2024 ᠣᠨ ᠤ 12 ᠰᠠᠷ᠎ᠠ ᠶᠢᠨ 2 ᠤᠨ ᠡᠳᠤᠷ ᠪᠣᠭᠤᠲᠤ ᠠᠴᠠ ᠬᠠᠷᠪᠢᠨ ᠬᠦᠷᠬᠦ K1382 ᠡᠭᠡᠯᠵᠢ ᠶᠢᠨ ᠭᠠᠯᠲᠤ ᠲᠡᠷᠭᠡᠨ ᠤ ᠴᠠᠭᠳᠠᠭ᠎ᠠ ᠬᠤᠶᠠᠷ | ᠠᠶᠠᠨᠴᠢᠨ ᠬᠡᠷᠡᠭᠦᠯ ᠪᠣᠯᠵᠠᠢ ᠭᠡᠰᠡᠨ ᠬᠡᠷᠡᠭ ᠤᠨ ᠮᠡᠳᠡᠭᠦᠯᠦᠯᠲᠠ ᠶᠢ ᠲᠣᠰᠪᠠ᠃ ᠤᠤᠯ ᠨᠢ ᠠᠶᠠᠨᠴᠢᠨ ᠯᠢᠤ ᠣᠪᠤᠭᠲᠤ ᠪᠣᠯᠣᠨ ᠯᠢ ᠣᠪᠣᠭᠲᠤ ᠬᠤᠶᠠᠭᠤᠯᠠ ᠠᠷᠢᠬᠢ | ᠤᠤᠭᠤᠵᠤ ᠬᠡᠷᠡᠭᠦᠯ ᠬᠢᠵᠤ᠂ ᠯᠢᠤ ᠣᠪᠤᠭᠲᠤ ᠯᠢ ᠣᠪᠣᠭᠲᠤ ᠶᠢ ᠨᠢᠳᠤᠷᠭᠠᠲᠠᠨ ᠢᠰᠭᠦᠯᠵᠤ ᠵᠣᠳᠤᠭᠰᠠᠨ ᠪᠠᠶᠢᠨ᠎ᠠ᠃ ᠬᠤᠶᠠᠷ ᠲᠠᠯ᠎ᠠ ᠶᠢᠨ ᠲᠤᠬᠠᠢ ᠶᠢᠨ ᠬᠦᠮᠦᠨ | ᠴᠥᠮ ᠠᠷᠢᠬᠢ ᠤᠤᠭᠤᠭᠰᠠᠨ ᠲᠤᠯᠠ ᠭᠠᠯᠲᠤ ᠲᠡᠷᠭᠡᠨ ᠤ ᠴᠠᠭᠳᠠᠭ᠎ᠠ ᠰᠢᠯᠢᠩᠬᠤᠲᠠ ᠶᠢᠨ ᠲᠠᠮᠤᠷ ᠵᠠᠮ ᠤᠨ ᠲᠣᠲᠤᠭᠠᠲᠤ ᠶᠢ ᠬᠠᠮᠠᠭᠠᠯᠠᠬᠤ ᠭᠠᠵᠠᠷ ᠤᠨ ᠪᠢᠷᠠᠭᠤ | ᠭᠠᠯᠲᠤ ᠲᠡᠷᠭᠡᠨ ᠥᠷᠲᠡᠭᠡᠨ ᠤ ᠲᠣᠮᠢᠯᠠᠭᠰᠠᠨ ᠰᠠᠯᠪᠤᠷᠢ ᠳᠤ ᠰᠢᠯᠵᠢᠭᠦᠯᠦᠨ ᠲᠤᠰᠢᠶᠠᠵᠠᠢ᠃ | ᠴᠠᠭᠳᠠᠭ᠎ᠠ ᠨᠠᠷ ︽ᠪᠦᠬᠦᠳᠡ ᠨᠡᠶᠢᠷᠠᠮᠳᠠᠬᠤ ᠳᠣᠮᠳᠠᠲᠤ ᠠᠷᠠᠳ ᠤᠯᠤᠰ ᠤᠨ ᠠᠮᠤᠷ ᠢ ᠬᠠᠮᠠᠭᠠᠯᠠᠬᠤ ᠬᠠᠮᠢᠶᠠᠷᠤᠯᠲᠠ ᠶᠢᠨ ᠰᠢᠢᠳᠭᠡᠯ ᠤᠨ ᠬᠠᠤᠯᠢ︾ ᠶᠢᠨ | ᠶᠢᠰᠤᠳᠦᠭᠡᠷ ᠵᠦᠢᠯ ᠤᠨ ᠲᠣᠭᠲᠠᠭᠠᠯ ᠢ ᠦᠨᠳᠦᠰᠤᠯᠠᠨ ᠬᠤᠶᠠᠷ ᠡᠳᠡᠭᠡᠳ ᠲᠤ ᠡᠶᠡᠳᠡᠭᠦᠯᠭᠡ ᠬᠢᠯ᠎ᠡ᠃ ᠯᠢᠤ ᠣᠪᠤᠭᠲᠤ ᠯᠢ ᠣᠪᠤᠭᠲᠤ ᠳᠤ ᠪᠤᠷᠤᠭᠤ ᠬᠦᠯᠢᠶᠡᠵᠤ᠂ | ᠬᠤᠶᠠᠷ ᠲᠠᠯ᠎ᠠ ᠪᠠᠷ ᠢᠶᠠᠨ ︽ᠠᠮᠤᠷ ᠢ ᠬᠠᠮᠠᠭᠠᠯᠠᠬᠤ ᠡᠶᠡᠳᠡᠭᠦᠯᠭᠡ ᠶᠢᠨ ᠬᠡᠯᠡᠯᠴᠡᠭᠡᠷ ᠤᠨ ᠪᠢᠴᠢᠭ︾ ᠲᠣᠭᠳᠠᠵᠤ᠂ ᠯᠢ ᠣᠪᠣᠭᠲᠤ ᠯᠢᠦ ᠣᠪᠣᠭᠲᠤ ᠠᠴᠠ ᠬᠠᠤᠯᠢ ᠶᠢᠨ | ᠬᠠᠷᠢᠭᠤᠴᠠᠯᠭ᠎ᠠ ᠨᠡᠭᠡᠮᠵᠢᠯᠡᠬᠦ ᠦᠭᠡᠢ ᠭᠡᠵᠡᠢ᠃ | ᠰᠠᠨᠠᠭᠤᠯᠤᠮᠵᠢ᠄ ᠠᠶᠠᠨᠴᠢᠳ ᠲᠡᠷᠭᠡᠨ ᠳᠤ ᠰᠠᠭᠤᠬᠤ ᠳᠤ ᠪᠠᠨ ᠠᠷᠢᠬᠢ ᠬᠡᠲᠤᠷᠠᠲᠠᠯᠠ ᠤᠤᠭᠤᠬᠤ ᠠᠴᠠ ᠵᠠᠶᠢᠯᠠᠰᠬᠢᠬᠤ ᠬᠡᠷᠡᠭᠲᠡᠢ᠂ ᠨᠡᠩ ᠢᠯᠠᠩᠭᠤᠶ᠎ᠠ | ᠪᠤᠰᠤᠳ ᠢ ᠵᠣᠳᠤᠵᠤ ᠬᠠᠷᠢᠶᠠᠵᠤ ᠪᠣᠯᠬᠤ ᠦᠭᠡᠢ᠃ ᠰᠣᠭᠲᠤᠬᠤ ᠨᠢ ᠬᠠᠤᠯᠢ ᠶᠢᠨ ᠬᠠᠷᠢᠭᠤᠴᠠᠯᠭ᠎ᠠ ᠠᠴᠠ ᠵᠠᠶᠢᠯᠠᠬᠤ ᠰᠢᠯᠳᠠᠭ ᠪᠣᠯᠬᠤ ᠦᠭᠡᠢ᠂ ᠬᠠᠤᠯᠢ ᠶᠢ | ᠵᠥᠷᠢᠴᠡᠪᠡᠯ ᠳᠣᠲᠤᠭᠠᠲᠤ ᠶᠢ ᠬᠠᠮᠠᠭᠠᠯᠠᠬᠤ ᠪᠠᠶᠢᠭᠤᠯᠭ᠎ᠠ ᠶᠢᠨ ᠰᠢᠢᠳᠭᠡᠯ ᠢ ᠣᠯᠬᠤ ᠨᠢ ᠯᠠᠪᠲᠠᠢ᠃ |