ᠮᠣᠩᠭᠤᠯᠴᠤᠳ ᠡᠷᠲᠡ ᠦᠶ᠎ᠡ ᠳᠤ ᠠᠪᠤ ᠡᠵᠢ ᠦᠭᠡᠢ ᠪᠣᠯᠣᠭᠰᠠᠨ ᠪᠣᠯ ᠬᠦᠨᠳᠦᠳᠬᠡᠯ ᠦᠭᠡ ᠪᠠᠷ ︽ᠪᠤᠷᠬᠠᠨ︾ ᠪᠣᠯᠪᠠ ᠭᠡᠳᠡᠭ᠃ ᠬᠠᠭᠠᠳ ᠨᠣᠶᠠᠳ | ᠦᠭᠡᠢ ᠪᠣᠯᠣᠭᠰᠠᠨ ᠪᠣᠯ ᠬᠦᠨᠳᠦᠳᠬᠡᠯ ᠦᠭᠡ ᠪᠠᠷ ᠲᠠᠭᠠᠯᠠᠯ ᠲᠡᠭᠦᠰᠪᠡ ᠭᠡᠳᠡᠭ᠃ ᠭᠡᠭᠡᠨ ᠬᠤᠪᠢᠯᠭᠠᠨ ᠨᠠᠰᠤ ᠪᠠᠷᠠᠭᠰᠠᠨ ᠪᠣᠯ ᠬᠦᠨᠳᠦᠳᠬᠡᠯ ᠦᠭᠡ ᠪᠠᠷ ᠨᠢᠷᠸᠠᠨ | ᠳᠥᠷᠢ ᠦᠵᠡᠭᠦᠯᠪᠡ ᠭᠡᠳᠡᠭ ᠪᠠᠶᠢᠵᠠᠢ᠃ ᠬᠠᠷᠢᠨ ︽ᠦᠬᠦᠪᠡ︾ ᠭᠡᠵᠦ ᠬᠡᠯᠡᠬᠦ ᠶᠢ ᠡᠷᠡᠰ ᠴᠡᠭᠡᠷᠯᠡᠭᠰᠡᠭᠡᠷ ᠢᠷᠡᠵᠡᠢ᠃ ᠮᠣᠩᠭᠤᠯᠴᠤᠳ ᠨᠠᠰᠤᠲᠠᠨ ᠪᠤᠭᠤᠷᠤᠯᠴᠤᠳ ᠢ | ︽ᠥᠨᠳᠥᠷ ᠨᠠᠰᠤ ᠵᠣᠭᠤᠭᠯᠠᠪᠠ︾᠂ ︽ᠥᠨᠳᠥᠷ ᠨᠠᠰᠤᠨ ᠪᠤᠶᠠᠨ ᠬᠦᠷᠲᠡᠯ᠎ᠡ︾ ᠭᠡᠳᠡᠭ᠃ ᠬᠠᠷᠢᠨ ᠥᠨᠳᠥᠷ ᠨᠠᠰᠤᠯᠠᠪᠠ ᠭᠡᠵᠦ ᠬᠡᠯᠡᠬᠦ ᠶᠢ ᠴᠡᠭᠡᠷᠯᠡᠵᠦ ᠪᠠᠶᠢᠵᠠᠢ᠃ | ᠥᠨᠳᠥᠷ ᠨᠠᠰᠤᠯᠠᠭᠰᠠᠨ ᠬᠥᠮᠦᠨ ᠢ ︽ᠥᠨᠳᠥᠷ ᠨᠠᠰᠤ ᠬᠦᠷᠲᠡᠯ᠎ᠡ︾ ᠭᠡᠳᠡᠭ ᠨᠢ ︽ᠨᠠᠰᠤᠯᠠᠪᠠ︾ ᠭᠡᠵᠦ ᠬᠡᠯᠡᠬᠦ ᠠᠴᠠ ᠵᠠᠶᠢᠯᠠᠰᠬᠢᠭ᠍ᠰᠡᠨ ᠤᠴᠢᠷ ᠪᠣᠯᠬᠤ ᠶᠤᠮ᠃ | ᠵᠠᠷᠢᠮ ᠨᠤᠲᠤᠭ ᠲᠤ ᠥᠨᠳᠥᠷ ᠨᠠᠰᠤᠲᠠᠨ ᠬᠥᠮᠦᠰ ᠦᠨᠡᠨ ᠨᠠᠰᠤ ᠪᠠᠨ ᠶᠡᠷᠦ ᠠᠴᠠ ᠬᠡᠯᠡᠳᠡᠭ ᠦᠭᠡᠢ ᠵᠠᠩᠰᠢᠯ ᠲᠠᠢ᠂ ᠵᠠᠷᠢᠮ ᠨᠤᠲᠤᠭ ᠲᠤ ᠨᠠᠰᠤᠲᠠᠨ ᠬᠥᠮᠦᠰ ᠢ ︽ | ᠥᠲᠡᠯᠦᠯ᠎ᠡ︾ ᠭᠡᠵᠦ ᠬᠡᠯᠡᠪᠡᠯ ᠶᠡᠬᠡᠯ᠎ᠡ ᠡᠪ ᠦᠭᠡᠶᠢᠷᠡᠵᠦ ᠳᠤᠷ᠎ᠠ ᠦᠭᠡᠶᠢᠴᠡᠳᠡᠭ ᠶᠤᠮ᠃ ᠬᠠᠷᠢᠨ ᠢᠳᠡᠷ ᠨᠠᠰᠤᠨ ᠳᠠᠭᠠᠨ ᠶᠠᠪᠤᠵᠤ ᠪᠠᠶᠢᠨ᠎ᠠ ᠭᠡᠪᠡᠯ ᠶᠡᠬᠡᠯ᠎ᠡ | ᠪᠠᠶᠠᠷᠯᠠᠳᠠᠭ ᠵᠠᠩᠰᠢᠯ ᠲᠠᠢ᠃ ᠮᠥᠨᠴᠦ ᠤᠨᠲᠠᠬᠤ ᠬᠡᠪᠲᠡᠬᠦ ᠶᠢ ᠤᠭ ᠦᠭᠡ ᠪᠠᠷ ᠨᠢ ᠬᠡᠯᠡᠬᠦ ᠦᠭᠡᠢ ᠵᠠᠩᠰᠢᠯ ᠲᠠᠢ᠃ ᠬᠠᠷᠢᠨ ︽ᠨᠦᠢᠷᠰᠣᠬᠤ︾ ︽ᠠᠮᠠᠷᠠᠬᠤ︾ ︽ | ᠵᠢᠷᠭᠠᠬᠤ︾ ︽ᠬᠠᠵᠠᠭᠤᠯᠠᠬᠤ︾ ᠭᠡᠵᠦ ᠬᠦᠨᠳᠦᠳᠬᠡᠯ ᠲᠠᠢ ᠶᠠᠷᠢᠳᠠᠭ᠃ ᠴᠠᠢ ᠤᠤᠭᠤ᠂ ᠬᠤᠭᠤᠯᠠ ᠢᠳᠡ ᠭᠡᠵᠦ ᠣᠯᠠᠩᠬᠢ ᠳᠠᠭᠠᠨ ᠬᠡᠯᠡᠳᠡᠭ ᠦᠭᠡᠢ᠃ ᠬᠠᠷᠢᠨ ︽ | ᠴᠠᠢ ᠬᠤᠭᠤᠯᠠ ᠵᠣᠭᠤᠭᠯᠠ︾ ᠭᠡᠵᠦ ᠶᠠᠷᠢᠳᠠᠭ᠃ ᠢᠳᠡᠯ᠎ᠡ ᠰᠢᠦ᠂ ᠤᠤᠭᠤᠯ᠎ᠠ ᠰᠢᠦ ᠭᠡᠬᠦ ᠦᠭᠡ ᠶᠢ ︽ᠬᠦᠷᠲᠡᠪᠡ᠂ ᠬᠦᠷᠲᠡᠴᠢᠬᠡᠯᠡ︾᠂ ︽ᠵᠣᠭᠤᠭᠯᠠᠯᠠ︾ ᠭᠡᠵᠦ | ᠬᠦᠨᠳᠦᠳᠬᠡᠨ ᠬᠡᠯᠡᠳᠡᠭ ᠶᠣᠰᠣ ᠲᠠᠢ᠃ ᠨᠠᠰᠤ ᠪᠠᠷᠠᠭᠰᠠᠨ ᠬᠥᠮᠦᠨ ᠤ ᠬᠡᠭᠦᠷ ᠢ ᠲᠦᠯᠡᠬᠦ ᠰᠢᠲᠠᠭᠠᠬᠤ ᠭᠡᠵᠦ ᠬᠡᠯᠡᠬᠦ ᠶᠢ ᠴᠡᠭᠡᠷᠯᠡᠵᠦ ᠣᠯᠠᠩᠬᠢ ᠳᠠᠭᠠᠨ ︽ᠬᠠᠶᠢᠯᠭᠠᠬᠤ︾ | ︽ᠳᠡᠭᠳᠡᠭᠡᠬᠦ︾ ᠭᠡᠵᠦ ᠬᠦᠨᠳᠦᠳᠬᠡᠨ ᠶᠠᠷᠢᠳᠠᠭ᠃ ᠬᠠᠮᠲᠤ ᠶᠠᠪᠤᠬᠤ᠂ ᠬᠠᠮᠲᠤ ᠪᠠᠶᠢᠬᠤ᠂ ᠳᠠᠭᠠᠵᠤ ᠶᠠᠪᠤᠬᠤ ᠶᠢ ᠬᠦᠨᠳᠦᠳᠬᠡᠨ ︽ᠪᠠᠷ᠎ᠠ ᠪᠣᠯᠬᠤ︾ ᠭᠡᠵᠦ ᠶᠠᠷᠢᠳᠠᠭ᠃ | ᠮᠠᠮᠠ ᠨᠠᠷ ᠲᠤ ᠬᠤᠭᠤᠯᠠ ᠤᠮᠳᠠ ᠪᠠᠷᠢᠬᠤ ᠳᠠᠭᠠᠨ ︽ᠮᠠᠩᠵᠠ᠂ ᠴᠠᠪ︾ ᠭᠡᠵᠦ ᠬᠦᠨᠳᠦᠳᠬᠡᠨ ᠶᠠᠷᠢᠳᠠᠭ᠃ ᠤᠴᠠᠷᠠᠨ ᠵᠣᠯᠭᠠᠵᠤ ᠰᠠᠯᠤᠯᠴᠠᠬᠤ ᠦᠶᠡᠰ ︽ᠬᠠᠮᠤᠭ | ᠰᠡᠭᠦᠯ ᠤᠨ ᠤᠳᠠᠭ᠎ᠠ ᠨᠢᠭᠤᠷ ᠤᠴᠠᠷᠠᠯ᠎ᠠ︾᠂ ︽ᠡᠴᠦᠰ ᠤᠨ ᠤᠳᠠᠭ᠎ᠠ ᠵᠣᠯᠭᠠᠯ᠎ᠠ︾ ᠭᠡᠬᠦ ᠦᠭᠡᠰ ᠢ ᠴᠡᠭᠡᠷᠯᠡᠳᠡᠭ᠃ ᠶᠠᠷᠢᠶ᠎ᠠ ᠢᠯᠡᠳᠬᠡᠯ ᠬᠢᠭᠰᠡᠨ ᠴᠤ ︽ᠬᠠᠮᠤᠭ | ᠰᠡᠭᠦᠯ ᠳᠤᠨᠢ︾᠂ ︽ᠡᠴᠦᠰ ᠲᠤᠨᠢ︾ ᠭᠡᠵᠦ ᠶᠠᠷᠢᠬᠤ ᠶᠢ ᠴᠡᠭᠡᠷᠯᠡᠳᠡᠭ᠃ ᠮᠣᠩᠭᠤᠯ ᠬᠥᠮᠦᠨ ︽ᠦᠬᠦᠬᠦ︾ ᠪᠠ ︽ᠦᠭᠡᠢ︾ ᠶᠢ ᠴᠡᠭᠡᠷᠯᠡᠳᠡᠭ᠃ ᠡᠷᠲᠡᠨ ᠤ | ᠦᠭᠡᠨ ᠳᠤ ︽ᠡᠳᠦᠷ ᠤᠨ ᠭᠤᠷᠪᠠ ᠦᠬᠦᠬᠦ ᠶᠢ ᠬᠡᠯᠡᠳᠡᠭ ᠦᠭᠡᠢ᠃ ᠡᠳᠦᠷ ᠤᠨ ᠭᠤᠷᠪᠠ ᠦᠭᠡᠢ ᠶᠢ ᠶᠠᠷᠢᠳᠠᠭ ᠦᠭᠡᠢ︾ ᠭᠡᠳᠡᠭ ᠵᠦᠢᠷ ᠦᠭᠡ ᠪᠠᠶᠢᠳᠠᠭ᠃ | ᠠᠷᠢᠬᠢ ᠶᠢ ᠰᠢᠭᠤᠳ ᠨᠡᠷ᠎ᠡ ᠶᠢ ᠨᠢ ᠬᠡᠯᠡᠬᠦ ᠶᠢ ᠴᠡᠭᠡᠷᠯᠡᠵᠦ ︽ᠰᠠᠷᠬᠤᠳ︾ ᠭᠡᠵᠦ ᠬᠦᠨᠳᠦᠳᠬᠡᠨ ᠶᠠᠷᠢᠳᠠᠭ᠃ | ᠮᠣᠩᠭᠤᠯᠴᠤᠳ ᠤᠨ ᠡᠳᠦᠷ ᠲᠤᠲᠤᠮ ᠤᠨ ᠦᠭᠡ ᠶᠠᠷᠢᠶ᠎ᠠ᠂ ᠦᠢᠯᠡ ᠬᠥᠳᠡᠯᠭᠡᠭᠡᠨ ᠤ ᠳᠤᠮᠳᠠ ᠬᠡᠯᠡᠵᠦ ᠬᠡᠷᠡᠭᠯᠡᠵᠦ ᠪᠠᠶᠢᠳᠠᠭ ᠪᠣᠯᠪᠠᠴᠤ ᠣᠳᠣᠬᠠᠨ ᠳᠤ | ᠵᠢᠷᠤᠮᠯᠠᠳᠠᠭ᠂ ᠬᠡᠷᠡᠭᠯᠡᠳᠡᠭ ᠬᠥᠮᠦᠰ ᠬᠤᠪᠣᠷᠳᠠᠭᠠᠳ᠂ ᠰᠡᠳᠬᠢᠬᠦᠢ ᠡᠭᠡᠳᠡᠷᠡᠵᠦ᠂ ᠬᠡᠯᠡ ᠶᠠᠳᠠᠭᠤᠷᠠᠵᠤ᠂ ᠬᠤᠯᠢᠮᠠᠭ ᠬᠡᠯᠡ ᠣᠯᠠᠰᠢᠷᠠᠵᠤ᠂ ᠮᠣᠩᠭᠤᠯ ᠵᠠᠩ ᠳᠠᠳᠬᠠᠯ | ᠢᠪᠴᠤᠷᠠᠵᠤ ᠪᠠᠶᠢᠭ᠎ᠠ ᠨᠢ ᠲᠦᠢᠯ ᠤᠨ ᠬᠠᠷᠠᠮᠰᠠᠯᠲᠠᠢ ᠰᠠᠨᠠᠭᠳᠠᠨ᠎ᠠ᠃ |