠢᠯᠴᠠᠵᠦ ᠴᠢᠳᠠᠬᠤ ᠦᠭᠡᠢ ᠭᠡᠷᠠᠬᠦᠯ ᠮᠠᠷᠭᠤᠭᠠᠨ ᠡᠬᠦᠰᠭᠡᠨ᠂ ᠭᠡᠷ ᠤᠨ ᠠᠬᠠᠮᠠᠳ ᠲᠤ ᠪᠠᠨ ᠭᠤᠮᠤᠳᠠᠯ ᠢᠶᠠᠨ ᠳᠤᠭᠠᠴᠢᠨ ᠡᠴᠢᠭᠡ | ᠡᠭᠡ ᠪᠠᠷ ᠢᠶᠠᠨ ᠳᠤᠰ ᠭᠡᠦᠭᠡᠳ ᠠᠴᠠ ︽ᠦᠰᠢᠶ᠎ᠠ︾ ᠠᠪᠤᠭᠤᠯᠤᠨ ᠬᠤᠶᠠᠷ ᠭᠡᠷ ᠪᠦᠯᠢ ᠶᠢᠨ ᠬᠤᠭᠤᠷᠤᠨᠳᠤᠬᠢ ᠵᠦᠷᠢᠴᠠᠯ ᠮᠠᠷᠭᠤᠭᠠᠨ ᠢ ᠡᠬᠦᠰᠭᠡᠨ ᠨᠠᠶᠢᠭᠡᠮ | ᠨᠠᠶᠢᠳᠠ ᠳᠤ ᠨᠠᠵᠠᠭᠠᠢ ᠨᠦᠯᠤᠭᠡ ᠳᠤᠰᠬᠠᠯ ᠲᠠᠢ ᠦᠵᠡᠭᠳᠠᠯ ᠪᠠᠶᠢᠩᠭᠤ ᠬᠠᠷᠠᠭᠳᠠᠬᠤ ᠪᠤᠯᠤᠭᠰᠠᠠ ᠨᠢ ᠶᠠᠭ ᠯᠠ ︽ᠪᠢ ᠯᠠ ᠭᠡᠯᠠᠪᠠᠯ ᠳᠡᠭᠷᠢ ᠳᠤᠤᠭᠠᠷᠤᠭᠰᠠᠠ ᠠᠳᠠᠯᠢ︾ | ᠦᠵᠠᠯ ᠪᠤᠳᠤᠯ ᠲᠠᠢ ᠪᠤᠯᠵᠦ ᠬᠦᠮᠦᠵᠢᠭᠳᠡᠵᠦ ᠪᠠᠶᠢᠭ᠎ᠠ᠃ ᠡᠬᠦᠨ ᠤ ᠦᠷ᠎ᠠ ᠳ᠋ᠦᠩ ᠳᠤ ᠭᠡᠦᠭᠡᠳ ᠡᠴᠢᠭᠡ ᠡᠭᠡ᠂ ᠪᠠᠭᠰᠢ ᠠᠬᠠᠮᠠᠳ ᠠᠴᠠ ᠪᠤᠷᠤᠭᠤ ᠶᠢ ᠨᠢ | ᠰᠠᠨᠠᠭᠤᠯᠵᠦ ᠭᠡᠯᠠᠬᠦ ᠦᠭᠡ ᠶᠢ ᠴᠤ ᠬᠦᠯᠢᠶᠠᠨ ᠵᠦᠪᠰᠢᠶᠠᠷᠠᠵᠦ ᠳᠠᠶᠢᠯᠬᠦ ᠦᠭᠡᠢ ᠡᠰᠠᠷᠬᠦᠴᠠᠬᠦ ᠴᠢᠨᠠᠭᠰᠢᠯᠠᠭᠠᠳ ᠠᠮᠢ ᠪᠠᠶ᠎ᠠ ᠪᠠᠨ ᠡᠴᠤᠰᠯᠠᠬᠦᠯᠬᠦ ᠬᠠᠷᠠᠰᠠᠯᠳᠤ ᠤᠴᠢᠷ ᠢ | ᠴᠤ ᠦᠢᠯᠠᠳᠬᠦ ᠪᠤᠯᠤᠭᠰᠠᠠ᠃ ᠡᠨᠠ ᠨᠢ ᠭᠡᠷ ᠤᠨ ᠠᠬᠠᠮᠠᠳ ᠭᠡᠦᠭᠡᠳ ᠢᠶᠠᠨ ᠠᠬᠠᠮᠠᠳ ᠳᠤᠮᠤᠭᠠᠳᠠᠨ᠂ ᠡᠴᠢᠭᠡ ᠡᠭᠡ ᠶᠢᠨ ᠢᠶᠠᠨ ᠦᠭᠡ ᠶᠢ ᠰᠤᠨᠤᠰᠬᠤ ︽ᠴᠢᠬᠢ | ᠵᠦᠭᠡᠯᠠᠨ︾ ᠭᠡᠦᠭᠡᠳ ᠪᠤᠯᠭᠠᠨ ᠬᠦᠮᠤᠵᠢᠬᠦᠯᠵᠦ ᠴᠢᠳᠠᠭᠰᠠᠠ ᠦᠭᠡᠢ ᠶᠢᠨ ᠢᠯᠠᠷᠠᠯ ᠪᠤᠯᠤᠨ᠎ᠠ᠃ ᠳᠠᠷᠤᠢ ᠭᠡᠦᠭᠡᠳ ᠤᠨ ᠢᠶᠠᠨ ᠠᠶ᠎ᠠ ᠶᠢ ᠭᠡᠳᠤ ᠳᠠᠭᠠᠵᠦ᠂ ᠶᠠᠭᠠᠬᠢᠨ᠎ᠠ | ᠭᠡᠪᠠᠯ ᠳᠠᠭᠡᠵᠦ᠂ ᠶᠠᠭᠤ ᠠᠪᠤᠨ᠎ᠠ᠂ ᠶᠠᠭᠤ ᠬᠢᠨ᠎ᠠ ᠭᠡᠬᠦ ᠤᠴᠢᠷ ᠶᠠᠪᠤᠳᠠᠯ ᠪᠦᠬᠦᠨ ᠳᠤ ᠭᠡᠦᠭᠡᠳ ᠤᠨ ᠢᠶᠠᠨ ᠦᠭᠡ ᠶᠢ ᠰᠤᠨᠤᠰᠤᠨ᠂ ᠳᠠᠭᠡᠵᠦ ᠪᠤᠯᠬᠤ ᠦᠭᠡᠢ᠂ | ᠢᠩᠬᠢᠵᠦ ᠪᠤᠯᠬᠤ ᠦᠭᠡᠢ ᠭᠡᠬᠦ ᠵᠦᠪ ᠪᠤᠷᠤᠭᠤ ᠶᠢ ᠢᠯᠭᠠᠵᠦ ᠳᠠᠨᠢᠭᠤᠯᠤᠨ ᠭᠡᠯᠠᠵᠦ ᠰᠤᠷᠭᠠᠬᠤ ᠶᠢ ᠤᠮᠠᠷᠳᠠᠭᠰᠠᠠ ᠠᠴᠠ ᠪᠤᠯᠵᠦ ᠭᠡᠦᠭᠡᠳ ᠤᠴᠢᠷ ᠶᠠᠪᠤᠳᠠᠯ | ᠪᠦᠬᠦᠨ ᠳᠤ ᠵᠦᠪ ᠴᠤ ᠪᠤᠷᠤᠭᠤ ᠴᠤ ᠦᠪᠠᠷ ᠤᠨ ᠪᠤᠳᠤᠯ ᠢᠶᠠᠷ ᠢᠶᠠᠨ ᠶᠠᠪᠤᠬᠤ ᠳᠠᠳᠬᠠᠯ ᠲᠠᠢ ᠪᠤᠯᠵᠦ ᠬᠦᠮᠦᠵᠢᠭᠳᠡᠵᠦ ᠪᠠᠶᠢᠭ᠎ᠠ᠃ ᠡᠶᠢᠮᠤ ᠠᠴᠠ ᠡᠴᠢᠭᠡ ᠡᠭᠡ | ᠪᠤᠯᠤᠭᠰᠠᠳ ᠤᠨᠴᠠᠭᠠᠶᠢᠯᠠᠨ ᠵᠠᠯᠠᠭᠤ ᠡᠴᠢᠭᠡ ᠡᠭᠡ ᠪᠤᠯᠤᠭᠰᠠᠳ ᠭᠡᠦᠭᠡᠳ ᠢᠶᠠᠨ ᠵᠦᠪ ᠪᠤᠷᠤᠭᠤ ᠶᠢ ᠢᠯᠭᠠᠨ ᠳᠠᠨᠢᠵᠦ ᠴᠢᠳᠠᠬᠤ᠂ ᠬᠦᠮᠤᠨ ᠤ ᠭᠡᠯᠠᠬᠦ ᠶᠢ ᠰᠤᠨᠤᠰᠤᠨ | ᠦᠪᠠᠷ ᠤᠨ ᠪᠤᠷᠤᠭᠤ ᠪᠠᠨ ᠮᠠᠳᠠᠷᠠᠵᠦ ᠬᠠᠯᠠᠵᠦ ᠵᠠᠰᠠᠵᠦ ᠴᠢᠳᠠᠬᠤ᠂ ᠪᠤᠰᠤᠳ ᠲᠠᠢ ᠡᠶ᠎ᠡ ᠡᠪᠳᠠᠢ ᠬᠠᠷᠢᠯᠴᠠᠨ ᠪᠦᠯᠬᠦᠮᠳᠠᠵᠦ ᠴᠢᠳᠠᠬᠤ ᠭᠡᠦᠭᠡᠳ ᠪᠤᠯᠭᠠᠨ | ᠬᠦᠮᠤᠵᠢᠬᠦᠯᠬᠦ ᠶᠢ ᠠᠩᠬᠠᠷᠤᠨ᠂ ︽ᠬᠠᠶᠢᠷᠠᠯᠠᠵᠦ ᠬᠦᠮᠤᠵᠢᠬᠦᠯᠤᠨ᠎ᠠ︾ ᠭᠡᠬᠦ ᠬᠤᠶᠠᠷ ᠦᠭᠡ ᠶᠢᠨ ᠤᠳᠬ᠎ᠠ ᠠᠭᠤᠯᠭ᠎ᠠ ᠶᠢ ᠬᠦᠢᠴᠠᠳ ᠤᠶᠢᠯᠠᠭᠠᠨ᠂ ᠭᠠᠭᠴᠠ | ᠬᠠᠶᠢᠷᠠᠯᠠᠭᠠᠳ ᠬᠦᠮᠤᠵᠢᠬᠦᠯᠬᠦ ᠡᠬᠦᠷᠭᠡ ᠪᠠᠨ ᠳᠠᠶᠠᠭᠳᠠᠬᠤ ᠦᠵᠡᠭᠳᠠᠯ ᠢ ᠶᠠᠭᠠᠬᠢᠭᠰᠠᠠ ᠴᠤ ᠤᠮᠳᠤᠭᠠᠶᠢᠯᠠᠵᠦ ᠪᠤᠯᠬᠤ ᠦᠭᠡᠢ ᠭᠡᠳᠡᠭ ᠢ ᠵᠦᠪᠳᠠᠮᠠᠷ ᠪᠠᠶᠢᠨ᠎ᠠ᠃ | 2. ᠡᠴᠢᠭᠡ ᠡᠭᠡ ᠪᠤᠯᠤᠭᠰᠠᠳ ᠭᠡᠦᠭᠡᠳ ᠢᠶᠠᠨ ᠪᠠᠶ᠎ᠠ ᠪᠠᠨ ᠳᠠᠭᠠᠭᠠᠬᠤ ᠴᠢᠳᠠᠪᠤᠷᠢ ᠲᠠᠢ ᠪᠤᠯᠭᠠᠵᠦ ᠬᠦᠮᠤᠵᠢᠬᠦᠯᠬᠦ ᠶᠢ ᠠᠩᠬᠠᠷᠬᠤ | ᠪᠠᠶ᠎ᠠ ᠪᠠᠨ ᠳᠠᠭᠠᠭᠠᠵᠦ ᠰᠤᠷᠬᠤ ᠨᠢ ᠭᠡᠦᠭᠡᠳ ᠤᠨ ᠬᠦᠮᠤᠨ ᠪᠤᠯᠵᠦ ᠬᠦᠮᠦᠵᠢᠭᠳᠡᠬᠦ ᠳᠤ ᠰᠠᠭᠤᠷᠢᠯᠠᠭᠴᠢ ᠪᠦᠭᠡᠳ ᠭᠤᠤᠯᠯᠠᠭᠴᠢ ᠦᠢᠯᠠᠳᠤᠯ ᠦᠵᠠᠬᠦᠯᠳᠡᠭ᠃ | ᠮᠠᠨ ᠤ ᠬᠢᠨ ᠶᠠᠷᠤ ᠨᠢ ᠭᠡᠦᠭᠡᠳ ᠢᠶᠠᠨ ᠬᠤᠪᠴᠠᠰᠤ ᠬᠤᠨᠠᠷ ᠢᠶᠠᠨ ᠦᠪᠠᠷ ᠢᠶᠠᠨ ᠡᠮᠤᠰᠴᠤ᠂ ᠬᠤᠭᠤᠯᠠ ᠤᠮᠳᠠ ᠪᠠᠨ ᠦᠪᠠᠷ ᠢᠶᠠᠨ ᠢᠳᠠᠬᠦ᠂ ᠨᠢᠭᠤᠷ ᠭᠠᠷ᠂ ᠭᠡᠵᠢᠭᠡ | ᠦᠰᠤ ᠪᠠᠨ ᠦᠪᠠᠷ ᠢᠶᠠᠨ ᠤᠬᠢᠶᠠᠵᠦ ᠰᠠᠮᠨᠠᠵᠦ ᠤᠷᠤᠯᠳᠤᠬᠤ ᠪᠤᠯᠪᠠᠯ ᠮᠢᠨᠤ ᠬᠦᠤ ︵ᠭᠡᠦᠭᠡᠨ︶ ᠪᠠᠶ᠎ᠠ ᠪᠠᠨ ᠵᠦᠪᠯᠠᠬᠦ ᠲᠠᠢ ᠪᠤᠯᠤᠭᠰᠠᠠ ᠭᠡᠵᠦ ᠪᠦᠷ ᠪᠠᠶ᠎ᠠ ᠶᠢ ᠨᠢ | ᠳᠠᠭᠠᠭᠠᠯᠭᠠᠨ ᠪᠦᠬᠦ ᠵᠦᠢᠯ ᠢᠶᠠᠨ ᠦᠪᠠᠷ ᠢᠶᠠᠨ ᠬᠢᠬᠦ ᠶᠢ ᠮᠠᠭᠳᠠᠨ ᠵᠤᠷᠢᠬᠵᠢᠭᠤᠯᠵᠦ᠂ ᠭᠡᠦᠭᠡᠳ ᠢ ᠪᠠᠶ᠎ᠠ ᠳᠤ ᠪᠠᠨ ᠢᠳᠠᠭᠡᠯ ᠲᠠᠢ᠂ ᠬᠦᠴᠢᠷ ᠢ ᠳᠠᠭᠠᠭᠠᠬᠤ ᠳᠠᠰᠪᠤᠷᠢ | ᠵᠤᠷᠢᠭ ᠲᠠᠢ᠂ ᠦᠪᠠᠷ ᠢᠶᠠᠨ ᠬᠢᠵᠦ ᠰᠤᠷᠬᠤ ᠶᠠᠪᠤᠴᠠ ᠠᠴᠠ ᠪᠠᠶᠠᠷ ᠵᠢᠷᠭᠠᠯ ᠢ ᠡᠳ᠋ᠯᠠᠨ ᠤᠯᠠᠮ ᠴᠢᠷᠮᠠᠶᠢᠨ ᠳᠠᠪᠰᠢᠬᠤ ᠪᠤᠳᠤᠯ ᠰᠠᠳᠬᠢᠯ᠂ ᠬᠦᠰᠠᠯ ᠳᠠᠮᠠᠤᠯᠤᠯ ᠤᠨ | ᠰᠠᠳᠬᠢᠯᠭᠡ ᠲᠠᠢ ᠪᠤᠯᠭᠠᠵᠦ ᠬᠦᠮᠤᠵᠢᠬᠦᠯᠳᠡᠭ᠃ ᠢᠩᠬᠢᠭᠰᠡᠠ ᠢᠶᠠᠷ ᠭᠡᠦᠭᠡᠳ ᠡᠷᠳᠠ ᠳᠤᠮᠤᠭᠠᠵᠢᠵᠦ᠂ ᠦᠪᠠᠷ ᠤᠨ ᠬᠢᠬᠦ ᠵᠦᠢᠯ ᠢᠶᠠᠨ ᠦᠪᠠᠷ ᠢᠶᠠᠨ ᠬᠢᠬᠦ | ᠬᠠᠷᠢᠭᠤᠴᠠᠯᠭᠠᠳᠤ ᠰᠠᠳᠬᠢᠯᠭᠡ᠂ ᠭᠡᠷᠡᠭ ᠪᠤᠳᠠᠰ ᠲᠤ ᠵᠦᠪ ᠬᠠᠨᠳᠤᠬᠤ ᠤᠪᠤᠷ ᠰᠠᠳᠬᠢᠯᠭᠡ᠂ ᠤᠴᠢᠷ ᠶᠠᠪᠤᠳᠠᠯ ᠢ ᠵᠦᠪ ᠰᠢᠢᠳᠪᠤᠷᠢᠯᠠᠬᠦ ᠪᠦᠳᠤᠭᠡᠯᠴᠢ ᠰᠠᠳᠬᠢᠭᠦᠢ ᠲᠠᠢ | ᠪᠤᠯᠵᠦ ᠬᠦᠮᠦᠵᠢᠭᠳᠡᠵᠦ ᠴᠢᠳᠠᠳᠠᠭ ᠢᠶᠠᠷ ᠬᠤᠵᠢᠮ ᠬᠤᠶᠢᠰᠢᠳᠠ ᠶᠢᠨ ᠠᠵᠢᠯ ᠠᠮᠢᠳᠤᠷᠠᠯ ᠳᠤ ᠪᠠᠨ ᠵᠦᠪ᠂ ᠦᠨᠠᠨᠴᠢ᠂ ᠬᠠᠷᠢᠭᠤᠴᠠᠯᠭ᠎ᠠ ᠲᠠᠢ ᠰᠠᠳᠬᠢᠯᠭᠡ ᠪᠠᠷ ᠬᠠᠨᠳᠤᠨ | ᠤᠴᠢᠷ ᠶᠠᠪᠤᠳᠠᠯ ᠤᠨ ᠵᠦᠪ ᠪᠤᠷᠤᠭᠤ ᠬᠤᠶᠠᠷ ᠳᠠᠯ᠎ᠠ ᠶᠢ ᠢᠯᠭᠠᠨ ᠰᠠᠯᠭᠠᠵᠦ ᠰᠢᠢᠳᠪᠤᠷᠢᠯᠠᠬᠦ ᠪᠦᠳᠤᠭᠡᠯᠴᠢ ᠴᠢᠳᠠᠪᠤᠷᠢ ᠲᠠᠢ ᠪᠠᠶᠢᠵᠦ᠂ ᠠᠵᠢᠯ ᠠᠮᠢᠳᠤᠷᠠᠯ ᠢᠶᠠᠨ | ᠦᠭᠡᠳᠠ ᠦᠩᠭᠡ ᠲᠠᠢ ᠠᠪᠴᠤ ᠶᠠᠪᠤᠵᠦ ᠴᠢᠳᠠᠳᠠᠭ᠃ ᠭᠡᠳᠠᠯ᠎ᠠ ᠤᠳᠤ ᠶᠢᠨ ᠵᠠᠯᠠᠭᠤ ᠡᠴᠢᠭᠡ ᠡᠭᠡᠴᠤᠤᠯ ᠭᠡᠦᠭᠡᠳ ᠢᠶᠠᠨ ︽ᠬᠠᠶᠢᠷ᠎ᠠ ᠶᠢᠨ ᠳᠠᠯᠠᠢ ᠳᠤ ᠤᠮᠪᠠᠭᠤᠯᠤᠨ᠂ | ᠪᠦᠬᠦ ᠵᠦᠢᠯ ᠢ ᠤᠷᠤᠯᠠᠨ ᠬᠢᠵᠦ︾ ᠦᠰᠭᠡᠬᠦ ᠪᠤᠯᠤᠭᠰᠠᠠ ᠢᠶᠠᠷ ᠭᠡᠦᠭᠡᠳ ᠤᠨ ᠪᠠᠶ᠎ᠠ ᠪᠠᠨ ᠳᠠᠭᠠᠭᠠᠬᠤ ᠴᠢᠳᠠᠪᠤᠷᠢ ᠳᠤᠩ ᠳᠤᠷᠤᠢ ᠪᠠᠶᠢᠵᠦ᠂ ᠪᠠᠭ᠎ᠠ ᠰᠤᠷᠭᠠᠭᠤᠯᠢ ᠳᠤ | ᠤᠷᠤᠴᠢᠬᠠᠭᠠᠳ ᠬᠤᠪᠴᠠᠰᠤ ᠬᠤᠨᠠᠷ ᠢᠶᠠᠨ ᠦᠪᠠᠷ ᠢᠶᠠᠨ ᠡᠮᠤᠰᠴᠤ ᠴᠢᠳᠠᠬᠤ ᠦᠭᠡᠢ᠂ ᠬᠠᠷᠠᠨᠳᠠ ᠪᠠᠨ ᠴᠤ ᠵᠤᠷᠭᠤᠵᠦ ᠴᠢᠳᠠᠬᠤ ᠦᠭᠡᠢ᠂ ᠪᠢᠴᠢᠭ ᠤᠨ | ᠭᠡᠷᠡᠭᠰᠠᠯ ᠤᠨ ᠵᠦᠢᠯ ᠢᠶᠠᠨ ᠦᠪᠠᠷ ᠢᠶᠠᠨ ᠵᠦᠪᠯᠠᠵᠦ ᠪᠤᠭᠴᠤᠯᠠᠵᠦ ᠴᠢᠳᠠᠬᠤ ᠦᠭᠡᠢ ᠭᠡᠦᠭᠡᠳ ᠵᠦᠩᠳᠠᠭᠡᠨ ᠬᠠᠷᠠᠭᠳᠠᠬᠤ ᠪᠤᠯᠤᠭᠰᠠᠠ᠃ ᠡᠨᠠ ᠨᠢ ᠭᠡᠳᠠᠷᠬᠦ ᠪᠠᠨ ︽ | ᠬᠠᠶᠢᠷ᠎ᠠ ᠨᠢ ᠬᠠᠯᠠ︾ ᠪᠤᠯᠵᠦ ᠭᠡᠦᠭᠡᠳ ᠢ ᠪᠤᠰᠤᠳ ᠲᠤ ᠳᠦᠰᠢᠬᠦ ᠨᠠᠶᠢᠳᠠᠮᠠᠳᠠᠭᠠᠢ᠂ ᠦᠪᠠᠷ ᠤᠨ ᠦᠵᠠᠯ ᠪᠤᠳᠤᠯ ᠦᠭᠡᠢ᠂ ᠤᠴᠢᠷ ᠶᠠᠪᠤᠳᠠᠯ ᠢ ᠰᠢᠢᠳᠪᠤᠷᠢᠯᠠᠬᠦ | ᠴᠢᠳᠠᠪᠤᠷᠢ ᠳᠤᠷᠤᠢ᠂ ᠪᠠᠶ᠎ᠠ ᠳᠤ ᠪᠠᠨ ᠢᠳᠠᠭᠡᠯ ᠦᠭᠡᠢ᠂ ᠬᠠᠷᠢᠭᠤᠴᠠᠯᠭᠠᠳᠤ ᠰᠠᠳᠬᠢᠯᠭᠡ ᠦᠭᠡᠢ᠂ ᠶᠠᠪᠤᠳᠠᠯ ᠪᠦᠬᠦᠨ ᠳᠤ ᠬᠦᠮᠤᠨ ᠤ ᠴᠢᠷᠠᠢ ᠬᠠᠷᠠᠬᠤ ᠦᠵᠠᠯᠳᠠ | ᠵᠤᠭᠰᠤᠯᠳᠠ ᠦᠭᠡᠢ ᠬᠦᠮᠤᠨ ᠪᠤᠯᠭᠠᠨ ᠬᠦᠮᠤᠵᠢᠬᠦᠯᠵᠦ ᠪᠠᠶᠢᠭ᠎ᠠ ᠶᠢᠨ ᠪᠤᠳᠠᠳᠤ ᠢᠯᠠᠷᠠᠯ ᠪᠤᠯᠤᠨ᠎ᠠ᠃ ᠤᠳᠤᠬᠠᠨ ᠤ ᠨᠢᠳᠤᠨ ᠡᠮᠤᠨ᠎ᠠ ᠦᠵᠡᠭᠳᠠᠨ ᠶᠠᠷᠢᠭᠳᠠᠵᠦ | ᠨᠠᠶᠢᠭᠡᠮ ᠤᠨ ᠬᠦᠨᠳᠤ ᠴᠢᠬᠤᠯᠠ ᠠᠰᠠᠭᠤᠳᠠᠯ ᠪᠤᠯᠵᠦ ᠪᠠᠶᠢᠭ᠎ᠠ ︽ᠤᠳᠤ ᠶᠢᠨ ᠭᠡᠦᠭᠡᠳ ᠤᠳ ᠭᠡᠴᠠᠬᠦᠤ ᠪᠤᠯᠵᠠᠢ᠂ ᠪᠦᠷ ᠪᠠᠯᠠᠨ ᠢ ᠢᠳᠠᠵᠦ ᠵᠠᠯᠠᠨ ᠢ ᠭᠡᠷᠡᠭᠯᠠᠨ | ᠠᠮᠢᠳᠤᠷᠠᠬᠤ ᠪᠤᠯᠤᠭᠰᠠᠠ᠂ ᠬᠤᠵᠢᠮ ᠶᠠᠭᠠᠬᠢᠳᠠᠭ ᠶᠤᠮ ᠮᠠᠳᠠᠬᠦ ᠦᠭᠡᠢ︾ ᠭᠡᠳᠡᠭ ᠤᠨ ᠭᠤᠤᠯ ᠦᠨᠳᠤᠰᠤ ᠨᠢ ᠡᠴᠢᠭᠡ ᠡᠭᠡ ᠪᠤᠯᠤᠭᠰᠠᠳ ᠭᠡᠦᠭᠡᠳ ᠢᠶᠠᠨ ᠭᠡᠳᠤ | ᠬᠠᠶᠢᠷᠠᠯᠠᠨ᠂ ᠤᠴᠢᠷ ᠶᠠᠪᠤᠳᠠᠯ ᠪᠦᠬᠦᠨ ᠢ ᠨᠢ ᠤᠷᠤᠯᠠᠨ ᠬᠦᠢᠴᠠᠳᠭᠡᠬᠦ ᠪᠤᠯᠤᠭᠰᠠᠠ ᠠᠴᠠ ᠪᠠᠶ᠎ᠠ ᠪᠠᠨ ᠳᠠᠭᠠᠭᠠᠬᠤ ᠴᠢᠳᠠᠪᠤᠷᠢ ᠦᠭᠡᠢ᠂ ᠨᠠᠶᠢᠭᠡᠮ ᠤᠷᠴᠢᠨ ᠳᠤ | ᠵᠤᠬᠢᠴᠠᠬᠤ ᠴᠢᠳᠠᠪᠤᠷᠢ ᠳᠤᠷᠤᠢ᠂ ᠦᠪᠠᠷ ᠤᠨ ᠭᠡᠰᠠᠠ ᠦᠵᠠᠯᠳᠠ ᠪᠤᠳᠤᠯ ᠦᠭᠡᠢ ᠬᠦᠮᠤᠨ ᠪᠤᠯᠭᠠᠨ ᠬᠦᠮᠤᠵᠢᠬᠦᠯᠵᠦ ᠪᠠᠶᠢᠬᠤ ᠠᠴᠠ ᠪᠤᠯᠤᠭᠰᠠᠠ᠃ ︽ᠬᠠᠯᠠ ᠨᠢ | ᠭᠠᠳᠠᠨ᠎ᠠ ᠪᠠᠨ᠂ ᠬᠠᠶᠢᠷ᠎ᠠ ᠨᠢ ᠳᠤᠳᠤᠨ᠎ᠠ ᠪᠠᠨ︾ ᠭᠡᠬᠦ ᠮᠠᠷᠭᠡᠨ ᠦᠭᠡ ᠪᠠᠶᠢᠳᠠᠭ ᠰᠢᠤ︕ ᠭᠡᠦᠭᠡᠳ ᠢᠶᠠᠨ ᠵᠦᠪ ᠬᠦᠮᠤᠨ ᠪᠤᠯᠭᠠᠨ ᠬᠦᠮᠤᠵᠢᠬᠦᠯᠬᠦ ᠳᠤ ᠡᠴᠢᠭᠡ ᠡᠭᠡ | ᠪᠤᠯᠤᠭᠰᠠᠳ ᠦᠪᠠᠷ ᠢᠶᠠᠨ ᠤᠯᠠᠮᠵᠢᠯᠠᠯᠳᠤ ᠭᠡᠷ ᠤᠨ ᠰᠤᠷᠭᠠᠯ ᠢᠶᠠᠨ ᠮᠠᠷᠳᠠᠵᠦ ᠪᠤᠯᠬᠤ ᠦᠭᠡᠢ ᠭᠡᠳᠡᠭ ᠢ ᠰᠠᠨᠠᠭᠤᠯᠤᠮᠠᠷ ᠪᠠᠶᠢᠨ᠎ᠠ᠃ | 3. ᠡᠴᠢᠭᠡ ᠡᠭᠡ ᠪᠤᠯᠤᠭᠰᠠᠳ ᠭᠡᠦᠭᠡᠳ ᠢᠶᠠᠨ ᠬᠠᠶᠢᠷ᠎ᠠ ᠡᠨᠠᠷᠢᠯ ᠤᠨ ᠰᠠᠳᠬᠢᠯᠭᠡ ᠲᠠᠢ ᠪᠤᠯᠭᠠᠵᠦ ᠬᠦᠮᠤᠵᠢᠬᠦᠯᠬᠦ ᠶᠢ ᠤᠮᠳᠤᠭᠠᠶᠢᠯᠠᠵᠦ ᠪᠤᠯᠬᠤ ᠦᠭᠡᠢ | ᠮᠤᠩᠭᠤᠯᠴᠤᠳ ᠤᠤᠯ ᠠᠴᠠ ᠪᠠᠨ ᠨᠢᠭᠡ ᠨᠢ ᠵᠤᠪᠠᠪᠠᠯ ᠨᠠᠶᠢᠳᠠ ᠪᠠᠷ ᠢᠶᠠᠨ ᠳᠠᠮᠵᠢᠵᠦ ᠶᠠᠪᠤᠳᠠᠭ ᠰᠠᠶᠢᠬᠠᠨ ᠤᠯᠠᠮᠵᠢᠯᠠᠯ ᠲᠠᠢ ᠦᠨᠳᠤᠰᠤᠳᠠᠨ ᠪᠢᠯᠠ᠃ ᠦᠨᠢᠷ | ᠪᠠᠶᠠᠨ ᠦᠪ ᠰᠤᠶᠤᠯ ᠢᠶᠠᠨ ᠳᠠᠭᠡᠳᠤᠯᠠᠨ ︽ᠬᠠᠮᠳᠤ ᠶᠢᠨ ᠬᠦᠴᠤᠨ ᠳᠤ ᠬᠠᠳᠠ ᠴᠢᠯᠠᠭᠤ ᠴᠤ ᠬᠠᠶᠢᠯᠤᠨ᠎ᠠ︾ ᠭᠡᠳᠡᠭ ᠪᠠᠳᠤ ᠵᠤᠷᠢᠭ ᠢᠶᠠᠷ ᠬᠠᠷᠢᠯᠴᠠᠨ ᠳᠠᠮᠵᠢᠯᠴᠠᠬᠦ᠂ | ᠬᠠᠷᠢᠯᠴᠠᠨ ᠳᠦᠰᠢᠯᠴᠠᠬᠦ ᠬᠠᠶᠢᠷ᠎ᠠ ᠡᠨᠠᠷᠢᠯ ᠤᠨ ᠬᠦᠴᠤᠨ ᠳᠤ ᠠᠮᠢᠳᠤᠷᠠᠯ ᠤᠨ ᠠᠯᠢᠪᠠ ᠬᠦᠴᠢᠷ ᠵᠤᠪᠠᠯᠠᠩ ᠢ ᠠᠵᠢᠭ ᠴᠤ ᠦᠭᠡᠢ ᠳᠤᠭᠤᠯᠤᠨ ᠦᠨᠤᠳᠤᠷ ᠬᠦᠷᠴᠤ | ᠢᠷᠡᠭᠰᠠᠠ ᠳᠠᠦᠭᠡ ᠲᠠᠢ᠃ ᠮᠤᠩᠭᠤᠯᠴᠤᠳ ᠡᠷᠳᠠᠨ ᠠᠴᠠ ᠪᠠᠨ ︽ᠤᠳᠠᠰᠤ ᠵᠠᠬᠦᠨ ᠤ ᠠᠴᠢ ᠶᠢ ᠠᠭᠤᠯᠠ ᠪᠠᠷ ᠬᠠᠷᠢᠭᠤᠯᠠᠬᠤ︾ ᠰᠠᠶᠢᠬᠠᠨ ᠵᠠᠩᠰᠢᠯ ᠲᠠᠢ ᠠᠴᠠ | ᠪᠤᠰᠤᠳ ᠤᠨ ᠠᠴᠢ ᠡᠨᠠᠷᠢᠯ ᠬᠠᠶᠢᠷ᠎ᠠ ᠬᠠᠯᠠᠮᠵᠢ ᠶᠢ ᠨᠠᠰᠤᠨ ᠳᠤᠷᠰᠢᠳᠠ ᠮᠠᠷᠳᠠᠯ ᠦᠭᠡᠢ ᠦᠶ᠎ᠠ ᠵᠠᠯᠭᠠᠨ ᠤᠯᠠᠮᠵᠢᠯᠠᠵᠦ ᠶᠠᠪᠤᠳᠠᠭ ᠠᠷᠢᠭᠤᠨ ᠵᠠᠩᠰᠢᠯ ᠲᠠᠢ | ᠦᠨᠳᠤᠰᠤᠳᠠᠨ ᠶᠤᠮ᠃ ᠭᠡᠳᠠᠯ᠎ᠠ ᠤᠳᠤ ᠪᠤᠯᠬᠤ ᠳᠤ ᠭᠡᠦᠭᠡᠳ ᠪᠠᠭᠠᠴᠤᠤᠯ ᠭᠡᠳᠤ ᠬᠤᠪᠢᠨᠴᠢᠷ᠂ ᠬᠠᠷᠠᠮᠴᠢ ︽ᠪᠠᠶ᠎ᠠ ᠳᠦᠪᠳᠤ︾ ᠬᠦᠮᠤᠨ ᠪᠤᠯᠵᠦ ᠪᠠᠶᠢᠭ᠎ᠠ ᠨᠢ | ᠭᠡᠷ ᠤᠨ ᠠᠬᠠᠮᠠᠳ ᠤᠨ ᠬᠦᠮᠤᠵᠢᠯ ᠳᠤᠳᠤᠮᠳᠠᠯᠭ᠎ᠠ ᠳᠤᠳᠠᠭᠤ ᠪᠤᠯᠵᠦ ᠪᠠᠶᠢᠭ᠎ᠠ ᠶᠢᠨ ᠪᠠᠰᠠ ᠨᠢᠭᠡ ᠠᠯᠳᠠᠭ᠎ᠠ ᠭᠡᠵᠦ ᠦᠵᠠᠵᠦ ᠪᠤᠢ᠃ ᠪᠠᠭ᠎ᠠ ᠭᠡᠦᠭᠡᠳ ᠤᠴᠢᠷ ᠶᠤᠰᠤ | ᠤᠶᠢᠯᠠᠭᠠᠬᠤ ᠦᠭᠡᠢ ᠪᠠᠶᠢᠬᠤ ᠨᠢ ᠮᠠᠳᠠᠭᠡᠵᠢ᠂ ᠡᠴᠢᠭᠡ ᠡᠭᠡ ᠪᠤᠯᠤᠭᠰᠠᠳ ᠡᠩ ᠤᠨ ᠠᠮᠢᠳᠤᠷᠠᠯ ᠳᠤᠮᠳᠠ ᠪᠠᠨ ᠡᠴᠢᠭᠡ ᠡᠭᠡ᠂ ᠠᠬᠠᠮᠠᠳ ᠳᠤᠮᠤᠭᠠᠳᠠᠨ ᠢᠶᠠᠨ | ᠬᠦᠨᠳᠤᠯᠠᠨ ᠬᠠᠶᠢᠷᠠᠯᠠᠬᠤ᠂ ᠠᠴᠢᠯᠠᠵᠦ ᠡᠨᠠᠷᠢᠬᠦ ᠪᠤᠳᠠᠳᠤ ᠦᠢᠯᠠᠳᠤᠯᠭᠡ ᠪᠠᠷ ᠢᠶᠠᠨ ᠳᠠᠭᠤᠷᠢᠶᠠᠯ ᠪᠤᠯᠵᠦ ᠭᠡᠦᠭᠡᠳ ᠢᠶᠠᠨ ᠪᠤᠰᠤᠳ ᠢ ᠳᠠᠮᠵᠢᠬᠦ᠂ ᠪᠤᠰᠤᠳ ᠢ | ᠬᠦᠨᠳᠤᠳᠭᠡᠨ ᠬᠠᠯᠠᠮᠵᠢᠯᠠᠬᠤ ᠬᠠᠶᠢᠷ᠎ᠠ ᠡᠨᠠᠷᠢᠯ ᠤᠨ ᠰᠠᠳᠬᠢᠯᠭᠡ ᠲᠠᠢ ᠪᠤᠯᠭᠠᠵᠦ ᠬᠦᠮᠤᠵᠢᠬᠦᠯᠬᠦ ᠶᠢ ᠠᠩᠬᠠᠷᠬᠤ ᠭᠡᠷᠡᠭᠳᠠᠢ᠃ ᠢᠩᠬᠢᠮᠠᠨᠵᠢᠨ ᠬᠦᠴᠢᠷ ᠵᠤᠪᠠᠯᠠᠩ ᠢᠶᠠᠨ | ᠬᠠᠮᠳᠤᠳᠬᠠᠭᠰᠠᠠ ᠰᠠᠳᠬᠢᠯ ᠤᠨ ᠰᠠᠶᠢᠬᠠᠨ ᠨᠠᠶᠢᠵᠠ ᠲᠠᠢ᠂ ᠬᠠᠶᠢᠷ᠎ᠠ ᠡᠨᠠᠷᠢᠯ ᠢᠶᠠᠷ ᠰᠠᠭᠤᠷᠢᠯᠠᠭᠰᠠᠠ ᠠᠮᠢᠳᠤᠷᠠᠯ ᠤᠨ ᠰᠠᠶᠢᠬᠠᠨ ᠳᠦᠰᠢᠭ ᠲᠠᠢ ᠪᠤᠯᠵᠦ᠂ ᠠᠵᠢᠯ | ᠰᠤᠷᠤᠯᠭ᠎ᠠ᠂ ᠠᠮᠢᠳᠤᠷᠠᠯ ᠦᠢᠯᠠᠰ ᠢᠶᠠᠨ ᠠᠮᠵᠢᠯᠳᠠ ᠲᠠᠢ ᠴᠤᠭᠴᠠᠯᠠᠨ ᠪᠦᠳᠤᠭᠡᠵᠦ᠂ ᠨᠠᠶᠢᠭᠡᠮ ᠨᠠᠶᠢᠳᠠ ᠳᠤ ᠭᠡᠷᠡᠭᠴᠡᠭᠡ ᠲᠠᠢ ᠬᠦᠮᠤᠨ ᠪᠤᠯᠵᠦ ᠴᠢᠳᠠᠨ᠎ᠠ ᠭᠡᠵᠦ | ᠦᠵᠠᠵᠦ ᠪᠤᠢ᠃ | ᠬᠤᠶᠠᠷ᠂ ᠭᠡᠦᠭᠡᠳ ᠤᠨ ᠰᠠᠶᠢᠨ ᠳᠠᠳᠬᠠᠯ ᠲᠠᠢ ᠪᠤᠯᠵᠦ ᠬᠦᠮᠦᠵᠢᠭᠳᠡᠬᠦ ᠳᠤ ᠪᠠᠭᠰᠢ ᠶᠢᠨ ᠦᠵᠠᠬᠦᠯᠬᠦ ᠨᠦᠯᠤᠭᠡ | ᠰᠤᠷᠬᠤ ᠶᠢᠨ ᠰᠠᠶᠢᠬᠠᠨ ᠬᠦᠰᠠᠯ ᠢᠶᠠᠷ ᠰᠤᠷᠭᠠᠭᠤᠯᠢ ᠶᠢᠨ ᠪᠤᠱᠤᠭ᠎ᠠ ᠠᠯᠬᠤᠭᠰᠠᠠ ᠴᠠᠭ ᠠᠴᠠ ᠪᠠᠭᠰᠢ ᠭᠡᠳᠡᠭ ᠡᠷᠬᠢᠮ ᠠᠯᠳᠠᠷ ᠢ ᠡᠷᠬᠦᠨ᠂ ᠪᠠᠭᠰᠢ ᠶᠢᠨ | ᠭᠡᠯᠡᠭᠰᠠᠠ ︽ᠵᠠᠷᠯᠢᠭ︾ ᠢ ᠡᠴᠢᠭᠡ ᠡᠭᠡ ᠶᠢᠨ ᠦᠭᠡ ᠠᠴᠠ ᠴᠤ ᠦᠨᠠᠴᠢᠯᠠᠨ᠂ ᠵᠦᠷᠢᠴᠠᠯ ᠦᠭᠡᠢ ᠪᠠᠶᠠᠯᠠᠬᠦᠯᠵᠦ ᠶᠠᠪᠤᠬᠤ ᠭᠭᠢᠷ ᠦᠭᠡᠢ ᠰᠠᠶᠢᠬᠠᠨ ᠰᠠᠳᠬᠢᠯ ᠲᠠᠢ | ᠭᠡᠦᠭᠡᠳ ᠲᠤ ᠪᠠᠭᠰᠢ ᠶᠢᠨ ᠦᠵᠠᠬᠦᠯᠬᠦ ᠨᠦᠯᠤᠭᠡ ᠪᠠᠰᠠ ᠴᠢᠬᠤᠯᠠ ᠦᠢᠯᠠᠳᠤᠯ ᠦᠵᠠᠬᠦᠯᠳᠡᠭ᠃ | 1. ᠪᠠᠭᠰᠢ ᠶᠢᠨ ᠦᠭᠡ ᠶᠠᠷᠢᠶ᠎ᠠ᠂ ᠦᠢᠯᠠ ᠠᠵᠢᠯᠯᠠᠭ᠎ᠠ ᠭᠡᠦᠭᠡᠳ ᠤᠨ ᠬᠦᠮᠤᠵᠢᠯ ᠳᠤ ᠵᠤᠬᠢᠬᠤ ᠨᠦᠯᠤᠭᠡ ᠦᠵᠠᠬᠦᠯᠳᠡᠭ᠃ | ᠭᠡᠦᠭᠡᠳ ᠤᠨ ᠰᠠᠳᠬᠢᠯ ᠳᠤ ᠪᠠᠭᠰᠢ ᠪᠤᠯ ᠬᠠᠮᠤᠭ ᠤᠨ ᠡᠷᠬᠢᠮ ᠬᠦᠮᠤᠨ ᠪᠠᠶᠢᠵᠦ ᠦᠨᠳᠤᠷ ᠪᠠᠶᠢᠷᠢ ᠰᠠᠭᠤᠷᠢ ᠡᠵᠠᠯᠠᠵᠦ ᠪᠠᠶᠢᠳᠠᠭ᠃ ᠪᠠᠭᠰᠢ ᠶᠢᠨ ᠭᠡᠯᠡᠭᠰᠠᠠ | ᠦᠭᠡ᠂ ᠬᠢᠳᠠᠯ ᠪᠠᠷᠢᠯ ᠨᠢ ᠪᠦᠷ ᠰᠤᠷᠤᠭᠴᠢᠳ ᠤᠨ ᠳᠠᠭᠠᠵᠦ ᠰᠤᠷᠤᠯᠴᠠᠬᠤ ᠪᠠᠷᠢᠮᠵᠢᠶ᠎ᠠ ᠵᠦᠭᠯᠠᠬᠦᠷ ᠪᠤᠯᠳᠠᠭ ᠤᠴᠢᠷ ᠠᠴᠠ ᠪᠠᠭᠰᠢ ᠪᠤᠯᠤᠭᠰᠠᠳ ᠦᠪᠠᠷ ᠤᠨ | ᠭᠡᠯᠡᠭᠰᠠᠠ ᠦᠭᠡᠨ ᠳᠤ ᠪᠠᠨ ᠬᠦᠷᠴᠤ᠂ ᠬᠢᠭᠰᠡᠠ ᠠᠵᠢᠯᠯᠠᠭ᠎ᠠ ᠳᠤ ᠪᠠᠨ ᠡᠵᠠᠨ ᠰᠠᠭᠤᠬᠤ ᠬᠠᠷᠢᠭᠤᠴᠠᠯᠭᠠᠳᠤ ᠰᠠᠳᠬᠢᠯᠭᠡ ᠲᠠᠢ ᠪᠠᠶᠢᠬᠤ ᠭᠡᠷᠡᠭᠳᠠᠢ᠃ ᠡᠰᠠ ᠳᠠᠶᠢᠮᠤ ᠪᠤᠯ | ᠭᠡᠦᠭᠡᠳ ᠤᠨ ᠪᠠᠶ᠎ᠠ ᠳᠤ ᠬᠤᠳᠠᠯ ᠭᠡᠯᠠᠬᠦ᠂ ᠴᠠᠭ ᠤᠨ ᠠᠵᠢᠯ ᠢᠶᠠᠨ ᠴᠠᠭ ᠲᠤ ᠪᠠᠨ ᠪᠠᠶᠠᠯᠠᠬᠦᠯᠬᠦ ᠦᠭᠡᠢ ᠠᠯᠠᠩ ᠰᠠᠯᠠᠩ ᠵᠠᠩ ᠠᠶᠠᠨᠳᠠᠭᠠᠨ ᠢᠯᠠᠷᠠᠵᠦ᠂ ︽ᠰᠢᠳᠤᠨ | ᠪᠢᠰᠢᠷᠡᠭᠴᠢ︾ ᠪᠠᠨ ᠳᠠᠭᠠᠵᠦ ᠪᠠᠶᠢᠬᠤ ᠶᠤᠮ ᠴᠢᠨᠢ ᠪᠤᠷᠤᠭᠤᠳᠠᠬᠤ ᠶᠤᠰᠤ ᠦᠭᠡᠢ ᠭᠡᠮᠠᠨ ᠰᠢᠯᠤᠭᠤᠬᠠᠨ ᠤᠷᠤᠭᠰᠢᠯᠠᠵᠦ ᠡᠴᠤᠰ ᠲᠤ ᠪᠠᠨ ᠭᠡᠯᠡᠭᠰᠠᠠ ᠦᠭᠡᠨ ᠳᠤ ᠪᠠᠨ | ᠡᠵᠠᠨ ᠰᠠᠭᠤᠬᠤ ᠦᠨᠠᠨᠴᠢ ᠢᠳᠠᠭᠡᠮᠵᠢ ᠦᠭᠡᠢ᠂ ᠬᠢᠭᠰᠡᠠ ᠦᠢᠯᠠ ᠳᠤ ᠪᠠᠨ ᠬᠠᠷᠢᠭᠤᠴᠠᠯᠭ᠎ᠠ ᠡᠬᠦᠷᠭᠡᠯᠠᠬᠦ ᠵᠤᠷᠢᠭ ᠰᠦᠰᠤ ᠦᠭᠡᠢ ᠶᠠᠳᠠᠩᠬᠢ ᠳᠤᠷᠤᠢ ᠬᠦᠮᠤᠨ ᠪᠤᠯᠵᠦ | ᠬᠦᠮᠦᠵᠢᠭᠳᠡᠬᠦ ᠪᠤᠯᠤᠮᠵᠢ ᠲᠠᠢ ᠪᠠᠶᠢᠳᠠᠭ᠃ ᠡᠶᠢᠮᠤ ᠠᠴᠠ ᠪᠠᠭᠰᠢ ᠪᠤᠯᠤᠭᠰᠠᠳ ᠨᠢᠭᠡ ᠵᠤᠷᠢᠭ ᠦᠨᠠᠨᠴᠢ ᠰᠠᠳᠬᠢᠯᠭᠡ ᠪᠠᠷ ᠪᠠᠶ᠎ᠠ ᠪᠠᠨ ᠴᠢᠩᠭ᠎ᠠ ᠱᠠᠭᠠᠷᠳᠠᠨ᠂ ᠵᠦᠪ | ᠪᠤᠯᠪᠠᠰᠤᠨ ᠳᠠᠭᠤᠷᠢᠶᠠᠯ ᠤᠨ ᠦᠢᠯᠠᠳᠤᠯ ᠦᠵᠠᠬᠦᠯᠤᠨ ᠦᠨᠳᠤᠰᠤᠳᠠᠨ ᠤ ᠪᠠᠨ ᠬᠤᠶᠢᠴᠢ ᠦᠶ᠎ᠠ ᠶᠢᠨ ᠮᠠᠨᠳᠤᠯ ᠬᠦᠭᠵᠢᠯ ᠳᠤ ᠦᠪᠠᠷ ᠤᠨ ᠠᠯᠢᠪᠠ ᠪᠠᠨ ᠦᠷᠡᠭᠳᠠᠬᠦᠯᠬᠦ | ᠠᠷᠢᠭᠤᠨ ᠴᠢᠭᠡᠴᠢ ︽ᠯᠠ︾ ᠪᠤᠯᠵᠦ ᠭᠡᠷᠠᠯᠳᠤᠬᠦ ᠶᠢ ᠪᠠᠶᠠᠯᠠᠬᠦᠯᠬᠦ ᠭᠡᠷᠡᠭᠳᠠᠢ᠃ | 2. ᠪᠠᠭᠰᠢ ᠶᠢᠨ ᠡᠨᠠᠷᠢᠩᠬᠦᠢ ᠵᠦᠭᠡᠯᠠᠨ ᠰᠠᠳᠬᠢᠯ᠂ ᠨᠠᠶᠢᠳᠠᠴᠢ ᠦᠵᠠᠯ ᠪᠤᠳᠤᠯ ᠨᠢ ᠭᠡᠦᠭᠡᠳ ᠤᠨ ᠬᠦᠮᠤᠵᠢᠯ ᠳᠤ ᠳᠠᠭᠤᠷᠢᠶᠠᠯ ᠦᠢᠯᠠᠳᠤᠯ ᠦᠵᠠᠬᠦᠯᠳᠡᠭ᠃ | ᠨᠠᠰᠤᠨ ᠤ ᠤᠨᠴᠠᠯᠢᠭ ᠠᠴᠠ ᠪᠠᠨ ᠪᠤᠯᠵᠦ ᠪᠠᠭ᠎ᠠ ᠭᠡᠦᠭᠡᠳ ᠤᠨ ᠳᠠᠭᠤᠷᠢᠶᠠᠬᠤ ᠰᠤᠷᠬᠤ ᠴᠢᠳᠠᠪᠤᠷᠢ ᠮᠠᠰᠢ ᠴᠢᠩᠭ᠎ᠠ ᠪᠠᠶᠢᠳᠠᠭ᠃ ᠪᠠᠭ᠎ᠠ ᠰᠤᠷᠭᠠᠭᠤᠯᠢ ᠶᠢᠨ | ᠰᠤᠷᠤᠭᠴᠢ ᠪᠠᠭᠰᠢ ᠶᠢᠨ ᠢᠶᠠᠨ ᠦᠭᠡ ᠶᠠᠷᠢᠶ᠎ᠠ᠂ ᠬᠦᠳᠠᠯᠤᠯ ᠪᠠᠷᠢᠯ᠂ ᠡᠮᠤᠰᠴᠤ ᠵᠠᠬᠦᠬᠦ᠂ ᠵᠠᠰᠠᠵᠦ ᠭᠤᠶᠤᠬᠤ ᠶᠢ ᠬᠦᠷᠳᠠᠯ᠎ᠠ ᠳᠠᠭᠤᠷᠢᠶᠠᠨ ᠵᠢᠩᠬᠢᠨᠢ ᠰᠢᠳᠤᠨ | ᠪᠢᠰᠢᠷᠡᠭᠴᠢ ᠪᠠᠨ ᠪᠤᠯᠭᠠᠵᠦ ᠬᠦᠨᠳᠤᠳᠭᠡᠨ ᠳᠤᠳᠤᠨᠤ ᠬᠦᠮᠤᠨ ᠢᠶᠠᠷ ᠰᠠᠳᠬᠢᠯ ᠳᠤ ᠪᠠᠨ ᠦᠨᠳᠤᠷ ᠪᠠᠶᠢᠷᠢ ᠳᠤ ᠳᠠᠯᠪᠢᠳᠠᠭ᠃ ᠡᠶᠢᠮᠤ ᠠᠴᠠ ᠤᠨᠴᠠᠭᠠᠶᠢᠯᠠᠨ ᠪᠠᠭ᠎ᠠ | ᠰᠤᠷᠭᠠᠭᠤᠯᠢ ᠶᠢᠨ ᠪᠠᠭᠰᠢ ᠪᠤᠯᠤᠭᠰᠠᠳ ᠰᠤᠷᠤᠭᠴᠢ ᠶᠢᠨ ᠳᠠᠷᠭᠡᠳᠠᠬᠢ ᠦᠭᠡ ᠶᠠᠷᠢᠶ᠎ᠠ᠂ ᠦᠢᠯᠠ ᠬᠦᠳᠠᠯᠤᠯ᠂ ᠠᠭᠠᠰᠢ ᠵᠠᠩ ᠢᠶᠠᠨ ᠬᠦᠷᠳᠠᠯ᠎ᠠ ᠳᠦᠪ ᠡᠷᠬᠢᠮᠰᠦᠭ | ᠪᠠᠶᠢᠯᠭᠠᠬᠤ ᠶᠢ ᠠᠩᠬᠠᠷᠬᠤ ᠭᠡᠷᠡᠭᠳᠠᠢ᠃ ᠨᠢᠭᠡ ᠰᠢᠯᠢᠳᠡᠭ ᠰᠠᠶᠢᠨ ᠪᠠᠭᠰᠢ ᠨᠢ ᠰᠤᠷᠤᠭᠴᠢ ᠳᠤ ᠪᠠᠨ ᠡᠷᠭᠡ ᠳᠡᠭᠰᠢ ᠬᠠᠨᠳᠤᠨ ᠰᠤᠷᠤᠯᠭ᠎ᠠ ᠰᠠᠶᠢᠨ᠂ ᠰᠤᠷᠤᠯᠭ᠎ᠠ ᠠᠨᠠᠢ | ᠭᠡᠦᠭᠡᠳ ᠢ ᠢᠯᠭᠠᠨ ᠰᠠᠯᠭᠠᠵᠦ ᠦᠵᠠᠬᠦ ᠦᠭᠡᠢ᠂ ᠬᠠᠷᠢᠨ ᠰᠤᠷᠤᠯᠭ᠎ᠠ ᠠᠮᠢᠳᠤᠷᠠᠯ ᠳᠤ ᠪᠠᠨ ᠬᠦᠴᠢᠷᠳᠠᠯᠳᠠᠢ ᠭᠡᠦᠭᠡᠳ ᠢ ᠤᠯᠠᠮ ᠢᠯᠠᠬᠦᠤ ᠬᠠᠯᠠᠮᠵᠢᠯᠠᠨ᠂ ᠡᠨᠠᠷᠢᠩᠬᠦᠢ | ᠵᠦᠭᠡᠯᠠᠨ ᠬᠠᠨᠳᠤᠵᠦ᠂ ᠦᠪᠠᠷ ᠤᠨ ᠦᠷᠤ ᠵᠦᠭᠡᠯᠠᠨ᠂ ᠭᠤᠶᠠᠴᠢ ᠦᠭᠡᠢ ᠰᠠᠳᠬᠢᠯᠭᠡ ᠪᠠᠷ ᠢᠶᠠᠨ ᠳᠠᠳᠠᠨ ᠳᠤ ᠰᠠᠳᠬᠢᠯ ᠤᠨ ᠳᠦᠰᠢᠭ ᠪᠤᠯᠵᠦ᠂ ᠬᠤᠵᠢᠮ ᠤᠨ ᠠᠵᠢᠯ | ᠠᠮᠢᠳᠤᠷᠠᠯ ᠳᠤ ᠳᠠᠭᠤᠷᠢᠶᠠᠯ ᠪᠤᠯᠬᠤ ᠵᠢᠱᠢᠶᠠᠴᠢ ᠦᠢᠯᠠᠳᠤᠯ ᠢᠶᠠᠨ ᠪᠠᠳᠠᠷᠠᠭᠤᠯᠵᠦ ᠴᠢᠳᠠᠳᠠᠭ ᠪᠠᠶᠢᠨ᠎ᠠ᠃ ᠡᠶᠢᠮᠤ ᠠᠴᠠ ᠪᠠᠭᠰᠢ ᠪᠤᠯᠤᠭᠰᠠᠳ ᠶᠠᠭᠤᠨ ᠤ ᠳᠠᠷᠢᠬᠦᠨ ᠳᠤ | ᠡᠯ᠎ᠠ ᠳᠠᠯ᠎ᠠ ᠶᠢᠨ ᠭᠡᠪ ᠪᠤᠯᠪᠠᠰᠤᠷᠠᠯ ᠦᠨᠳᠤᠷ ᠪᠠᠶᠢᠵᠦ᠂ ᠬᠠᠶᠢᠷ᠎ᠠ ᠬᠠᠷᠢᠭᠤᠴᠠᠯᠭ᠎ᠠ ᠶᠢᠨ ᠰᠠᠳᠬᠢᠯᠭᠡ ᠲᠠᠢ᠂ ᠡᠨᠠᠷᠢᠩᠬᠦᠢ ᠵᠦᠭᠡᠯᠠᠨ᠂ ᠦᠪᠠᠷ ᠢ ᠪᠠᠨ ᠦᠷᠡᠭᠳᠠᠬᠦᠯᠬᠦ | ᠭᠤᠶᠠᠴᠢ ᠦᠭᠡᠢ ᠰᠠᠳᠬᠢᠯᠭᠡ ᠲᠠᠢ᠂ ᠤᠴᠢᠷ ᠶᠠᠪᠤᠳᠠᠯ ᠪᠦᠬᠦᠨ ᠳᠤ ᠤᠯᠠᠨ ᠨᠠᠶᠢᠳᠠ ᠶᠢᠨ ᠡᠮᠤᠨ᠎ᠠ ᠠᠴᠠ ᠪᠤᠳᠤᠵᠦ᠂ ᠦᠵᠠᠯᠳᠠ ᠳᠤᠳᠤᠷᠬᠠᠢ᠂ ᠵᠤᠭᠰᠤᠯᠳᠠ ᠪᠠᠳᠤ᠂ | ᠴᠢᠩ ᠦᠨᠠᠨᠴᠢ ᠪᠠᠷ ᠨᠠᠶᠢᠭᠡᠮ ᠤᠨ ᠮᠠᠨᠳᠤᠯ ᠬᠦᠭᠵᠢᠯ ᠤᠨ ᠳᠦᠯᠤᠭᠡᠨᠠ ᠦᠪᠠᠷ ᠤᠨ ᠬᠤᠪᠢ ᠨᠠᠮᠠᠷᠢ ᠪᠠᠨ ᠦᠵᠠᠬᠦᠯᠬᠦ ᠡᠷᠬᠢᠮ ᠨᠠᠨᠳᠢᠨ ᠬᠠᠶᠢᠷ᠎ᠠ᠂ ᠬᠠᠷᠢᠭᠤᠴᠠᠯᠭᠠᠳᠤ | ᠰᠠᠳᠬᠢᠯᠭᠡ ᠲᠠᠢ ᠪᠠᠶᠢᠬᠤ ᠶᠢ ᠪᠠᠶᠠᠯᠠᠬᠦᠯᠬᠦ ᠭᠡᠷᠡᠭᠳᠠᠢ᠃ ᠢᠩᠬᠢᠮᠠᠨᠵᠢᠨ ᠭᠡᠦᠭᠡᠳ ᠢ ᠵᠦᠪ ᠠᠮᠢᠳᠤᠷᠠᠯ ᠤᠨ ᠦᠵᠠᠯᠳᠠ᠂ ᠶᠢᠷᠳᠢᠨᠴᠤ ᠶᠢᠨ ᠦᠵᠠᠯᠳᠠ᠂ ᠦᠷᠳᠡᠭ ᠤᠨ | ᠦᠵᠠᠯᠳᠠ ᠲᠠᠢ ᠬᠦᠮᠤᠨ ᠪᠤᠯᠭᠠᠨ ᠬᠦᠮᠤᠵᠢᠬᠦᠯᠬᠦ ᠠᠩᠬᠠᠨ ᠤ ᠰᠠᠭᠤᠷᠢ ᠶᠢ ᠪᠠᠳᠤ ᠳᠠᠯᠪᠢᠵᠦ᠂ ᠤᠯᠤᠰ ᠦᠨᠳᠤᠰᠤᠳᠠᠨ ᠤ ᠪᠠᠨ ᠬᠦᠭᠵᠢᠯ ᠪᠠᠳᠠᠷᠠᠯ ᠳᠤ ᠬᠦᠴᠤᠨ | ᠴᠢᠳᠠᠯ ᠢᠶᠠᠨ ᠡᠷᠬᠦᠵᠦ ᠴᠢᠳᠠᠬᠤ ᠵᠦᠪ ᠬᠦᠮᠤᠨ ᠢ ᠬᠦᠮᠤᠵᠢᠬᠦᠯᠵᠦ ᠴᠢᠳᠠᠨ᠎ᠠ ᠭᠡᠵᠦ ᠦᠵᠠᠵᠦ ᠪᠠᠶᠢᠨ᠎ᠠ᠃ | ᠭᠤᠷᠪᠠ᠂ ᠨᠠᠶᠢᠭᠡᠮ ᠤᠨ ᠭᠡᠪ ᠤᠨ ᠪᠤᠰᠤ ᠦᠵᠡᠭᠳᠠᠯ ᠨᠢ ᠭᠡᠦᠭᠡᠳ ᠤᠨ ᠬᠦᠮᠤᠵᠢᠯ ᠳᠤ ᠵᠤᠬᠢᠬᠤ ᠨᠦᠯᠤᠭᠡ ᠦᠵᠠᠬᠦᠯᠵᠦ ᠪᠤᠢ᠃ | ᠨᠠᠶᠢᠭᠡᠮ ᠤᠨ ᠨᠢᠰᠬᠦ ᠮᠠᠳᠤ ᠳᠦᠷᠭᠡᠨ ᠬᠦᠭᠵᠢᠯᠳᠠ ᠶᠢ ᠳᠠᠭᠠᠯᠳᠤᠨ᠂ ᠬᠦᠮᠤᠰ ᠤᠨ ᠠᠮᠢᠳᠤᠷᠠᠯ ᠰᠢᠨ᠎ᠠ ᠵᠠᠭᠤᠴᠢᠯᠠᠭᠤᠷ ᠮᠠᠷᠭᠡᠵᠢᠯ ᠳᠦᠭᠡᠮᠠᠯᠵᠢᠵᠦ᠂ ᠭᠡᠦᠭᠡᠳ | ᠪᠠᠭ᠎ᠠ ᠠᠴᠠ ᠪᠠᠨ ᠭᠠᠷ ᠤᠳᠠᠰᠤ᠂ ᠲᠧᠯᠸᠢᠰ ᠦᠵᠠᠬᠦ ᠪᠠᠷ ᠬᠠᠨᠢ ᠪᠤᠯᠭᠠᠨ ᠠᠮᠢᠳᠤᠷᠠᠬᠤ ᠳᠠᠳᠬᠠᠯ ᠲᠠᠢ ᠪᠤᠯᠤᠭᠰᠠᠠ ᠢᠶᠠᠷ ᠳᠠᠳᠠᠭᠡᠷ ᠨᠠᠶᠢᠭᠡᠮ ᠤᠨ ᠭᠡᠪ ᠤᠨ ᠪᠤᠰᠤ | ᠦᠵᠡᠭᠳᠠᠯ ᠨᠢᠯᠬ᠎ᠠ ᠤᠶᠤᠨ ᠳᠤ ᠨᠢ ᠬᠠᠷ᠎ᠠ ᠳᠤᠯᠪᠤ ᠪᠤᠯᠵᠦ ᠦᠯᠠᠳᠠᠨ᠂ ᠳᠦᠪ ᠪᠤᠰᠤ ᠭᠡᠦᠭᠡᠳ ᠪᠤᠯᠵᠦ ᠬᠦᠮᠦᠵᠢᠭᠳᠡᠬᠦ ᠳᠤ ᠵᠤᠬᠢᠬᠤ ᠨᠦᠯᠤᠭᠡ ᠦᠵᠠᠬᠦᠯᠵᠦ᠂ | ᠵᠠᠯᠠᠭᠤ ᠪᠠᠭ᠎ᠠ ᠭᠡᠦᠭᠡᠳ ᠤᠳ ᠵᠤᠷᠢᠯᠭ᠎ᠠ ᠲᠠᠢ ᠡᠪᠳᠠᠯᠭᠡ ᠬᠢᠬᠦ ᠵᠢᠴᠢ ᠴᠢᠨᠠᠭᠰᠢᠯᠠᠭᠠᠳ ᠬᠠᠤᠯᠢ ᠠᠴᠠ ᠵᠦᠷᠢᠴᠠᠬᠦ ᠦᠵᠡᠭᠳᠠᠯ ᠵᠦᠩᠳᠠᠭᠡᠨ ᠭᠠᠷᠬᠤ ᠪᠤᠯᠤᠭᠰᠠᠠ᠃ | ᠭᠡᠦᠭᠡᠳ ᠤᠨ ᠬᠦᠮᠤᠨ ᠪᠤᠯᠵᠦ ᠬᠦᠮᠦᠵᠢᠭᠳᠡᠬᠦ ᠳᠤ ᠭᠡᠷ ᠪᠦᠯᠢ᠂ ᠰᠤᠷᠭᠠᠭᠤᠯᠢ᠂ ᠨᠠᠶᠢᠭᠡᠮ ︽ᠭᠤᠷᠪᠠ ᠤᠶᠠᠯᠳᠤᠭᠰᠠᠠ︾ ᠰᠤᠷᠭᠠᠨ ᠬᠦᠮᠤᠵᠢᠯ ᠴᠢᠬᠤᠯᠠ | ᠦᠢᠯᠠᠳᠤᠯ ᠦᠵᠠᠬᠦᠯᠵᠦ ᠪᠠᠶᠢᠳᠠᠭ ᠢ ᠪᠢᠳᠠ ᠪᠦᠬᠦᠨ ᠮᠠᠳᠠᠳᠡᠭ᠃ ᠭᠡᠬᠦ ᠳᠤ ᠪᠠᠨ ᠭᠡᠷ ᠤᠨ ᠬᠦᠮᠤᠵᠢᠯ ᠤᠨ ᠰᠠᠭᠤᠷᠢᠯᠠᠭᠴᠢ᠂ ᠭᠤᠤᠯᠯᠠᠭᠴᠢ ᠦᠢᠯᠠᠳᠤᠯ ᠢ ᠡᠴᠢᠭᠡ | ᠡᠭᠡ ᠪᠤᠯᠤᠭᠰᠠᠳ ᠶᠠᠭᠠᠬᠢᠭᠰᠠᠠ ᠴᠤ ᠤᠮᠳᠤᠭᠠᠶᠢᠯᠠᠵᠦ ᠪᠤᠯᠬᠤ ᠦᠭᠡᠢ ᠪᠦᠭᠡᠳ ᠭᠡᠷ ᠤᠨ ᠬᠦᠮᠤᠵᠢᠯ ᠭᠡᠦᠭᠡᠳ ᠤᠨ ᠰᠠᠶᠢᠨ ᠰᠠᠶᠢᠬᠠᠨ ᠳᠠᠳᠬᠠᠯ ᠤᠨ ᠬᠦᠮᠤᠵᠢᠯ ᠳᠤ | ᠦᠵᠠᠬᠦᠯᠬᠦ ᠬᠠᠮᠤᠭ ᠤᠨ ᠠᠩᠬᠠᠨ ᠤ ᠮᠦᠷᠳᠠᠭᠡᠨ ᠰᠢᠢᠳᠪᠤᠷᠢᠯᠡᠭᠴᠢ ᠦᠢᠯᠠᠳᠤᠯ ᠲᠠᠢ ᠪᠠᠶᠢᠳᠠᠭ ᠢ ᠬᠦᠨᠵᠠᠭᠡᠢ ᠤᠶᠢᠯᠠᠭᠠᠵᠦ᠂ ᠬᠤᠶᠢᠴᠢ ᠨᠢᠭᠡ ᠦᠶ᠎ᠠ ᠶᠢᠨ ᠬᠢᠨ ᠢᠶᠠᠨ | ᠮᠤᠷᠠᠯ ᠰᠤᠷᠳᠠᠯ᠂ ᠮᠠᠳᠠᠯᠭᠡ ᠪᠤᠯᠪᠠᠰᠤᠷᠠᠯ ᠡᠯ᠎ᠠ ᠳᠠᠯ᠎ᠠ ᠪᠠᠷ ᠬᠦᠭᠵᠢᠭᠰᠡᠠ᠂ ᠦᠵᠠᠯᠳᠠ ᠳᠠᠨᠢᠯᠳᠠ ᠳᠠᠪᠰᠢᠩᠭᠤᠢ ᠵᠦᠪ ᠬᠦᠮᠤᠨ ᠪᠤᠯᠭᠠᠨ ᠬᠦᠮᠤᠵᠢᠬᠦᠯᠬᠦ ᠶᠢ ᠡᠭᠦᠷᠢᠳᠠ | ᠪᠠᠷᠢᠮᠳᠠᠯᠠᠬᠤ ᠭᠡᠷᠡᠭᠳᠠᠢ᠃ | ᠠᠵᠢᠯᠯᠠᠵᠤ ᠪᠠᠶᠢᠭ᠎ᠠ ᠪᠠᠶᠢᠭᠤᠯᠭ᠎ᠠ᠄ ᠬᠦᠪᠡᠭᠡᠳᠤ ᠰᠢᠷ᠎ᠠ ᠬᠤᠰᠢᠭᠤᠨ ᠤ ᠨᠢᠭᠡᠳᠤᠭᠡᠷ ᠪᠠᠭ᠎ᠠ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | | |