ᠮᠡᠨᠡᠩ ᠤᠨ ᠪᠤᠭᠳᠠ ᠠᠭᠤᠯᠠ ᠪᠠ ᠪᠠᠷᠭᠤ ᠮᠤᠩᠭᠤᠯᠴᠤᠳ ︵ᠳᠣᠣᠷᠠᠳᠤ︶
ᠨᠡᠶᠢᠲᠡᠯᠡᠭᠰᠡᠨ ᠴᠠᠭ᠄
2024/12/9
      ᠤᠳᠤ ᠶᠢᠨ ᠰᠢᠨ᠎ᠠ ᠪᠠᠷᠭᠤ ᠵᠡᠬᠦᠨ ᠬᠤᠰᠢᠭᠤᠨ ᠤ ᠪᠤᠬ᠎ᠠ ᠶᠢᠨ ᠳᠠᠯ᠎ᠠ ᠳᠠᠬᠢ ᠳᠠᠷᠢᠶᠠᠯᠠᠩ ᠤᠨ ᠤᠷᠤᠮ ᠪᠤᠯ ᠳᠠᠩ ᠤᠯᠤᠰ ᠤᠨ ᠦᠶ᠎ᠠ ᠠᠴᠠ ᠡᠭᠢᠯᠡᠭᠡᠳ ᠭᠢᠳᠡᠨ᠂ ᠮᠠᠨᠵᠦ ᠴᠢᠩ ᠵᠡᠷᠭᠡ ᠭᠡᠳᠤᠨ ᠳᠦᠷᠤ ᠶᠢ ᠳᠡᠮᠵᠢᠵᠦ᠂ ᠭᠡᠰᠡᠭ ᠭᠡᠰᠡᠭ ᠬᠤᠭᠤᠴᠠᠭᠠᠨ ᠳᠤ ᠳᠠᠷᠢᠵᠦ ᠪᠠᠶᠢᠭᠰᠠᠨ ᠭᠠᠵᠠᠷ ᠪᠤᠯᠤᠨ᠎ᠠ᠃ ᠳᠠᠶᠢᠮᠤ ᠠᠴᠠ ᠠᠳᠡ ᠨᠤᠳᠤᠭᠯᠠᠵᠦ ᠪᠠᠶᠢᠭᠰᠠᠨ ᠪᠠᠷᠭᠤ ᠮᠤᠩᠭᠤᠯᠴᠤᠳ ᠴᠤ ᠵᠤᠭᠢᠬᠤ ᠭᠡᠮᠵᠢᠶᠠᠨ ᠤ ᠳᠠᠷᠢᠶ᠎ᠠ ᠳᠦᠮᠦᠰᠤ ᠳᠠᠷᠢᠬᠤ ᠠᠷᠭ᠎ᠠ ᠶᠢ ᠡᠵᠡᠮᠰᠢᠭᠰᠡᠨ ᠪᠠᠶᠢᠨ᠎ᠠ᠃ ᠪᠠᠷᠭᠤ ᠶᠢᠨ ᠳᠠᠷᠢᠶ᠎ᠠ ᠳᠦᠮᠦᠰᠤ ᠳᠠᠷᠢᠵᠦ ᠪᠠᠶᠢᠭᠰᠠᠨ ᠳᠤᠬᠠᠢ ᠦᠬᠦᠯᠡᠪᠡᠯ᠂ ᠪᠠᠷᠭᠤ ᠶᠢᠨ ᠠᠷᠠᠳ ᠳᠦᠮᠡᠨ ᠭᠡᠳᠦ᠋ᠢᠪᠡᠷ ᠴᠤᠯ ᠨᠡᠬᠦᠳᠡᠯ ᠮᠠᠯᠵᠢᠯ ᠤᠨ ᠤᠶᠢᠯᠡᠳᠪᠤᠷᠢᠯᠡᠯ ᠢ ᠡᠷᠭᠢᠯᠡᠳᠡᠭ ᠪᠤᠯᠪᠠᠴᠤ ᠪᠠᠰᠠ ᠬᠦᠷᠦᠰᠤ ᠰᠢᠷᠤᠢ᠂ ᠴᠠᠭ ᠠᠭᠠᠷ ᠤᠨ ᠪᠠᠶᠢᠳᠠᠯ ᠨᠦᠭᠦᠴᠡᠯ ᠲᠤᠬᠢᠷᠠᠮᠵᠢᠳᠠᠢ᠂ ᠢᠯᠠᠩᠭᠤᠶ᠎ᠠ ᠬᠤᠷ᠎ᠠ ᠳᠤᠨᠤᠳᠠᠰᠤ ᠡᠯᠪᠡᠭ ᠴᠠᠭ ᠡᠷᠡᠨ ᠳᠤᠭᠢᠶᠠᠯᠳᠤᠪᠠᠯ ᠪᠠᠭ᠎ᠠ ᠰᠠᠭ᠎ᠠ ᠠᠳᠠᠷ ᠤᠨ ᠳᠠᠷᠢᠶ᠎ᠠ᠂ ᠭᠤᠤᠯᠳᠠᠭᠤ ᠮᠤᠩᠭᠤᠯ ᠠᠮᠤ ᠳᠠᠷᠢᠵᠦ ᠬᠦᠨᠡᠰᠤᠨ ᠤ ᠨᠦᠬᠦᠪᠤᠷᠢ ᠪᠤᠯᠭᠠᠳᠠᠭ ᠮᠡᠷᠭᠡᠵᠢᠯᠳᠡᠢ ᠪᠠᠶᠢᠭᠰᠠᠨ ᠶᠤᠮ᠃ ᠡᠨᠡ ᠨᠢ ᠭᠡᠨᠡᠳᠳᠡ ᠶᠢᠨ ᠳᠤᠭᠢᠶᠠᠯᠳᠤᠯ ᠪᠢᠰᠢ᠂ ᠬᠠᠷᠢᠨ ᠳᠡᠤᠭᠡ ᠶᠢᠨ ᠶᠠᠮᠠᠷ ᠨᠢᠭᠡᠨ ᠤᠯᠪᠠᠭ᠎ᠠ ᠪᠠᠶᠢᠭᠰᠠᠨ ᠠᠴᠠ ᠰᠠᠶ᠋ᠢ ᠳᠠᠶᠢᠮᠤ ᠳᠠᠷᠢᠮᠠᠯ ᠤᠨ ᠪᠤᠯᠪᠠᠰᠤᠷᠠᠩᠭᠤᠢ ᠮᠠᠷᠭᠡᠵᠢᠯ ᠢ ᠤᠯᠠᠮᠵᠢᠯᠠᠨ ᠠᠰᠢᠭᠯᠠᠵᠦ ᠪᠠᠶᠢᠭᠰᠠᠨ ᠨᠢ ᠮᠡᠳᠡᠭᠡᠵᠢ ᠶᠤᠮ᠃ ᠵᠢᠱᠢᠶᠡᠯᠡᠪᠡᠯ᠂ ᠴᠢᠯᠤᠭᠡᠯᠡᠭᠳᠡᠬᠦ ᠠᠴᠠ ᠡᠮᠤᠨ᠎ᠠ ᠰᠢᠨ᠎ᠠ ᠪᠠᠷᠭᠤ ᠶᠢᠨ ᠰᠢᠯᠤᠭᠤᠨ ᠬᠦᠭᠡ ᠬᠤᠰᠢᠭᠤᠨ ᠤ ᠮᠠᠯᠴᠢᠨ ᠠᠷᠠᠳ ᠰᠠᠯᠭᠢ ᠪᠠᠭ᠎ᠠ ᠲᠠᠢ ᠪᠠᠷᠳᠠᠭ᠎ᠠ ᠪᠤᠯᠳᠤᠷᠤᠤ ᠨᠤᠳᠤᠭ ᠤᠨ ᠴᠠᠭᠠᠯᠵᠢ ᠴᠢᠷᠮ᠎ᠠ ᠭᠠᠵᠠᠷ ᠲᠤ ᠬᠠᠷ᠎ᠠ ᠪᠤᠳᠠᠭ᠎ᠠ ︵ᠮᠤᠩᠭᠤᠯ ᠠᠮᠤ︶ ᠳᠠᠷᠢᠳᠠᠭ ᠪᠠᠶᠢᠭᠰᠠᠨ ᠃ ᠳᠠᠷᠢᠬᠤ ᠳᠠᠭᠠᠨ ᠭᠤᠤᠯᠳᠠᠭᠤ ᠳᠠᠩ ᠡᠷᠤᠭᠡ ᠪᠠᠷ ᠳᠤᠰ ᠳᠤᠰ ᠲᠠᠭᠠᠨ ᠦᠪᠡᠷ ᠤᠨ ᠭᠡᠷᠡᠭᠴᠡᠭᠡᠨ ᠤ ᠭᠢᠷᠢ ᠪᠠᠷ ᠬᠠᠷ᠎ᠠ ᠪᠤᠳᠠᠭ᠎ᠠ ᠳᠠᠷᠢᠬᠤ ᠠᠴᠠ ᠪᠢᠰᠢ᠂ ᠶᠡᠷᠤ ᠢᠯᠡᠬᠦᠴᠡ ᠳᠠᠷᠢᠳᠠᠭ ᠦᠭᠡᠢ᠃ ᠤᠳᠤ ᠴᠤ ᠭᠡᠰᠡᠨ ᠬᠠᠭᠤᠴᠢᠨ ᠳᠠᠷᠢᠶᠠᠨ ᠤ ᠳᠠᠯᠠᠩ ᠨᠢ ᠮᠡᠳᠡᠭᠳᠡᠬᠦ ᠭᠠᠵᠠᠷ ᠤᠳ ᠪᠤᠢ᠃ ᠬᠠᠷᠢᠨ ᠴᠦᠭᠡᠨ ᠳᠤᠭᠠᠨ ᠤ ᠮᠠᠯ ᠴᠦᠭᠡᠨᠳᠡᠢ ᠵᠤᠨ ᠬᠦᠷᠰᠢ ᠵᠡᠷᠭᠡᠯᠡᠳᠡᠭᠡ ᠳᠦᠪᠯᠡᠷᠡᠩᠬᠦᠢ ᠨᠤᠳᠤᠭᠯᠠᠵᠦ ᠵᠤᠭᠢᠬᠤ ᠬᠤᠭᠤᠴᠠᠭᠠᠨ ᠳᠤ ᠳᠠᠷᠢᠶᠠᠯᠠᠵᠦ ᠪᠠᠶᠢᠭᠰᠠᠨ ᠶᠤᠮ᠃ ᠳᠠᠳᠠᠨ ᠢ ︽ᠴᠤᠷᠵᠢ ᠶᠢᠨ ᠵᠤᠨ ︾ ᠪᠤᠶᠤ ︽ᠴᠤᠷᠵᠢ ᠶᠢᠨ ᠪᠦᠭᠡᠮ︾ ᠭᠡᠯᠴᠠᠳᠡᠭ ᠰᠠᠨ᠃ ᠬᠤᠵᠢᠮ ᠨᠢ ᠶᠠᠫᠤᠨ ᠳᠡᠭᠡᠷᠡᠮ ᠢᠷᠡᠭᠡᠳ ᠠᠯᠤᠰ ᠤᠨ ᠠᠶᠠᠨ ᠵᠠᠮ ᠬᠠᠭᠠᠭᠳᠠᠵᠦ᠂ ᠠᠮᠤ ᠪᠤᠳᠠᠭ᠎ᠠ ᠬᠤᠪᠤᠷᠳᠠᠬᠤ ᠦᠶ᠎ᠠ ᠳᠤ ᠮᠦᠨ ᠠᠮᠤ ᠬᠦᠨᠡᠰᠤ ᠪᠠᠨ ᠨᠦᠬᠦᠪᠤᠷᠢᠯᠡᠵᠦ ᠪᠠᠶᠢᠪᠠ᠃ ᠴᠢᠯᠤᠭᠡᠯᠡᠭᠳᠡᠭᠰᠡᠨ ᠤ ᠳᠠᠷᠠᠭ᠎ᠠ᠂ ᠨᠤᠳᠤᠭ ᠪᠡᠯᠴᠢᠭᠡᠷ ᠢ ᠦᠷᠭᠡᠳᠭᠡᠵᠦ ᠠᠮᠢ ᠠᠬᠤᠢ ᠶᠢ ᠬᠠᠮᠠᠭᠠᠯᠠᠬᠤ ᠡᠬᠦᠳᠡᠨ ᠠᠴᠠ ᠬᠦᠨᠡᠰᠤᠨ ᠠᠮᠤ ᠮᠠᠯᠵᠢᠬᠤ ᠤᠷᠤᠨ ᠳᠤ ᠳᠠᠷᠢᠬᠤ ᠶᠢ ᠨᠢᠭᠡᠳᠤᠯᠳᠡᠢ ᠬᠤᠷᠢᠭᠯᠠᠨ ᠵᠤᠭᠰᠤᠭᠠᠭᠰᠠᠨ ᠶᠤᠮ᠃ ᠡᠶᠢᠮᠤ ᠵᠢᠱᠢᠶ᠎ᠠ ᠬᠠᠭᠤᠴᠢᠨ ᠪᠠᠷᠭᠤ ᠬᠤᠰᠢᠭᠤ᠂ ᠡᠸᠡᠩᠭᠢ ᠬᠤᠰᠢᠭᠤᠨ ᠳᠤ ᠪᠠᠰᠠ ᠪᠠᠶᠢᠭᠰᠠᠨ ᠭᠡᠳᠡᠭ᠃ ᠬᠠᠷ᠎ᠠ ᠪᠤᠳᠠᠭ᠎ᠠ ᠳᠠᠷᠢᠬᠤ ᠠᠷᠭ᠎ᠠ ᠮᠡᠷᠭᠡᠵᠢᠯ ᠤᠨ ᠳᠠᠯ᠎ᠠ ᠪᠠᠷ ᠮᠠᠯ ᠤᠨ ᠬᠦᠯ ᠳᠤ ᠳᠠᠭᠠᠷᠢᠭᠳᠠᠬᠤ ᠦᠭᠡᠢ ᠰᠡᠯᠡᠬᠦᠤ ᠴᠢᠯᠤᠭᠡ ᠭᠠᠵᠠᠷ ᠢ ᠰᠤᠩᠭᠤᠵᠦ ᠬᠠᠭᠠᠯᠪᠤᠷᠢᠯᠠᠬᠤ ᠭᠡᠮᠵᠢᠶᠠᠨ ᠳᠡᠭᠡᠨ ᠦᠷ᠎ᠠ ᠪᠠᠨ ᠤᠷᠢᠳᠡ ᠪᠠᠷ ᠰᠠᠴᠤᠭᠠᠳ᠂ ᠳᠠᠷᠠᠭ᠎ᠠ ᠨᠢ ᠦᠭᠡᠷ ᠠᠨᠵᠢᠰᠤ ᠪᠠᠷ ᠵᠢᠷᠤᠬ᠎ᠠ ᠭᠠᠷᠭᠠᠵᠦ ᠬᠠᠭᠠᠯᠪᠠᠯ ᠪᠤᠯᠴᠢᠬᠠᠨ᠎ᠠ᠃ ᠰᠠᠴᠤᠭᠰᠠᠨ ᠦᠷ᠎ᠠ ᠨᠢ ᠬᠠᠭᠠᠯᠤᠭᠰᠠᠨ ᠰᠢᠷᠤᠢ ᠳᠤ ᠳᠠᠷᠤᠭᠳᠠᠭᠠᠳ ᠠᠶᠠᠨᠳᠠᠭᠠᠨ ᠮᠦᠷᠯᠡᠨ ᠤᠷᠭᠤᠳᠠᠭ᠃ ᠭᠡᠬᠦ ᠳᠡᠭᠡᠨ ᠴᠡᠭᠡᠯ ᠭᠡᠮᠡᠬᠦ ᠬᠤᠯᠢᠮᠠᠭ ᠡᠪᠡᠰᠤ ᠶᠡᠭᠡᠳᠡᠢ ᠪᠠᠶᠢᠳᠠᠭ᠃ ᠬᠠᠪᠤᠷ ᠳᠠᠷᠢᠪᠠᠯ ᠨᠠᠮᠤᠷ ᠪᠤᠯᠪᠠᠰᠤᠷᠠᠬᠤ ᠳᠤ ᠨᠢ ᠬᠠᠳᠤᠵᠦ ᠠᠪᠤᠨ᠎ᠠ᠃ ᠬᠠᠳᠤᠭᠰᠠᠨ ᠪᠤᠳᠠᠭ᠎ᠠ ᠪᠠᠨ ᠪᠤᠭᠤᠵᠢᠯᠠᠵᠦ᠂ ᠳᠦᠷᠦᠬᠦᠤ ᠶᠢ ᠳᠡᠭᠡᠭᠰᠢ ᠬᠠᠨᠳᠤᠭᠤᠯᠤᠨ ᠭᠡᠰᠡᠭ ᠭᠡᠰᠡᠭ ᠤᠪᠤᠭᠠᠯᠠᠨ᠎ᠠ᠃ ᠡᠬᠦᠨ ᠢ ︽ᠪᠤᠳᠠᠭ᠎ᠠ ᠱᠠᠳᠤᠯᠠᠬᠤ︾ ᠭᠡᠨ᠎ᠠ᠃ ᠳᠠᠷᠠᠭ᠎ᠠ ᠨᠢ ᠨᠡᠯᠢᠶᠡᠳ ᠡᠳᠤᠷ ︽ᠪᠤᠳᠠᠭᠠᠨ ᠤ ᠭᠢᠰᠭᠢᠬᠦᠷ︾ ᠵᠠᠰᠠᠵᠦ ᠦᠭᠡᠷ ᠢᠶᠠᠷ ᠪᠤᠳᠠᠭ᠎ᠠ ᠪᠠᠨ ᠭᠢᠰᠭᠢᠬᠦᠯᠵᠦ ᠦᠳᠤᠷᠮ᠎ᠠ ᠳᠡᠭᠡᠷ᠎ᠡ ᠪᠠᠨ ᠬᠠᠷ᠎ᠠ ᠪᠤᠳᠠᠭ᠎ᠠ ᠪᠠᠨ ᠤᠨᠠᠭᠠᠵᠦ ᠠᠪᠤᠨ᠎ᠠ᠃ ᠰᠦᠷᠢᠯ ᠢ ᠨᠢ ᠢᠯᠭᠠᠵᠦ ᠴᠡᠪᠡᠷᠯᠡᠭᠡᠳ ᠪᠤᠳᠠᠭ᠎ᠠ ᠪᠠᠨ ᠦᠳᠦᠷᠮ᠎ᠠ ᠳᠡᠭᠡᠷ᠎ᠡ ᠬᠠᠳᠠᠭᠠᠵᠦ ᠰᠠᠯᠭᠢᠨ ᠳᠤ ᠭᠡᠶᠢᠰᠭᠡᠵᠦ ᠴᠡᠪᠡᠷᠯᠡᠳᠡᠭ᠃ ᠴᠡᠪᠡᠷ ᠪᠤᠳᠠᠭ᠎ᠠ ᠪᠠᠨ ᠪᠤᠰᠤᠭ᠎ᠠ ᠳᠦᠬᠦᠷᠢᠭ ᠭᠡᠯᠪᠡᠷᠢᠳᠡᠢ ᠵᠤᠭᠤᠷᠢ ᠤᠬᠤᠵᠦ ᠵᠤᠭᠤᠷᠢᠯᠠᠬᠤ ᠪᠤᠶᠤ ᠪᠦᠬᠦᠯᠢ ᠦᠭᠡᠷ ᠤᠨ ᠠᠷᠠᠰᠤᠨ ᠳᠤᠯᠤᠮ ᠳᠤ ᠰᠠᠪᠠᠯᠠᠵᠦ ᠬᠠᠩᠬᠠᠢ ᠳᠡᠷᠭᠡᠨ ᠳᠤ ᠠᠴᠢᠭᠠᠳ ᠨᠡᠬᠦᠬᠦ ᠳᠤ ᠪᠡᠯᠡᠳᠭᠡᠨ᠎ᠠ᠃ ᠠᠨᠵᠢᠰᠤ ᠶᠢ ᠳᠤᠰᠬᠠᠢ ᠭᠠᠵᠠᠷ ᠳᠠᠯᠪᠢᠵᠦ ᠬᠠᠳᠠᠭᠠᠯᠠᠨ᠎ᠠ᠃ ᠰᠠᠶᠢᠨ ᠤᠷᠭᠤᠭᠰᠠᠨ ᠪᠤᠳᠠᠭᠠᠨ ᠠᠴᠠ ᠪᠠᠨ ᠰᠠᠶᠢᠨ ᠦᠷ᠎ᠠ ᠰᠤᠩᠭᠤᠵᠦ ᠦᠯᠡᠳᠡᠭᠡᠨ᠎ᠠ᠃ ᠰᠤᠨᠢᠷᠬᠠᠯᠳᠠᠢ ᠨᠢ ᠠᠳᠠᠷ ᠤᠨ ᠳᠠᠷᠢᠶᠠᠨ ᠤ ᠤᠷᠭᠤᠴᠠ ᠨᠢ ᠭᠡᠭᠡᠷ᠎ᠡ ᠶᠢᠨ ᠡᠪᠡᠰᠤᠨ ᠤ ᠤᠷᠭᠤᠴᠠ ᠶᠢ ᠳᠠᠷᠤᠵᠦ ᠦᠨᠳᠤᠷ ᠤᠷᠭᠤᠬᠤ ᠮᠦᠷᠳᠡᠭᠡᠨ ᠨᠤᠳᠤᠭ ᠲᠠᠭᠠᠨ ᠵᠤᠭᠢᠴᠠᠭᠰᠠᠨ ᠳᠦᠷᠤᠯ ᠵᠦᠢᠯ ᠪᠠᠶᠢᠭᠰᠠᠨ ᠠᠵᠠᠢ᠃ ᠨᠢᠭᠡ ᠨᠡᠬᠦᠳᠡᠯ ᠡᠷᠤᠭᠡ ᠶᠢᠨ ᠳᠠᠷᠢᠬᠤ ᠭᠡᠮᠵᠢᠶ᠎ᠠ ᠨᠢ ᠳᠠᠪᠢ ᠵᠢᠷᠠᠨ ᠠᠯᠬᠤᠮ ᠤᠨ ᠭᠡᠳᠤᠨ ᠠᠷᠪᠠᠨ ᠵᠢᠷᠤᠬ᠎ᠠ ᠠᠴᠠ ᠯᠠ ᠵᠦᠩᠳᠡᠭᠡᠨ ᠬᠦᠷᠤᠯᠴᠡᠭᠡ ᠲᠠᠢ ᠪᠤᠳᠠᠭ᠎ᠠ ᠬᠤᠷᠢᠶᠠᠳᠠᠭ ᠠᠵᠠᠢ᠃ ᠡᠬᠦᠨ ᠠᠴᠠ ᠦᠵᠡᠬᠦ ᠳᠤ᠂ ᠴᠢᠬᠤᠯᠠᠳᠠᠢ ᠦᠶ᠎ᠠ ᠳᠤ ᠮᠠᠯᠴᠢᠳ ᠵᠦᠪᠭᠡᠨ ᠦᠪᠡᠷ ᠢ ᠪᠠᠨ ᠬᠠᠩᠭᠠᠬᠤ ᠰᠤᠩᠭᠤᠯᠳᠠ ᠶᠢᠨ ᠴᠢᠨᠠᠷ ᠲᠠᠢ ᠵᠢᠵᠢᠭ ᠴᠢᠯᠤᠭᠡᠳᠤ ᠳᠠᠷᠢᠶᠠᠯᠠᠩ ᠡᠷᠭᠢᠯᠡᠳᠡᠭ ᠪᠠᠶᠢᠪᠠ᠃ ᠳᠡᠭᠡᠭᠡᠳ ᠪᠠᠰᠠ ᠪᠦᠷᠢᠨ ᠳᠦᠬᠦᠷ ᠰᠢᠰᠲᠧᠮ ᠲᠠᠢ ᠳᠠᠷᠢᠶᠠᠯᠠᠬᠤ ᠪᠤᠯᠪᠠᠰᠤᠷᠠᠩᠭᠤᠢ ᠮᠡᠷᠭᠡᠵᠢᠯ ᠲᠠᠢ ᠶᠤᠮ᠃ ᠦᠭᠡᠷ᠎ᠡ ᠳᠦᠷᠤᠯ ᠵᠦᠢᠯ ᠢ ᠤᠭᠳᠤ ᠳᠠᠷᠢᠳᠠᠭ ᠦᠭᠡᠢ᠃ ᠳᠠᠩ ᠤᠯᠤᠰ ᠤᠨ ᠦᠶ᠎ᠠ ᠶᠢᠨ ᠳᠡᠤᠭᠡ ᠶᠢᠨ ᠳᠡᠮᠳᠡᠭᠯᠡᠯ ᠳᠠᠬᠢ ᠪᠠᠷᠭᠤ ᠮᠤᠩᠭᠤᠯᠴᠤᠳ ᠢ ︽ᠪᠠᠭ᠎ᠠ ᠰᠠᠭ᠎ᠠ ᠳᠠᠷᠢᠶ᠎ᠠ ᠳᠦᠮᠤᠰᠤ ᠳᠠᠷᠢᠵᠦ ᠠᠮᠢᠳᠤᠷᠠᠵᠦ ᠪᠠᠶᠢᠭᠰᠠᠨ︾ ﹇14 ﹈ ᠭᠡᠳᠡᠭ ᠳᠡᠮᠳᠡᠭᠯᠡᠯ ᠠᠴᠠ ᠦᠵᠡᠬᠦ ᠳᠤ᠂ ᠪᠠᠷᠭᠤ ᠮᠤᠩᠭᠤᠯᠴᠤᠳ ᠤᠨ ᠳᠠᠷᠢᠶᠠᠯᠠᠬᠤ ᠠᠷᠭ᠎ᠠ ᠨᠢ ᠡᠷᠳᠡ ᠤᠷᠢᠳᠤ ᠶᠢᠨ ᠳᠡᠤᠭᠡᠨ ᠤᠯᠪᠠᠭ᠎ᠠ ᠲᠠᠢ ᠪᠠᠶᠢᠨ᠎ᠠ᠃ ᠶᠠᠭᠠᠭᠢᠪᠠᠴᠤ ᠰᠠᠶ᠋ᠢ ᠰᠤᠷᠤᠭᠰᠠᠨ ᠪᠤᠶᠤ ᠳᠦᠷ ᠵᠠᠭᠤᠷ᠎ᠠ ᠶᠢᠨ ᠠᠵᠢᠯᠯᠠᠭ᠎ᠠ ᠪᠢᠰᠢ ᠪᠤᠯᠤᠯᠳᠠᠢ᠃       ᠪᠠᠷᠭᠤ ᠮᠤᠩᠭᠤᠯᠴᠤᠳ ᠳᠠᠷᠢᠮᠠᠯ ᠳᠠᠷᠢᠵᠦ ᠪᠠᠶᠢᠭᠰᠠᠨ ᠨᠢ ᠮᠡᠨᠡᠩ ᠤᠨ ᠪᠤᠭᠳᠠ ᠠᠭᠤᠯᠠ ᠶᠢᠨ ᠳᠠᠭᠢᠯᠭ᠎ᠠ ᠰᠢᠳᠦᠯᠭᠡ ᠶᠢᠨ ᠤᠶᠢᠯᠡ ᠳᠤ ᠪᠠᠰᠠ ᠢᠯᠡᠷᠡᠵᠦ ᠪᠠᠶᠢᠨ᠎ᠠ᠃ ᠵᠢᠱᠢᠶ᠎ᠠ ᠨᠢ᠂ ᠪᠠᠷᠭᠤ ᠮᠤᠩᠭᠤᠯᠴᠤᠳ ᠮᠠᠨᠢ ᠮᠡᠨᠡᠩ ᠤᠨ ᠪᠤᠭᠳᠠ ᠠᠭᠤᠯᠠ ᠶᠢᠨ ᠳᠠᠭᠢᠯᠭ᠎ᠠ ᠳᠤ ᠪᠦᠬᠦᠯᠢ ᠬᠤᠨᠢ᠂ ᠴᠠᠭᠠᠨ ᠢᠳᠡᠭᠡ ᠡᠷᠬᠦᠬᠦ ᠠᠴᠠ ᠭᠠᠳᠠᠨ᠎ᠠ ᠪᠠᠰᠠ ᠳᠤᠰᠬᠠᠶᠢᠯᠠᠨ ᠳᠠᠪᠤᠨ ᠳᠠᠷᠢᠶ᠎ᠠ ᠶᠢᠨ ᠦᠷ᠎ᠠ ᠶᠢ ᠡᠷᠬᠦᠳᠡᠭ ᠶᠤᠮ᠃ ᠪᠠᠷᠭᠤ ᠮᠤᠩᠭᠤᠯᠴᠤᠳ ᠳᠠᠪᠤᠨ ᠳᠠᠷᠢᠶ᠎ᠠ ᠶᠢᠨ ᠦᠷ᠎ᠠ ᠶᠢ ᠬᠠᠶᠢᠷᠬᠠᠨ ᠠᠭᠤᠯᠠᠨ ᠳᠠᠭᠠᠨ ᠡᠷᠬᠦᠵᠦ ᠪᠠᠶᠢᠭ᠎ᠠ ᠨᠢ ᠪᠠᠷᠭᠤ ᠮᠤᠩᠭᠤᠯᠴᠤᠳ ᠮᠦᠨ ᠳᠠᠷᠢᠶ᠎ᠠ ᠳᠦᠮᠦᠰᠤ ᠳᠠᠷᠢᠳᠠᠭ ᠪᠠᠶᠢᠭᠰᠠᠨ ᠲᠠᠢ ᠰᠢᠭᠤᠳ ᠬᠤᠯᠪᠤᠭ᠎ᠠ ᠲᠠᠢ ᠪᠠᠶᠢᠬ᠎ᠠ᠃       ︵ᠳᠦᠷᠪᠡ︶ ᠪᠠᠷᠭᠤ ᠮᠤᠩᠭᠤᠯᠴᠤᠳ ᠤᠨ ᠰᠢᠳᠦᠭᠡᠨ ᠪᠢᠰᠢᠷᠡᠯ       ᠪᠠᠷᠭᠤ ᠮᠤᠩᠭᠤᠯᠴᠤᠳ ᠤᠨ ᠰᠢᠳᠦᠭᠡᠨ ᠪᠢᠰᠢᠷᠡᠯ ᠤᠨ ᠨᠢᠭᠡᠨ ᠭᠤᠤᠯ ᠤᠶᠢᠯᠠ ᠠᠵᠢᠯᠯᠠᠭ᠎ᠠ ᠨᠢ ᠠᠭᠤᠯᠠ ᠬᠠᠶᠢᠷᠬᠠᠨ ᠢ ᠰᠢᠳᠦᠬᠦ ᠶᠠᠪᠤᠳᠠᠯ ᠪᠤᠯᠤᠨ᠎ᠠ᠃ ᠠᠭᠤᠯᠠ ᠬᠠᠶᠢᠷᠬᠠᠨ ᠰᠢᠳᠦᠵᠦ ᠪᠠᠶᠢᠬᠤ ᠨᠢ ᠪᠠᠷᠭᠤ ᠮᠤᠩᠭᠤᠯᠴᠤᠳ ᠠᠭᠤᠯᠠ ᠤᠰᠤᠨ ᠤ ᠬᠦᠴᠦᠨ ᠢᠶᠠᠷ᠂ ᠠᠭᠠᠷ ᠳᠡᠭᠷᠢ ᠶᠢᠨ ᠬᠦᠴᠦᠨ ᠢᠶᠠᠷ ᠡᠨᠡ ᠳᠡᠯᠡᠭᠡᠢ ᠳᠤ ᠤᠷᠤᠰᠢᠨ ᠳᠤᠭᠳᠠᠨᠢᠵᠦ᠂ ᠪᠠᠶᠢᠭᠠᠯᠢ ᠶᠢᠨ ᠡᠨᠧᠷᠭᠢ ᠬᠦᠴᠦᠨ ᠢᠶᠠᠷ ᠳᠤᠷᠨᠢᠨ ᠤᠨᠳᠤᠷᠴᠤ ᠪᠤᠢ ᠭᠡᠵᠦ ᠦᠵᠡᠭᠰᠡᠭᠡᠷ ᠢᠷᠡᠭᠰᠡᠨ ᠯᠦᠭᠡ ᠬᠤᠯᠪᠤᠭ᠎ᠠ ᠲᠠᠢ ᠶᠤᠮ᠃ ᠡᠨᠡ ᠳᠤᠬᠠᠢ ᠮᠠᠨᠵᠦ ᠴᠢᠩ ᠤᠨ ᠪᠢᠴᠢᠭ ᠤᠨ ᠬᠦᠮᠤᠨ ᠳᠠᠯᠠᠩᠭᠤᠳ · ᠬᠦᠪᠡᠷᠢ ︵1831 — 1890 ᠤᠨ︶ ᠠᠴᠠ ᠪᠤᠭᠳᠠ ᠠᠭᠤᠯᠠ ᠶᠢᠨ ᠳᠤᠬᠠᠢ ᠪᠢᠴᠢᠭᠰᠡᠨ ᠰᠢᠯᠦᠭ ᠲᠡᠭᠡᠨ ︽ᠳᠡᠭᠡᠳᠤ ᠪᠤᠱᠤᠭᠳᠤ ᠭᠤᠷᠪᠠᠨ ᠰᠦᠮᠪᠤᠷ / ᠳᠠᠯᠠᠢ ᠪᠤᠶᠢᠷ ᠳᠦᠰᠢᠮᠠᠯ ᠲᠠᠢ / ᠤᠷᠱᠤᠨ ᠭᠡᠷᠤᠯᠤᠨ ᠤᠨᠤᠯᠭ᠎ᠠ ᠲᠠᠢ / ᠤᠭ᠍ᠶᠤ ᠰᠤᠪᠤᠳ ᠡᠮᠡᠭᠡᠯ ᠲᠠᠢ᠃ / ᠬᠤᠷᠮᠤᠰᠳᠠ ᠳᠡᠭᠷᠢ ᠶᠢᠨ ᠵᠢᠭᠠᠪᠤᠷᠢ ᠪᠠᠷ / ᠬᠤᠨ ᠰᠢᠪᠠᠭᠤ ᠭᠡᠯᠡᠮᠤᠷᠴᠢ ᠲᠠᠢ / ᠬᠤᠪᠤᠭ ᠠᠶᠢᠮᠠᠭ ᠵᠤᠨ ᠳᠠᠭᠠᠨ / ᠬᠤᠯᠪᠤᠭ᠎ᠠ ᠪᠤᠯᠬᠤ ᠨᠢ ᠪᠢ ᠪᠠᠶᠢᠨ᠎ᠠ᠃ / ᠬᠠᠳᠠᠢ ᠬᠠᠭᠠᠨ ᠤ ᠵᠠᠷᠯᠢᠭ ᠲᠠᠢ / ᠬᠠᠯᠬ᠎ᠠ ᠴᠠᠭᠠᠨ ᠬᠠᠨᠢ ᠲᠠᠢ / ᠰᠤᠶᠤᠯᠵᠢ ᠠᠭᠤᠯᠠ ᠰᠤᠨᠤᠷ ᠲᠠᠢ / ᠮᠤᠭᠠᠢ ᠶᠢᠨ ᠠᠭᠤᠯᠠ ᠮᠤᠳᠤᠷ ᠲᠠᠢ᠃ / ᠮᠤᠩᠭᠤᠯ ᠪᠠᠷᠭᠤᠴᠤᠳ ᠤᠨ ᠦᠯᠦᠭᠡᠢ / ᠮᠦᠩᠭᠡ ᠳᠤᠭᠳᠠᠨᠢᠭᠴᠢ ᠤᠷᠤᠨ ᠭᠡᠮᠡᠭᠳᠡᠭᠰᠡᠨ / ᠬᠦᠯᠦᠨ ᠪᠤᠶᠢᠷ ᠤᠨ ᠦᠷᠠᠩ ᠤᠨ ᠳᠠᠯ᠎ᠠ / ᠬᠦᠮᠤᠨ ᠠᠳᠤᠭᠤᠰᠤᠨ ᠤ ᠵᠢᠷᠭᠠᠯᠠᠩ᠃ / ᠳᠡᠭᠷᠢ ᠳᠡᠳᠬᠦᠭᠴᠢ ᠶᠢᠨ ᠳᠡᠪᠤᠨ ᠤᠨ ᠳᠤ / ᠳᠠᠶᠢᠵᠦ ᠪᠢᠰᠢᠷᠡᠭᠰᠡᠨ ᠠᠯᠳᠠᠨ ᠰᠦᠮᠪᠤᠷ / ᠤᠭᠰᠠᠭ᠎ᠠ ᠠᠶᠢᠮᠠᠭᠳᠠᠨ ᠤ ᠤᠯᠠ ᠮᠦᠷ ᠢ ᠭᠡᠪᠯᠡᠭᠰᠡᠨ / ᠤᠨᠴᠠ ᠭᠠᠶᠢᠬᠠᠮᠰᠢᠭᠳᠤ ᠪᠤᠭᠳᠠ ᠰᠦᠮᠪᠤᠷ᠃ / ᠬᠠᠷ᠎ᠠ ᠴᠠᠭᠠᠨ ᠠᠭᠤᠯᠠ ᠪᠠᠷ / ᠬᠠᠷᠠᠭᠤᠯ ᠮᠠᠨᠠᠭ᠎ᠠ ᠳᠠᠯᠪᠢᠭᠰᠠᠨ / ᠬᠠᠯᠳᠠᠵᠦ ᠢᠷᠡᠬᠦ ᠬᠤᠯᠠᠭᠠᠢ ᠶᠢ / ᠬᠠᠮᠠᠭᠠᠯᠠᠵᠦ ᠬᠠᠰᠢᠭᠰᠠᠨ ᠬᠠᠶᠢᠷᠬᠠᠨ ᠮᠢᠨᠢ᠃ / ᠳᠤᠭ᠎ᠠ ᠦᠭᠡᠢ ᠮᠠᠯ ᠤᠨ ᠳᠤᠭᠤᠰᠤ ᠲᠠᠢ / ᠳᠤᠰᠤ ᠮᠢᠯᠢᠶᠠᠭᠰᠠᠨ ᠬᠠᠶᠢᠷᠬᠠᠨ ᠮᠢᠨᠢ / ᠪᠤᠴᠠᠵᠦ ᠬᠠᠨᠳᠤᠨ ᠪᠠᠷᠠᠯᠬᠠᠬᠤ ᠳᠤ / ᠬᠠᠶᠢᠷ᠎ᠠ ᠪᠠᠨ ᠬᠦᠷᠳᠡᠭᠡᠭᠰᠡᠨ ᠪᠤᠭᠳᠠ ᠮᠢᠨᠢ᠃ / ᠨᠠᠶᠢᠮᠠᠷ ᠳᠡᠭᠡᠷᠡᠮ ᠤᠨ ᠠᠷᠪᠠᠨ ᠵᠢᠯ ᠳᠤ / ᠨᠠᠭᠠᠨᠳᠠᠢ ᠶᠢᠨ ᠨᠠᠷᠠᠰᠤ ᠠᠴᠠ ᠳᠠᠶᠢᠵᠦ / ᠬᠠᠷ᠎ᠠ ᠮᠤᠷᠢᠨ ᠵᠢᠯ ᠤᠨ ᠵᠤᠨ / ᠬᠠᠯᠠᠮᠵᠢᠯᠠᠵᠦ ᠰᠡᠷᠬᠦᠭᠰᠡᠨ ᠰᠦᠮᠪᠤᠷ ᠮᠢᠨᠢ᠃ / ᠠᠭᠢ ᠭᠠᠩᠭ᠎ᠠ ᠬᠠᠩᠬᠤᠯᠤᠭᠰᠠᠨ / ᠠᠯᠳᠠᠨ ᠭᠤᠷᠪᠠᠨ ᠬᠠᠶᠢᠷᠬᠠᠨ ᠮᠢᠨᠢ / ᠭᠠᠵᠠᠷ ᠳᠡᠯᠡᠭᠡᠢ ᠶᠢᠨ ᠪᠠᠭᠠᠳᠤᠷ ᠬᠠᠭᠠᠨ / ᠭᠠᠶᠢᠬᠠᠮᠰᠢᠭᠳᠤ ᠠᠴᠢᠯᠠᠯ ᠢᠶᠠᠨ ᠬᠦᠷᠳᠡᠭᠡᠭᠰᠡᠨ᠃ / ᠦᠪᠤᠷ ᠲᠡᠭᠡᠨ ᠦᠢ ᠳᠦᠮᠠᠨ ᠮᠠᠯ ᠤᠨ ᠬᠦᠷᠢᠶ᠎ᠠ / ᠠᠷᠤ ᠳᠤ ᠪᠠᠨ ᠠᠷᠢᠶᠠᠳᠠᠨ ᠪᠦᠬᠦᠳᠡ ᠶᠢᠨ ᠨᠠᠭᠠᠳᠤᠮ ᠲᠠᠢ / ᠠᠯᠤᠰ ᠬᠤᠯᠠ ᠠᠴᠠ ᠪᠠᠷᠠᠯᠬᠠᠬᠤ ᠳᠤ / ᠠᠯᠠᠭ ᠵᠠᠭᠠᠨ ᠤ ᠰᠢᠨᠵᠢ ᠪᠦᠷᠢᠳᠦᠭᠰᠡᠨ᠃ / ᠬᠠᠯᠬ᠎ᠠ ᠳᠦᠷᠪᠡᠨ ᠠᠶᠢᠮᠠᠭᠳᠠᠨ ᠳᠤ / ᠬᠦᠢᠳᠡᠨ ᠬᠠᠷᠠᠭᠠᠳᠤ ᠭᠡᠮᠡᠭᠳᠡᠭᠰᠡᠨ / ᠪᠠᠷᠭᠤ ᠨᠠᠢᠮᠠᠨ ᠠᠶᠢᠮᠠᠭᠳᠠᠨ ᠳᠤ / ᠪᠠᠶᠠᠨᠮᠦ᠋ᠩᠭᠡ ᠠᠭᠤᠯᠠ ᠭᠡᠮᠡᠭᠳᠡᠭᠰᠡᠨ᠃ / ᠡᠷᠭᠡᠨᠢᠳᠤ ᠮᠡᠷᠭᠡᠨ ᠬᠦᠪᠡᠬᠦᠨ ᠤ / ᠡᠷᠳᠡᠮᠳᠤ ᠬᠠᠷᠪᠤᠯᠭ᠎ᠠ ᠶᠢ ᠰᠢᠯᠭᠠᠭᠰᠠᠨ / ᠡᠷᠡᠯᠭᠡᠭ ᠬᠦᠴᠦᠳᠤ ᠪᠦᠭᠡᠴᠤᠳ ᠤᠨ / ᠡᠷ᠎ᠡ ᠶᠢᠨ ᠴᠢᠳᠠᠯ ᠢ ᠰᠢᠯᠭᠠᠷᠠᠭᠤᠯᠤᠭᠰᠠᠨ᠃ / ᠡᠷᠡᠮᠡᠭ ᠭᠡᠬᠦᠤ ᠶᠢᠨ ᠤᠨᠠᠭ᠎ᠠ ᠶᠢᠨ / ᠡᠷᠴᠢᠳᠤ ᠰᠢᠷᠮᠤᠰᠤ ᠶᠢ ᠪᠠᠶᠢᠴᠠᠭᠠᠭᠰᠠᠨ / ᠡᠷ᠎ᠡ ᠶᠢᠨ ᠭᠤᠷᠪᠠᠨ ᠨᠠᠭᠠᠳᠤᠮ ᠤᠨ ᠬᠦᠷᠢᠶ᠎ᠠ / ᠡᠷᠡᠯᠭᠡᠭ ᠭᠤᠷᠪᠠᠨ ᠪᠠᠭᠠᠳᠤᠷ᠃ / ᠡᠪᠦᠭᠡ ᠳᠡᠭᠡᠳᠤᠰ ᠮᠢᠨᠢ ᠳᠠᠶᠢᠵᠦ / ᠤᠯᠠ ᠮᠦᠷ ᠢᠶᠠᠨ ᠦᠯᠡᠳᠡᠭᠡᠭᠰᠡᠨ / ᠦᠷ᠎ᠠ ᠤᠭᠰᠠᠭ᠎ᠠ ᠪᠢᠳᠠᠨ ᠳᠤ / ᠦᠮᠦᠭ ᠪᠤᠯᠤᠭᠰᠠᠨ ᠬᠠᠶᠢᠷᠬᠠᠨ ᠠᠭᠤᠯᠠ᠃ / ᠪᠠᠶᠠᠨ ᠪᠠᠷᠭᠤ ᠪᠢᠳᠠᠨ ᠤ / ᠪᠠᠭ᠋ᠠᠷᠠᠯ ᠰᠦᠰᠦᠭ ᠢ ᠳᠠᠳᠠᠭᠰᠠᠨ / ᠬᠠᠷᠠᠩᠭᠤᠢ ᠰᠦᠨᠢ ᠶᠢᠨ ᠬᠦᠭ ᠲᠤ / ᠬᠠᠨᠢ ᠪᠤᠯᠤᠭᠰᠠᠨ ᠰᠦᠮᠪᠤᠷ ᠬᠠᠶᠢᠷᠬᠠᠨ᠃ / ᠬᠠᠷᠠᠳᠠᠭ ᠳᠠᠶᠢᠰᠤᠨ ᠢ ᠠᠵᠢᠭᠯᠠᠬᠤ ᠳᠤ / ᠬᠠᠷᠠᠭᠤᠯ ᠮᠠᠨᠠᠭ᠎ᠠ ᠶᠢᠨ ᠳᠦᠰᠢᠮᠠᠯ / ᠬᠠᠷᠢᠶᠠᠳᠤ ᠤᠯᠠᠨ ᠠᠶᠢᠮᠠᠭᠳᠠᠨ ᠢᠶᠠᠨ / ᠬᠠᠶᠢᠷᠠᠯᠠᠵᠦ ᠦᠷᠦᠰᠢᠶᠠᠨ ᠳᠡᠳᠬᠦᠮᠤᠢ︾ ﹇15﹈ ᠭᠡᠵᠦ ᠰᠢᠯᠦᠭᠯᠡᠭᠰᠡᠨ ᠪᠠᠶᠢᠳᠠᠭ᠃ ᠳᠠᠯᠠᠩᠭᠤᠳ · ᠬᠦᠪᠡᠷᠢ ᠶᠢᠨ ᠰᠢᠯᠦᠭ ᠠᠴᠠ ᠪᠤᠭᠳᠠ ᠠᠭᠤᠯᠠ ᠨᠢ ᠡᠷᠳᠡᠨ ᠳᠡᠭᠡᠨ ︽ᠭᠤᠷᠪᠠᠨ ᠰᠦᠮᠪᠤᠷ︾᠂ ︽ᠮᠦᠩᠭᠡ ᠳᠤᠭᠳᠠᠨᠢᠭᠴᠢ ᠤᠷᠤᠨ︾᠂ ︽ᠠᠯᠳᠠᠨ ᠰᠦᠮᠪᠤᠷ︾᠂ ︽ᠪᠤᠭᠳᠠ ᠰᠦᠮᠪᠤᠷ︾᠂ ︽ᠠᠯᠳᠠᠨ ᠭᠤᠷᠪᠠᠨ ᠬᠠᠶᠢᠷᠬᠠᠨ︾᠂ ︽ᠬᠦᠢᠳᠡᠨ ᠬᠠᠷᠠᠭᠠᠳᠤ︾᠂ ︽ᠪᠠᠶᠠᠨᠮᠦ᠋ᠩᠭᠡ ᠠᠭᠤᠯᠠ︾᠂ ︽ᠡᠷᠡᠯᠭᠡᠭ ᠭᠤᠷᠪᠠᠨ ᠪᠠᠭᠠᠳᠤᠷ︾ ᠂ ︽ᠬᠠᠶᠢᠷᠬᠠᠨ ᠠᠭᠤᠯᠠ︾᠂ ︽ᠰᠦᠮᠪᠤᠷ ᠬᠠᠶᠢᠷᠬᠠᠨ︾ ᠭᠡᠵᠦ ᠨᠡᠷᠡᠯᠡᠭᠳᠡᠵᠦ ᠪᠠᠶᠢᠭᠰᠠᠨ ᠢ ᠮᠡᠳᠡᠵᠦ ᠪᠤᠯᠤᠨ᠎ᠠ᠃ ᠡᠬᠦᠨ ᠠᠴᠠ ᠭᠠᠳᠠᠨ᠎ᠠ ᠪᠠᠰᠠ ︽ᠨᠠᠷᠠᠨ ᠬᠠᠨ︾ ᠂ ︽ᠳᠦᠯᠦᠨ ᠬᠠᠷ᠎ᠠ︾ ᠭᠡᠵᠦ ᠨᠡᠷᠡᠯᠡᠭᠳᠡᠳᠡᠭ ﹇16﹈ ᠭᠡᠨ᠎ᠡ᠃ ᠡᠳᠡᠭᠡᠷ ᠨᠡᠷᠡᠰ ᠢ ᠬᠤᠷᠢᠶᠠᠩᠭᠤᠶᠢᠯᠠᠪᠠᠯ᠂ ︽ᠨᠠᠷᠠᠨ ᠬᠠᠨ︾᠂ ︽ᠪᠤᠭᠳᠠ ᠠᠭᠤᠯᠠ︾᠂ ︽ᠪᠤᠭᠳᠠ ᠰᠦᠮᠪᠤᠷ︾ ᠭᠡᠳᠡᠭ ᠨᠢ ᠰᠢᠳᠦᠭᠡᠨ ᠪᠢᠰᠢᠷᠠᠯ ᠤᠨ ᠡᠬᠦᠳᠡᠨ ᠠᠴᠠ︔ ︽ᠭᠤᠷᠪᠠᠨ ᠰᠦᠮᠪᠤᠷ︾᠂ ︽ᠠᠯᠳᠠᠨ ᠭᠤᠷᠪᠠᠨ ᠬᠠᠶᠢᠷᠬᠠᠨ︾ ᠭᠡᠳᠡᠭ ᠨᠢ ᠭᠡᠯᠪᠡᠷᠢ ᠳᠦᠷᠰᠤ ᠪᠠᠷ ᠨᠢ︔ ︽ᠡᠷᠡᠯᠭᠡᠭ ᠭᠤᠷᠪᠠᠨ ᠪᠠᠭᠠᠳᠤᠷ︾ ᠭᠡᠳᠡᠭ ᠨᠢ ᠬᠠᠷᠠᠭᠤᠯ ᠰᠠᠭᠢᠭᠤᠯ ᠤᠨ ᠡᠬᠦᠳᠡᠨ ᠠᠴᠠ︔ ︽ᠳᠦᠯᠦᠨ ᠬᠠᠷ᠎ᠠ︾᠂ ︽ᠬᠦᠢᠳᠡᠨ ᠬᠠᠷᠠᠭᠠᠳᠤ ︾ ᠭᠡᠳᠡᠭ ᠨᠢ ᠳᠤᠮᠤᠭ ᠤᠯᠠᠮᠵᠢᠯᠠᠯ ᠠᠴᠠ︔ ︽ᠮᠦᠩᠭᠡ ᠳᠤᠭᠳᠠᠨᠢᠭᠴᠢ ᠤᠷᠤᠨ︾᠂ ︽ᠪᠠᠶᠠᠨᠮᠦ᠋ᠩᠭᠡ ᠠᠭᠤᠯᠠ︾᠂ ︽ᠬᠠᠶᠢᠷᠬᠠᠨ ᠠᠭᠤᠯᠠ︾ ᠭᠡᠳᠡᠭ ᠨᠢ ᠪᠡᠯᠬᠡ ᠳᠡᠮᠪᠡᠷᠢᠯ ᠤᠨ ᠡᠬᠦᠳᠡᠨ ᠠᠴᠠ ᠨᠡᠷᠡᠯᠡᠭᠰᠡᠨ ᠪᠠᠶᠢᠨ᠎ᠠ᠃ ᠳᠤᠰ ᠰᠢᠯᠦᠭ ᠲᠤ ᠮᠡᠨᠡᠩ ᠤᠨ ᠪᠤᠭᠳᠠ ᠠᠭᠤᠯᠠ ᠨᠢ ᠡᠭᠢᠨ ᠳᠡᠭᠡᠨ ᠪᠦᠭᠡ ᠤᠩᠭᠤᠳ ᠲᠠᠢ ᠬᠠᠶᠢᠷᠬᠠᠨ ᠪᠠᠶᠢᠭᠰᠠᠨ ᠠᠴᠠ ᠬᠤᠵᠢᠮ ᠨᠢ ᠰᠢᠷ᠎ᠠ ᠶᠢᠨ ᠱᠠᠰᠢᠨ ᠤ ᠤᠶᠢᠯᠠ ᠪᠠᠷ ᠳᠡᠭᠢᠬᠤ ᠪᠤᠯᠤᠭᠰᠠᠨ ᠢ ᠳᠤᠳᠤᠷᠬᠠᠶᠢᠯᠠᠭᠰᠠᠨ ᠪᠦᠭᠡᠳ ᠪᠠᠰᠠ ︽ᠮᠤᠩᠭᠤᠯ ᠪᠠᠷᠭᠤᠴᠤᠳ ᠤᠨ ᠦᠯᠦᠭᠡᠢ / ᠮᠦᠩᠭᠡ ᠳᠤᠭᠳᠠᠨᠢᠭᠴᠢ ᠤᠷᠤᠨ︾᠂ ︽ᠬᠦᠮᠤᠨ ᠠᠳᠤᠭᠤᠰᠤᠨ ᠤ ᠵᠢᠷᠭᠠᠯᠠᠩ︾᠂ ︽ᠤᠭᠰᠠᠭ᠎ᠠ ᠠᠶᠢᠮᠠᠭᠳᠠᠨ ᠤ ᠤᠯᠠ ᠮᠦᠷ ᠢ ᠭᠡᠪᠯᠡᠭᠰᠡᠨ / ᠤᠨᠴᠠ ᠭᠠᠶᠢᠬᠠᠮᠰᠢᠭᠳᠤ ᠪᠤᠭᠳᠠ ᠰᠦᠮᠪᠤᠷ︾᠂ ︽ᠬᠠᠯᠳᠠᠵᠦ ᠢᠷᠡᠬᠦ ᠬᠤᠯᠠᠭᠠᠢ ᠶᠢ / ᠬᠠᠮᠠᠭᠠᠯᠠᠵᠦ ᠬᠠᠰᠢᠭᠰᠠᠨ ᠬᠠᠶᠢᠷᠬᠠᠨ ᠮᠢᠨᠢ︾ ᠭᠡᠵᠦ ᠳᠤᠬᠠᠢ ᠶᠢᠨ ᠦᠶ᠎ᠠ ᠳᠤ ᠪᠠᠷᠭᠤ ᠮᠤᠩᠭᠤᠯᠴᠤᠳ ᠤᠨ ᠳᠡᠤᠭᠡ ᠰᠤᠶᠤᠯ᠂ ᠠᠵᠦ ᠤᠨᠳᠤᠷᠤᠯ᠂ ᠠᠳᠠᠯ ᠤᠶᠢᠯᠡᠰ ᠢ ᠪᠦᠬᠦ ᠳᠠᠯ᠎ᠠ ᠪᠠᠷ ᠬᠤᠷᠢᠶᠠᠩᠭᠤᠶᠢᠯᠠᠭᠰᠠᠨ ᠪᠠᠶᠢᠨ᠎ᠠ᠃       ᠮᠡᠨᠡᠩ ᠤᠨ ᠪᠤᠭᠳᠠ ᠠᠭᠤᠯᠠ ᠨᠢ ᠠᠯᠢ ᠡᠷᠳᠡᠨ ᠳᠡᠭᠡᠨ ᠪᠦᠭᠡ ᠤᠩᠭᠤᠳ ᠲᠠᠢ ᠰᠢᠳᠦᠭᠡᠨᠳᠤ ᠬᠠᠶᠢᠷᠬᠠᠨ ᠪᠠᠶᠢᠵᠠᠢ᠃ ᠳᠠᠶᠢᠮᠤ ᠠᠴᠠ᠂ ᠪᠠᠷᠭᠤ ᠮᠤᠩᠭᠤᠯᠴᠤᠳ ᠨᠢ ᠮᠡᠨᠡᠩ ᠤᠨ ᠪᠤᠭᠳᠠ ᠠᠭᠤᠯᠠ ᠶᠢ ︽ᠬᠠᠶᠢᠷᠬᠠᠨ ᠠᠭᠤᠯᠠ︾ ᠪᠤᠶᠤ ︽ᠰᠦᠮᠪᠤᠷ ᠠᠭᠤᠯᠠ︾ ᠭᠡᠵᠦ ᠳᠠᠭᠤᠳᠠᠨ ᠰᠢᠳᠦᠳᠡᠭ ᠶᠤᠮ᠃ ᠪᠦᠭᠡ ᠤᠩᠭᠤᠳ ᠲᠠᠢ ᠮᠡᠨᠡᠩ ᠤᠨ ᠪᠤᠭᠳᠠ ᠠᠭᠤᠯᠠ ᠠᠴᠠ ᠦᠵᠡᠬᠦ ᠳᠤ᠂ ᠮᠡᠨᠡᠩ ᠤᠨ ᠪᠤᠭᠳᠠ ᠠᠭᠤᠯᠠ ᠪᠠᠷ ᠭᠤᠤᠯ ᠪᠤᠯᠭᠠᠭᠰᠠᠨ ᠬᠦᠯᠦᠨ ᠪᠤᠶᠢᠷ ᠤᠨ ᠳᠠᠯ᠎ᠠ ᠨᠤᠳᠤᠭ ᠨᠢ ᠪᠠᠯᠠᠷᠯᠢᠭ ᠦᠶ᠎ᠠ ᠶᠢᠨ ᠪᠦᠭᠡ ᠮᠦᠷᠬᠦᠯ ᠤᠨ ᠦᠶ᠎ᠠ ᠠᠴᠠ ᠬᠦᠮᠤᠨ ᠠᠷᠠᠳ ᠠᠵᠦ ᠳᠦᠷᠦᠵᠦ ᠪᠠᠶᠢᠭᠰᠠᠨ ᠢ ᠪᠠᠰᠠ ᠨᠢᠭᠡ ᠳᠠᠯ᠎ᠠ ᠪᠠᠷ ᠨᠤᠳᠠᠯᠠᠭᠰᠠᠨ ᠪᠠᠶᠢᠨ᠎ᠠ᠃ ᠳᠡᠷᠡ ᠬᠦ ᠡᠷᠳᠡᠨ ᠤ ᠬᠦᠮᠤᠨ ᠠᠷᠠᠳ ᠨᠢ ᠳᠠᠷᠤᠢ ᠪᠠᠷᠭᠤ ᠮᠤᠩᠭᠤᠯᠴᠤᠳ ᠪᠤᠯᠤᠨ᠎ᠠ᠃ ᠪᠠᠷᠭᠤ ᠮᠤᠩᠭᠤᠯᠴᠤᠳ ᠠᠯᠢ ᠡᠷᠳᠡᠨ ᠠᠴᠠ ᠪᠦᠭᠡ ᠤᠩᠭᠤᠳ ᠰᠢᠳᠦᠭᠡᠨ ᠲᠠᠢ ᠬᠦᠮᠤᠰ ᠪᠤᠯᠬᠤ ᠭᠡᠷᠡᠴᠢᠯᠡᠭᠰᠡᠨ ᠶᠤᠮ᠃ ᠪᠠᠷᠭᠤ ᠮᠤᠩᠭᠤᠯᠴᠤᠳ ᠤᠨ ᠠᠵᠦ ᠤᠨᠳᠤᠷᠤᠯ᠂ ᠰᠤᠶᠤᠯ ᠢᠷᠭᠡᠨᠰᠢᠯ ᠠᠴᠠ ᠠᠵᠢᠭᠯᠠᠬᠤ ᠳᠤ᠂ ᠨᠤᠳᠤᠭ ᠤᠰᠤ ᠶᠢᠨ ᠠᠭᠤᠯᠠ ᠤᠩᠭᠤᠳ᠂ ᠨᠠᠪᠳᠠᠭ ᠰᠠᠪᠳᠠᠭ ᠨᠢ ᠪᠠᠷᠭᠤ ᠮᠤᠩᠭᠤᠯᠴᠤᠳ ᠤᠨ ᠳᠤᠷᠨᠢᠯ ᠬᠦᠭᠵᠢᠯᠳᠡ ᠳᠤ ᠬᠦᠴᠦᠨ ᠪᠤᠶᠤ ᠡᠨᠧᠷᠭᠢ ᠬᠠᠩᠭᠠᠳᠠᠭ ᠳᠤᠯᠠ ᠪᠠᠷᠭᠤ ᠮᠤᠩᠭᠤᠯᠴᠤᠳ ᠮᠠᠨᠢ ᠡᠷᠳᠡ ᠳᠡᠭᠡᠳᠤ ᠦᠶ᠎ᠠ ᠠᠴᠠ ᠪᠠᠨ ᠮᠡᠨᠡᠩ ᠤᠨ ᠪᠤᠭᠳᠠ ᠠᠭᠤᠯᠠ ᠶᠢ ᠰᠢᠳᠦᠵᠦ ᠳᠠᠭᠢᠭᠰᠠᠭᠠᠷ ᠢᠷᠡᠭᠰᠡᠨ ᠪᠠᠶᠢᠨ᠎ᠠ᠃ ᠮᠡᠨᠡᠩ ᠤᠨ ᠪᠤᠭᠳᠠ ᠠᠭᠤᠯᠠ ᠨᠢ ᠪᠦᠭᠡ ᠢᠳᠤᠭᠠᠨ ᠤ ᠤᠩᠭᠤᠳ ᠲᠠᠢ ᠰᠢᠳᠦᠭᠡᠨᠳᠤ ᠬᠠᠶᠢᠷᠬᠠᠨ ᠪᠠᠶᠢᠭᠰᠠᠨ ᠢ ᠭᠡᠷᠡᠴᠢᠯᠡᠬᠦ ᠨᠢᠭᠡᠨ ᠪᠠᠷᠢᠮᠳᠠ ᠭᠡᠪᠡᠯ᠂ 1740 ᠤᠨ ᠳᠤ ᠮᠡᠨᠡᠩ ᠤᠨ ᠪᠤᠭᠳᠠ ᠠᠭᠤᠯᠠ ᠶᠢᠨ ᠪᠦᠭᠡ ᠤᠩᠭᠤ ᠶᠢ ᠨᠢ ᠳᠠᠯᠠᠨ ᠳᠡᠷᠭᠡ ᠪᠠᠷ ᠳᠡᠭᠡᠬᠡᠵᠦ᠂ ᠲᠠᠭᠠᠨ ᠳᠡᠯ ᠠᠭᠤᠯᠠᠨ ᠳᠤ ᠠᠪᠠᠴᠢᠭᠰᠠᠨ ᠭᠡᠳᠡᠭ ᠠᠮᠠᠨ ᠤᠯᠠᠮᠵᠢᠯᠠᠯ ᠪᠠᠶᠢᠳᠠᠭ᠃ ᠳᠤᠰ ᠤᠯᠠᠮᠵᠢᠯᠠᠯ ᠳᠤ ᠤᠵᠤᠭᠤᠷ ᠲᠤ ᠲᠠᠭᠠᠨ ᠳᠡᠯ ᠠᠭᠤᠯᠠ ᠨᠢ ᠢᠳᠤᠭᠠᠨ ᠤᠩᠭᠤ ᠲᠠᠢ ᠠᠭᠤᠯᠠ ᠪᠠᠶᠢᠵᠦ᠂ ᠬᠤᠵᠢᠮ ᠨᠢ ᠮᠡᠨᠡᠩ ᠤᠨ ᠪᠤᠭᠳᠠ ᠠᠭᠤᠯᠠ ᠶᠢᠨ ᠪᠦᠭᠡ ᠤᠩᠭᠤ ᠶᠢ ᠠᠪᠠᠴᠢᠭᠰᠠᠨ ᠠᠴᠠ ᠲᠠᠭᠠᠨ ᠳᠡᠯ ᠨᠢ ᠪᠦᠭᠡ ᠢᠳᠤᠭᠠᠨ ᠤᠩᠭᠤ ᠲᠠᠢ ᠠᠭᠤᠯᠠ ᠪᠤᠯᠵᠠᠢ ᠭᠡᠳᠡᠭ ﹇17﹈᠃ ᠮᠤᠩᠭᠤᠯ ᠦᠭᠡᠨ ᠳᠤ ︽ᠳᠠᠯᠠ︾ ᠭᠡᠵᠦ ᠤᠯᠠᠨ ᠳᠤᠭ᠎ᠠ ᠶᠢ ᠢᠯᠡᠳᠭᠡᠭᠰᠡᠨ ᠤᠳᠬ᠎ᠠ ᠪᠠᠷ ᠠᠷᠪᠢᠨ ᠭᠡᠷᠡᠭᠯᠡᠭᠳᠡᠳᠡᠭ ᠶᠤᠮ᠃ ᠵᠢᠱᠢᠶ᠎ᠡ ᠨᠢ᠂ ︽ᠳᠠᠯᠠᠨ ᠭᠡᠯᠡᠳᠤ︾᠂ ︽ᠳᠡᠯᠡᠨ ᠬᠤᠳᠠᠯᠴᠢ︾᠂ ︽ᠳᠠᠯᠠᠨ ᠨᠦᠮᠦᠷᠭᠡᠰ︾ ᠭᠡᠬᠦ ᠵᠡᠷᠭᠡ ᠨᠢ ᠪᠦᠷ ᠤᠯᠠᠨ ᠳᠤᠭ᠎ᠠ ᠶᠢ ᠢᠯᠡᠳᠭᠡᠭᠰᠡᠨ ᠤᠳᠬ᠎ᠠ ᠪᠦᠬᠦᠢ ᠦᠭᠡ ᠪᠤᠯᠤᠨ᠎ᠠ᠃ ᠠᠮᠠᠨ ᠳᠤᠮᠤᠭ ᠲᠤ ᠳᠤᠷᠠᠳᠴᠤ ᠪᠤᠢ ᠳᠠᠯᠠᠨ ᠳᠡᠷᠭᠡ ᠪᠠᠷ ᠪᠦᠭᠡ ᠤᠩᠭᠤᠳ ᠢ ᠳᠡᠭᠡᠭᠡᠭᠰᠡᠨ ᠭᠡᠰᠡᠨ ᠢᠶᠠᠷ ᠦᠵᠡᠬᠦ ᠳᠤ ᠭᠡᠳᠦ᠋ᠢᠴᠢᠨᠡᠨ ᠤᠯᠠᠨ ᠤᠩᠭᠤᠳ ᠪᠠᠶᠢᠭᠰᠠᠨ ᠪᠤᠢ︖ ᠳᠡᠭᠡᠵᠦ ᠪᠤᠳᠤᠪᠠᠯ ᠮᠡᠨᠡᠩ ᠤᠨ ᠪᠤᠭᠳᠠ ᠠᠭᠤᠯᠠ ᠨᠢ ᠭᠡᠳᠦ᠋ᠢᠴᠢᠨᠡᠨ ᠦᠶ᠎ᠠ ᠶᠢᠨ ᠪᠦᠭᠡ ᠤᠩᠭᠤᠳ ᠤᠨ ᠬᠦᠴᠦᠨ ᠢ ᠬᠤᠷᠠᠮᠳᠤᠭᠤᠯᠤᠭᠰᠠᠨ ᠮᠠᠰᠢ ᠤᠷᠳᠤ ᠤᠳᠠᠭᠠᠨ ᠵᠢᠯ ᠤᠨ ᠳᠡᠤᠭᠡ ᠲᠠᠢ ᠰᠢᠳᠦᠭᠡᠨᠳᠤ ᠬᠠᠶᠢᠷᠬᠠᠨ ᠪᠤᠯᠬᠤ ᠶᠢ ᠡᠷᠭᠡ ᠦᠬᠡᠢ ᠰᠠᠨᠠᠭᠳᠠᠭᠤᠯᠤᠨ᠎ᠠ᠃ ᠬᠤᠵᠢᠮ ᠨᠢ᠂ ᠳᠠᠩ ᠤᠯᠤᠰ ᠤᠨ ᠦᠶ᠎ᠡ ᠪᠤᠯᠬᠤ ᠳᠤ 6 ᠳᠦᠮᠠᠨ ᠡᠷᠤᠭᠡ 1 ᠳᠦᠮᠡᠨ ᠴᠡᠷᠢᠭ ᠲᠠᠢ ᠪᠠᠷᠭᠤ ᠮᠤᠩᠭᠤᠯᠴᠤᠳ ᠮᠦᠨ ᠯᠡ ᠪᠦᠭᠡ ᠤᠩᠭᠤᠳ ᠤᠨ ᠰᠢᠳᠦᠭᠡᠨᠳᠤ ᠬᠠᠶᠢᠷᠬᠠᠨ ᠢᠶᠠᠨ ᠳᠡᠭᠢᠵᠦ ᠰᠢᠳᠦᠵᠦ ᠪᠠᠶᠢᠭᠰᠠᠨ ᠨᠢ ᠮᠡᠳᠡᠭᠡᠵᠢ ᠶᠤᠮ᠃ ᠳᠡᠤᠭᠡ ᠶᠢᠨ ᠳᠡᠮᠳᠡᠭᠯᠡᠯ ᠢ ᠦᠨᠳᠦᠰᠦᠯᠡᠪᠡᠯ᠂ ᠪᠠᠷᠭᠤ ᠮᠤᠩᠭᠤᠯᠴᠤᠳ ᠨᠠᠭᠠᠳᠤ ᠵᠠᠬ᠎ᠠ ᠨᠢ 7 ᠳ᠋ᠤᠭᠠᠷ ᠵᠠᠭᠤᠨ ᠤ ᠡᠭᠢᠨ ᠠᠴᠠ 1740 ᠤᠨ ᠪᠤᠯᠳᠠᠯ᠎ᠠ ᠮᠢᠩᠭᠠᠨ ᠵᠢᠯ ᠪᠦᠭᠡ ᠮᠦᠷᠬᠦᠯ ᠤᠨ ᠰᠢᠳᠦᠯᠭᠡ ᠳᠡᠭᠢᠯᠭ᠎ᠠ ᠪᠠᠷ ᠢᠶᠠᠨ ᠬᠠᠶᠢᠷᠬᠠᠨ ᠠᠭᠤᠯᠠ ᠪᠠᠨ ᠳᠡᠭᠡᠳᠤᠯᠡᠨ ᠳᠡᠭᠢᠵᠦ᠂ ᠬᠦᠯᠦᠨ ᠪᠤᠶᠢᠷ ᠤᠷᠤᠨ ᠳᠠᠭᠠᠨ ᠪᠠᠶᠢᠭᠠᠯᠢ ᠳᠡᠯᠡᠭᠡᠢ ᠲᠠᠢ ᠪᠠᠨ ᠵᠤᠭᠢᠴᠠᠨ᠂ ᠠᠮᠤᠷ ᠮᠡᠨᠳᠤ ᠠᠵᠦ ᠳᠦᠷᠦᠵᠦ ᠪᠠᠶᠢᠭᠰᠠᠨ ᠪᠠᠶᠢᠨ᠎ᠠ᠃ ᠪᠦᠭᠡ ᠶᠢᠨ ᠳᠠᠭᠤᠳᠠᠯᠭ᠎ᠠ ᠳᠤ ︽ᠳᠠᠯ᠎ᠠ ᠭᠤᠪᠢ ᠨᠤᠳᠤᠭ ᠲᠠᠭᠠᠨ / ᠳᠡᠩᠰᠤᠭ ᠮᠠᠯ ᠪᠡᠯᠴᠢᠭᠰᠡᠨ / ᠳᠠᠲ᠋ᠠᠷ ᠮᠤᠩᠭᠤᠯ ᠦᠶ᠎ᠠ ᠠᠴᠠ / ᠳᠠᠨᠢᠵᠦ ᠪᠢᠰᠢᠷᠡᠭᠰᠡᠨ ᠭᠤᠷᠪᠠᠨ ᠰᠦᠮᠪᠤᠷ / ᠁︾ ﹇18﹈ ᠭᠡᠵᠦ ᠪᠦᠭᠡᠯᠡᠳᠡᠭ ᠪᠠᠶᠢᠵᠠᠢ᠃       16 ᠳ᠋ᠤᠭᠠᠷ ᠵᠠᠭᠤᠨ ᠤ ᠰᠡᠬᠦᠯᠴᠢ ᠪᠠᠷ ᠪᠤᠳ᠋ᠳ᠋ᠾᠨ ᠶᠢᠨ ᠱᠠᠰᠢᠨ ᠮᠤᠩᠭᠤᠯ ᠤᠷᠤᠨ ᠳᠤ ᠨᠡᠪᠴᠢᠨ ᠤᠷᠤᠭᠰᠡᠨ ᠠᠴᠠ ᠬᠤᠶᠢᠰᠢ᠂ ᠪᠠᠷᠭᠤ ᠮᠤᠩᠭᠤᠯᠴᠤᠳ ᠨᠢ ᠮᠦᠨ ᠮᠤᠩᠭᠤᠯ ᠤᠨ ᠪᠤᠰᠤᠳ ᠶᠠᠰᠤᠳᠠᠨ ᠤᠭᠰᠠᠭᠠᠳᠠᠨ ᠯᠤᠭ᠎ᠠ ᠠᠳᠠᠯᠢ ᠪᠠᠷ ᠪᠤᠳ᠋ᠳ᠋ᠾᠨ ᠶᠢᠨ ᠱᠠᠰᠢᠨ ᠤ ᠭᠡᠯᠦ᠋ᠭᠪᠡ ᠶᠢᠨ ᠪᠦᠯᠦᠭ ᠢ ᠰᠢᠳᠦᠬᠦ ᠪᠤᠯᠤᠭᠰᠠᠨ ᠶᠤᠮ᠃ ᠳᠡᠭᠡᠭᠡᠳ ᠪᠠᠷᠭᠤ ᠮᠤᠩᠭᠤᠯᠴᠤᠳ ᠤᠨ ᠨᠢᠭᠡ ᠪᠦᠯᠦᠭ ᠨᠢ ᠤᠤᠯ ᠠᠴᠠ ᠳᠡᠭᠢᠵᠦ ᠰᠢᠳᠦᠵᠦ ᠪᠠᠶᠢᠭᠰᠠᠨ ᠪᠦᠭᠡ ᠤᠩᠭᠤᠳ ᠢᠶᠠᠨ ᠬᠠᠶᠠᠵᠦ᠂ ᠪᠤᠳ᠋ᠳ᠋ᠾᠨ ᠶᠢᠨ ᠱᠠᠰᠢᠨ ᠤ ᠭᠡᠯᠦ᠋ᠭᠪᠡ ᠶᠢᠨ ᠪᠦᠯᠦᠭ ᠤᠨ ᠦᠵᠡᠯ ᠤᠷᠤᠰᠬᠠᠯ ᠢ ᠬᠦᠯᠢᠶᠡᠨ ᠠᠪᠴᠠᠢ᠃ ᠭᠡᠯᠦ᠋ᠭᠪᠡ ᠶᠢᠨ ᠪᠦᠯᠦᠭ ᠢ ᠮᠤᠩᠭᠤᠯ ᠤᠷᠤᠨ ᠳᠤ ︽ᠰᠢᠷ᠎ᠠ ᠶᠢᠨ ᠱᠠᠰᠢᠨ︾ ᠭᠡᠳᠡᠭ ᠶᠤᠮ᠃ 1730 ᠤᠨ ᠠᠴᠠ ᠬᠤᠶᠢᠰᠢ ᠪᠠᠷᠭᠤ ᠮᠤᠩᠭᠤᠯᠴᠤᠳ ᠨᠢ ᠰᠢᠷ᠎ᠠ ᠶᠢᠨ ᠱᠠᠰᠢᠨ ᠢ ᠰᠢᠳᠦᠵᠦ᠂ 1740 ᠤᠨ ᠳᠤ ᠬᠠᠶᠢᠷᠬᠠᠨ ᠠᠭᠤᠯᠠ ᠶᠢᠨ ᠪᠦᠭᠡ ᠤᠩᠭᠤᠳ ᠢᠶᠠᠨ ᠴᠤ ᠰᠢᠯᠵᠢᠬᠦᠯᠵᠦ᠂ ᠲᠠᠭᠠᠨ ᠳᠠᠯ ᠠᠭᠤᠯᠠᠨ ᠳᠤ ᠨᠡᠬᠦᠯᠭᠡᠪᠡ᠃ ᠳᠡᠬᠦᠨ ᠠᠴᠠ ᠬᠤᠶᠢᠰᠢ᠂ ᠬᠠᠶᠢᠷᠬᠠᠨ ᠠᠭᠤᠯᠠ ᠪᠠᠨ ︽ᠪᠤᠭᠳᠠ ᠠᠭᠤᠯᠠ︾ ᠭᠡᠵᠦ ᠨᠡᠷᠡᠯᠡᠭᠡᠳ᠂ ᠰᠢᠷ᠎ᠠ ᠶᠢᠨ ᠱᠠᠰᠢᠨ ᠤ ᠤᠶᠢᠯᠡ ᠠᠵᠢᠯᠯᠠᠭ᠎ᠠ ᠪᠠᠷ ᠳᠡᠭᠢᠵᠦ ᠰᠢᠳᠦᠬᠦ ᠪᠤᠯᠤᠭᠰᠠᠨ ᠪᠠᠶᠢᠨ᠎ᠠ᠃ ᠮᠠᠨᠵᠦ ᠴᠢᠩ ᠤᠨ ᠦᠶ᠎ᠠ ᠳᠤ᠂ ᠬᠦᠪᠡᠭᠡᠳᠤ ᠤᠯᠠᠭᠠᠨ ᠬᠤᠰᠢᠭᠤᠨ ᠤ ᠬᠢᠨ ᠳᠠᠭᠢᠯᠭ᠎ᠠ ᠶᠢᠨ ᠤᠶᠢᠯᠡ ᠶᠢ ᠡᠷᠭᠢᠯᠡᠵᠦ ᠶᠠᠪᠤᠭᠳᠠᠭᠤᠯᠵᠦ ᠪᠠᠶᠢᠭᠰᠠᠨ ᠠᠴᠠ ᠪᠠᠨ ᠬᠦᠯᠦ ᠰᠢᠷ᠎ᠠ᠂ ᠬᠦᠯᠦ ᠤᠯᠠᠭᠠᠨ᠂ ᠬᠦᠪᠡᠭᠡᠳᠤ ᠤᠯᠠᠭᠠᠨ᠂ ᠬᠦᠪᠡᠭᠡᠳᠤ ᠬᠦᠭᠡ ᠵᠡᠷᠭᠡ ᠳᠦᠷᠪᠡᠨ ᠬᠤᠰᠢᠭᠤ ᠡᠭᠡᠯᠵᠢᠯᠡᠨ᠂ ᠵᠢᠯ ᠪᠦᠷᠢ ᠶᠢᠨ ᠪᠢᠯᠢᠭ ᠤᠨ ᠤᠯᠠᠷᠢᠯ ᠤᠨ ᠳᠠᠪᠤᠨ ᠰᠠᠷ᠎ᠠ ᠶᠢᠨ ᠠᠷᠪᠠᠨ ᠭᠤᠷᠪᠠᠨ ᠳᠤ ᠠᠯᠪᠠᠨ ᠠᠴᠠ ᠡᠷᠭᠢᠯᠡᠨ ᠶᠠᠪᠤᠭᠳᠠᠭᠤᠯᠵᠦ᠂ ᠪᠢᠯᠢᠭ ᠤᠨ ᠤᠯᠠᠷᠢᠯ ᠤᠨ ᠳᠤᠯᠤᠭᠠᠨ ᠰᠠᠷ᠎ᠠ ᠶᠢᠨ ᠰᠢᠨ᠎ᠠ ᠶᠢᠨ ᠭᠤᠷᠪᠠᠨ ᠳᠤ ᠪᠦᠬᠦ ᠠᠷᠠᠳ ᠢᠶᠠᠷ ᠢᠶᠠᠨ ᠳᠠᠭᠢᠳᠠᠭ ᠶᠤᠮ᠃ ᠳᠡᠭᠡᠭᠡᠳ ᠮᠡᠨᠡᠩ ᠤᠨ ᠪᠤᠭᠳᠠ ᠠᠭᠤᠯᠠ ᠶᠢᠨ ᠤᠯᠠᠮᠵᠢᠯᠠᠯᠳᠤ ᠳᠠᠭᠢᠯᠭ᠎ᠠ ᠨᠢ ᠵᠢᠯ ᠳᠤ ᠬᠤᠶᠠᠷ ᠤᠳᠠᠭ᠎ᠠ ᠶᠠᠪᠤᠭᠳᠠᠳᠠᠭ ᠪᠤᠯᠵᠠᠢ᠃ ᠮᠡᠨᠡᠩ ᠤᠨ ᠪᠤᠭᠳᠠ ᠠᠭᠤᠯᠠ ᠪᠠᠨ ᠳᠠᠭᠢᠬᠤ ᠠᠴᠠ ᠡᠮᠤᠨ᠎ᠠ ᠭᠡᠳᠤᠨ ᠬᠤᠨᠤᠭ ᠠᠴᠠ ᠡᠭᠢᠯᠡᠨ᠂ ᠭᠠᠨᠵᠤᠤᠷ ᠰᠦᠮ᠎ᠠ ᠪᠤᠯᠤᠨ ᠳ᠋ᠠᠰᠢᠫᠤᠩᠰᠤᠭ ᠰᠦᠮ᠎ᠠ ᠶᠢᠨ ᠯᠠᠮᠠ ᠨᠡᠷ ᠬᠤᠷᠠᠵᠦ ᠨᠤᠮ ᠰᠤᠳᠤᠷ ᠤᠩᠰᠢᠨ ᠳᠠᠭᠢᠯᠭ᠎ᠠ ᠳᠠᠭᠤᠰᠳᠠᠯ᠎ᠠ ᠱᠠᠰᠢᠨ ᠤ ᠤᠶᠢᠯᠡ ᠤᠶᠢᠯᠡᠳᠦᠳᠡᠭ᠃ ᠳᠠᠭᠢᠯᠭ᠎ᠠ ᠶᠢᠨ ᠡᠳᠤᠷ ᠬᠦᠮᠤᠰ ᠦᠷ ᠤᠨ ᠭᠡᠭᠡ ᠪᠠᠷ ᠠᠭᠤᠯᠠ ᠤᠩᠭᠤᠳ ᠲᠠᠭᠠᠨ ᠡᠷᠬᠦᠬᠦ ᠶᠠᠭᠤᠮ᠎ᠠ ᠭᠡᠤᠮ᠎ᠠ ᠪᠠᠨ ᠠᠪᠴᠤ ᠪᠤᠭᠳᠠ ᠠᠭᠤᠯᠠᠨ ᠳᠤ ᠬᠦᠷᠦᠭᠡᠳ ᠡᠷᠡᠭᠳᠡᠶᠢᠴᠤᠳ ᠨᠢ ᠠᠭᠤᠯᠠᠨ ᠳᠤ ᠭᠠᠷᠴᠤ ᠠᠭᠤᠯᠠ ᠤᠩᠭᠤᠳ ᠲᠠᠭᠠᠨ ᠮᠦᠷᠬᠦᠨ᠂ ᠡᠮᠡᠭᠳᠡᠶᠢᠴᠤᠳ ᠨᠢ ᠠᠭᠤᠯᠠᠨ ᠬᠤᠷᠮᠤᠢ ᠳᠤ ᠦᠯᠡᠳᠡᠨ ᠮᠦᠷᠬᠦᠨ ᠳᠠᠭᠠᠳᠬᠠᠳᠠᠭ᠃ ᠠᠭᠤᠯᠠᠨ ᠳᠤ ᠡᠷᠬᠦᠬᠦ ᠶᠠᠭᠤᠮ᠎ᠠ ᠭᠤᠤᠯᠳᠠᠭᠤ ᠪᠦᠬᠦᠯᠢ ᠬᠤᠨᠢ᠂ ᠴᠠᠭᠠᠨ ᠢᠳᠡᠭᠡ᠂ ᠳᠠᠪᠤᠨ ᠳᠠᠷᠢᠶ᠎ᠠ ᠶᠢᠨ ᠦᠷ᠎ᠠ᠂ ᠪᠤᠤᠪᠤ᠂ ᠬᠠᠳᠠᠭ ᠵᠡᠷᠭᠡ ᠪᠠᠶᠢᠳᠠᠭ᠃ ᠠᠭᠤᠯᠠᠨ ᠳᠤ ᠭᠠᠷᠴᠤ ᠳᠠᠭᠢᠬᠤ ᠬᠦᠮᠤᠰ ᠵᠠᠮ ᠤᠨ ᠬᠠᠵᠠᠭᠤ ᠪᠠᠷ ᠬᠢ ᠵᠢᠵᠢᠭ ᠤᠪᠤᠭ᠎ᠠ ᠠᠴᠠ ᠡᠭᠢᠯᠡᠨ ᠨᠠᠷᠠ ᠵᠦᠪ ᠭᠤᠷᠪᠠ ᠭᠤᠷᠢᠶᠠᠯᠠᠵᠦ᠂ ᠢᠳᠡᠭᠡ ᠪᠤᠳᠠᠭᠠᠨ ᠤ ᠳᠡᠭᠡᠵᠢ ᠪᠤᠯᠤᠨ ᠬᠠᠳᠠᠭ ᠢᠶᠠᠨ ᠡᠷᠬᠦᠵᠦ᠂ ᠳᠠᠷᠠᠭ᠎ᠠ ᠨᠢ ᠤᠪᠤᠭᠠᠨ ᠳᠠᠭᠠᠨ ᠮᠦᠷᠬᠦᠳᠡᠭ ᠪᠠᠶᠢᠨ᠎ᠠ᠃ ᠤᠳᠤ ᠭᠤᠤᠯ ᠳᠠᠭᠢᠯᠭ᠎ᠠ ᠨᠢ 10 ᠴᠠᠭ ᠤᠨ ᠦᠶ᠎ᠠ ᠪᠠᠷ ᠡᠭᠢᠯᠡᠵᠦ᠂ ᠯᠠᠮᠠ ᠨᠡᠷ ᠠᠭᠤᠯᠠ ᠶᠢᠨ ᠳᠠᠭᠢᠯᠭ᠎ᠠ ᠶᠢᠨ ᠰᠠᠩ ᠪᠤᠯᠤᠨ ᠠᠭᠤᠯᠠ ᠶᠢᠨ ᠰᠤᠳᠤᠷ ᠤᠩᠰᠢᠵᠦ ᠠᠭᠤᠯᠠ ᠪᠠᠨ ᠳᠠᠭᠢᠳᠠᠭ ᠪᠤᠯᠵᠠᠢ᠃ ᠳᠠᠷᠠᠭ᠎ᠠ ᠨᠢ ᠨᠠᠮᠳᠠᠭ ᠳᠠᠯᠠᠯᠭ᠎ᠠ ᠠᠪᠴᠤ᠂ ᠭᠡᠰᠢᠭ ᠪᠤᠶᠠᠨ ᠬᠤᠷᠦ᠋ᠢᠯᠠᠨ ᠠᠭᠤᠯᠠ ᠶᠢᠨ ᠳᠡᠭᠢᠯᠭ᠎ᠠ ᠦᠨᠳᠦᠷᠯᠡᠳᠡᠭ ﹇19﹈᠃ ᠠᠭᠤᠯᠠ ᠤᠪᠤᠭ᠎ᠠ ᠶᠢᠨ ᠳᠡᠭᠢᠯᠭ᠎ᠠ ᠳᠤ ᠤᠴᠢᠬᠤ ᠳᠠᠯᠢᠮ ᠢᠶᠠᠷ ᠳᠠᠨᠢᠯ ᠳᠠᠰᠤᠯ ᠬᠦᠮᠤᠰ ᠤᠴᠠᠷᠠᠨ ᠵᠤᠯᠭᠠᠵᠦ᠂ ᠬᠦᠮᠤᠨ ᠠᠷᠠᠳ ᠤᠨ ᠰᠠᠶᠢᠨ ᠮᠡᠨᠳᠤ ᠪᠠᠨ ᠮᠡᠳᠡᠯᠴᠠᠵᠦ ᠂ ᠬᠤᠷ᠎ᠠ ᠪᠤᠷᠤᠭᠠᠨ ᠳᠡᠭᠰᠢ᠂ ᠮᠠᠯ ᠰᠦᠷᠦᠭ ᠤᠨ ᠢᠶᠠᠨ ᠦᠷᠨᠢᠯ ᠬᠦᠭᠵᠢᠯ ᠢ ᠤᠶᠢᠯᠠᠭᠠᠯᠴᠠᠨ᠂ ᠠᠳᠠᠯ ᠤᠶᠢᠯᠠᠰ ᠤᠨ ᠠᠷᠭ᠎ᠠ ᠳᠡᠮ ᠢᠶᠠᠨ ᠬᠠᠷᠢᠯᠴᠠᠨ ᠤᠯᠠᠮᠵᠢᠯᠠᠳᠠᠭ ᠶᠤᠮ᠃ ᠤᠷᠴᠢᠨ ᠦᠶ᠎ᠠ ᠪᠤᠯᠬᠤ ᠳᠤ᠂ ᠳᠠᠩ ᠴᠤᠯᠭᠤᠢ ᠳᠠᠭᠢᠯᠭ᠎ᠠ ᠶᠢᠨ ᠬᠦᠳᠡᠯᠭᠡᠭᠡᠨ ᠠᠴᠠ ᠪᠠᠨ ᠤᠯᠠᠨ ᠳᠦᠮᠠᠨᠴᠢ ᠴᠢᠨᠠᠷ ᠲᠠᠢ ᠰᠤᠶᠤᠯ ᠵᠤᠭᠠᠴᠠᠯ ᠤᠨ ᠠᠵᠢᠯᠯᠠᠭ᠎ᠠ ᠂ ᠨᠠᠶᠢᠷ ᠨᠠᠭᠠᠳᠤᠮ ᠪᠤᠯᠤᠨ ᠬᠦᠭᠵᠢᠪᠠ᠃ ᠵᠢᠱᠢᠶ᠎ᠠ ᠨᠢ᠂ ᠪᠠᠷᠠᠭ᠎ᠠ ᠳᠠᠸᠠᠷ ᠤᠨ ᠰᠤᠯᠢᠯᠴᠠᠭ᠎ᠠ᠂ ᠦᠨᠳᠦᠰᠦᠳᠡᠨ ᠤ ᠭᠠᠷ ᠤᠷᠠᠯᠠᠯ ᠭᠢᠭᠡᠳ ᠬᠤᠪᠴᠠᠰᠤ ᠵᠠᠰᠠᠯ ᠤᠨ ᠦᠵᠡᠬᠦᠯᠦᠯᠭᠡ᠂ ᠨᠠᠭᠠᠳᠤᠮ ᠳᠤᠭᠯᠠᠭᠠᠮ᠂ ᠳᠠᠭᠤᠤ ᠪᠦᠵᠢᠭ ᠤᠨ ᠳᠤᠭᠯᠠᠯᠳᠠ᠂ ᠰᠢᠨᠵᠢᠯᠡᠬᠦ ᠮᠡᠷᠭᠡᠵᠢᠯ ᠤᠨ ᠤᠬᠠᠭᠤᠯᠭ᠎ᠠ ᠵᠡᠷᠭᠡ ᠤᠯᠠᠨ ᠠᠭᠤᠯᠭ᠎ᠠ ᠲᠠᠢ ᠪᠤᠯᠪᠠ᠃       ᠮᠡᠨᠡᠩ ᠤᠨ ᠪᠤᠭᠳᠠ ᠠᠭᠤᠯᠠ ᠶᠢᠨ ᠤᠩᠭᠤᠳ ᠳᠠᠭᠢᠯᠭ᠎ᠠ ᠶᠢᠨ ᠤᠶᠢᠯᠡ ᠠᠵᠢᠯᠯᠠᠭ᠎ᠠ ᠶᠢᠨ ᠬᠦᠭᠵᠢᠯᠳᠡ ᠠᠴᠠ ᠦᠵᠡᠬᠦ ᠳᠤ᠂ ᠮᠡᠨᠡᠩ ᠤᠨ ᠪᠤᠭᠳᠠ ᠠᠭᠤᠯᠠ ᠨᠢ ᠪᠠᠷᠭᠤ ᠮᠤᠩᠭᠤᠯᠴᠤᠳ ᠤᠨ ᠡᠪᠦᠭᠡ ᠳᠡᠭᠡᠳᠤ ᠠᠴᠠ ᠪᠠᠨ ᠳᠡᠭᠢᠵᠦ ᠰᠢᠳᠦᠭᠰᠡᠭᠡᠷ ᠢᠷᠡᠭᠰᠡᠨ ᠰᠢᠳᠦᠭᠡᠨᠳᠤ ᠬᠠᠶᠢᠷᠬᠠᠨ ᠪᠤᠯᠤᠨ᠎ᠠ᠃ ᠮᠡᠨᠡᠩ ᠤᠨ ᠪᠤᠭᠳᠠ ᠠᠭᠤᠯᠠ ᠶᠢᠨ ᠳᠠᠭᠢᠯᠭ᠎ᠠ ᠳᠤ ᠳᠠᠪᠤᠨ ᠳᠠᠷᠢᠶ᠎ᠠ ᠶᠢᠨ ᠦᠷ᠎ᠠ ᠶᠢ ᠡᠷᠬᠦᠬᠦ ᠵᠠᠩ ᠤᠶᠢᠯᠠ ᠠᠴᠠ ᠪᠠᠷᠭᠤ ᠮᠤᠩᠭᠤᠯᠴᠤᠳ ᠠᠯᠢ ᠡᠷᠳᠡᠨ ᠠᠴᠠ ᠪᠠᠨ ᠵᠤᠭᠢᠬᠤ ᠭᠡᠮᠵᠢᠶᠡᠨ ᠤ ᠳᠠᠷᠢᠮᠠᠯ ᠤᠷᠭᠤᠮᠠᠯ ᠢ ᠡᠷᠭᠢᠯᠡᠵᠦ ᠪᠠᠶᠢᠭᠰᠠᠨ ᠢ ᠮᠡᠳᠡᠵᠦ ᠪᠤᠯᠤᠨ᠎ᠠ᠃ ᠮᠦᠨ ᠴᠤ ᠪᠠᠷᠭᠤ ᠮᠤᠩᠭᠤᠯᠴᠤᠳ ᠤᠵᠤᠭᠤᠷ ᠳᠡᠭᠡᠳᠤ ᠶᠢᠨ ᠦᠶ᠎ᠠ ᠠᠴᠠ ᠪᠠᠨ ᠬᠦᠯᠦᠨ ᠪᠤᠶᠢᠷ ᠤᠨ ᠳᠠᠯ᠎ᠠ ᠨᠤᠳᠤᠭ ᠲᠤ ᠨᠡᠬᠦᠳᠡᠯᠯᠡᠨ ᠠᠵᠦ ᠳᠦᠷᠦᠵᠦ ᠪᠠᠶᠢᠭᠰᠠᠨ ᠢ ᠨᠦᠬᠦᠭᠡ ᠳᠠᠯ᠎ᠠ ᠪᠠᠷ ᠪᠠᠳᠤᠳᠠᠢ ᠭᠡᠷᠡᠴᠢᠯᠡᠭᠰᠡᠨ ᠪᠠᠶᠢᠨ᠎ᠠ᠃       ᠭᠤᠷᠪᠠ᠂ ᠮᠡᠨᠡᠩ ᠤᠨ ᠪᠤᠭᠳᠠ ᠠᠭᠤᠯᠠ ᠭᠢᠭᠡᠳ ᠪᠠᠶᠢᠭᠠᠯᠢ ᠠᠬᠤᠢ ᠶᠢᠨ ᠬᠠᠮᠠᠭᠠᠯᠠᠯᠳᠠ       ᠪᠠᠷᠭᠤ ᠮᠤᠩᠭᠤᠯᠴᠤᠳ ᠤᠨ ᠳᠡᠤᠭᠡ ᠰᠤᠶᠤᠯ ᠤᠨ ᠦᠪ ᠢ ᠬᠠᠳᠠᠭᠠᠯᠠᠭᠰᠠᠨ ᠮᠡᠨᠡᠩ ᠤᠨ ᠪᠤᠭᠳᠠ ᠠᠭᠤᠯᠠ ᠵᠢᠴᠢ ᠬᠦᠮᠤᠨ ᠠᠷᠠᠳ ᠤᠨ ᠰᠤᠶᠤᠯ ᠢᠷᠭᠡᠨᠰᠢᠯ ᠢ ᠬᠠᠮᠠᠭᠠᠯᠠᠵᠦ᠂ ᠤᠯᠠᠮᠵᠢᠯᠠᠵᠦ ᠬᠦᠭᠵᠢᠬᠦᠯᠬᠦ ᠠᠵᠢᠯ ᠪᠤᠯ ᠴᠢᠬᠤᠯᠠ ᠠᠵᠢᠯ ᠤᠨ ᠨᠢᠭᠡᠨ ᠨᠢ ᠶᠤᠮ᠃ ᠤᠶᠢᠷ᠎ᠠ ᠶᠢᠨ ᠭᠡᠳᠤᠨ ᠵᠢᠯ ᠠᠴᠠ ᠠᠭᠤᠯᠠ ᠤᠪᠤᠭ᠎ᠠ ᠶᠢᠨ ᠳᠡᠭᠢᠯᠭ᠎ᠠ ᠳᠤ ᠶᠡᠭᠡ ᠭᠡᠪᠴᠢᠶᠠᠨ ᠢᠶᠠᠷ ᠰᠦ᠂ ᠠᠷᠢᠭᠢ ᠠᠰᠬᠠᠵᠦ᠂ ᠰᠢᠭᠢᠷ᠂ ᠪᠤᠭᠤᠷᠰᠤᠭ ᠰᠠᠴᠤᠵᠦ᠂ ᠬᠠᠳᠠᠭ ᠳᠤᠷᠭ᠎ᠠ ᠶᠡᠭᠡ ᠪᠠᠷ ᠵᠠᠩᠭᠢᠳᠦᠭᠠᠳ ᠠᠭᠤᠯᠠ ᠤᠪᠤᠭ᠎ᠠ ᠶᠢ ᠳᠤᠩ ᠪᠤᠭᠢᠷᠳᠠᠭᠤᠯᠵᠦ ᠪᠠᠶᠢᠭ᠎ᠠ ᠦᠵᠡᠭᠳᠡᠯ ᠤᠯᠠᠰᠢᠷᠠᠪᠠ᠃ ᠭᠡᠳᠦ᠋ᠢᠪᠡᠷ ᠬᠤᠭ ᠨᠤᠪᠰᠢ ᠶᠢᠨ ᠬᠠᠶᠢᠷᠴᠠᠭ ᠭᠢᠵᠦ ᠳᠠᠯᠪᠢᠭᠰᠠᠨ ᠪᠤᠯᠪᠠᠴᠤ ᠬᠠᠶᠢᠷᠴᠠᠭ ᠲᠤᠨᠢ ᠬᠤᠭ ᠨᠤᠪᠰᠢ ᠪᠠᠨ ᠭᠢᠬᠦ ᠦᠭᠡᠢ᠂ ᠬᠠᠷᠢᠨ ᠬᠠᠮᠢᠭ᠎ᠠ ᠬᠠᠮᠢᠶ᠎ᠠ ᠦᠭᠡᠢ ᠳᠤᠷ᠎ᠠ ᠳᠠᠪᠠ ᠪᠠᠷ ᠢᠶᠠᠨ ᠭᠠᠵᠠᠷ ᠰᠠᠢ ᠦᠭᠡᠢ ᠬᠠᠶᠠᠬᠤ ᠦᠵᠡᠭᠳᠡᠯ ᠤᠯᠠᠰᠢᠷᠠᠵᠦ ᠪᠠᠶᠢᠨ᠎ᠠ᠃ ᠨᠡᠩ ᠤᠨᠴᠠᠭᠠᠶᠢᠯᠠᠨ ᠦᠨᠳᠦᠰᠦᠳᠡᠨ ᠤ ᠡᠷᠭᠢᠮ ᠳᠡᠭᠡᠳᠤ ᠡᠳ᠋ᠯᠡᠯ ᠭᠡᠷᠡᠭᠯᠡᠯ ᠤᠨ ᠭᠡᠪ ᠵᠠᠭᠪᠤᠷ ᠢᠶᠠᠷ ᠬᠤᠭ ᠨᠤᠪᠰᠢ ᠶᠢᠨ ᠬᠠᠶᠢᠷᠴᠠᠭ ᠴᠤ ᠭᠢᠭᠰᠡᠨ ᠪᠠᠶᠢᠳᠠᠭ᠃ ᠵᠢᠱᠢᠶ᠎ᠠ ᠨᠢ᠂ ᠳᠤᠯᠭ᠎ᠠ ᠶᠢᠨ ᠭᠡᠯᠪᠡᠷᠢ ᠲᠠᠢ ᠬᠤᠭ ᠤᠨ ᠬᠠᠶᠢᠷᠴᠠᠭ᠂ ᠠᠷᠤᠭ ᠰᠠᠪᠠᠷ ᠤᠨ ᠭᠡᠯᠪᠡᠷᠢ ᠲᠠᠢ ᠬᠤᠭ ᠤᠨ ᠬᠠᠶᠢᠷᠴᠠᠭ᠂ ᠰᠦ ᠠᠶᠢᠷᠠᠭ ᠤᠨ ᠬᠦᠨᠦᠭ ᠤᠨ ᠭᠡᠯᠪᠡᠷᠢ ᠲᠠᠢ ᠬᠤᠭ ᠤᠨ ᠬᠠᠶᠢᠷᠴᠠᠭ᠂ ᠮᠤᠩᠭᠤᠯ ᠭᠤᠳᠤᠯ ᠤᠨ ᠭᠡᠯᠪᠡᠷᠢ ᠲᠠᠢ ᠬᠤᠭ ᠤᠨ ᠬᠠᠶᠢᠷᠴᠠᠭ ᠵᠡᠷᠭᠡ᠃ ᠦᠨᠳᠦᠰᠦᠳᠡᠨ ᠤ ᠡᠳ᠋ᠯᠡᠯ ᠭᠡᠷᠡᠭᠯᠡᠯ ᠤᠨ ᠭᠡᠪ ᠵᠠᠭᠪᠤᠷ ᠢᠶᠠᠷ ᠤᠶᠢᠯᠡᠳᠤᠭ᠍ᠰᠠᠨ ᠬᠤᠭ ᠤᠨ ᠬᠠᠶᠢᠷᠴᠠᠭ ᠨᠢ ᠦᠨᠳᠦᠰᠦᠳᠡᠨ ᠤ ᠰᠤᠶᠤᠯ ᠢᠷᠭᠡᠨᠰᠢᠯ ᠢ ᠬᠠᠮᠠᠭᠠᠯᠠᠵᠦ ᠬᠦᠭᠵᠢᠬᠦᠯᠵᠦ ᠪᠠᠶᠢᠬᠤ ᠶᠠᠪᠤᠳᠠᠯ ᠤᠭᠳᠤ ᠪᠢᠰᠢ᠂ ᠬᠠᠷᠢᠨ ᠳᠡᠷᠡ ᠨᠢ ᠦᠨᠳᠦᠰᠦᠳᠡᠨ ᠤ ᠵᠠᠩ ᠳᠠᠳᠬᠠᠯ ᠢ ᠭᠠᠵᠢᠭᠤᠳᠠᠭᠤᠯᠵᠦ ᠳᠤᠷᠤᠮᠵᠢᠯᠡᠵᠦ ᠪᠠᠶᠢᠬᠤ ᠶᠠᠪᠤᠳᠠᠯ ᠪᠤᠯᠤᠨ᠎ᠠ᠃ ᠤᠴᠢᠷ ᠨᠢ᠂ ᠳᠤᠯᠭ᠎ᠠ ᠠᠷᠤᠭ ᠰᠠᠪᠠᠷ ᠭᠤᠷᠪᠠ ᠪᠤᠯ ᠮᠤᠩᠭᠤᠯ ᠤᠨ ᠭᠠᠯ ᠭᠤᠯᠤᠮᠳᠠ ᠶᠢᠨ ᠭᠤᠷᠪᠠᠨ ᠡᠷᠴᠢᠯᠡᠭᠡᠰᠤ ᠶᠤᠮ᠃ ᠳᠠᠶᠢᠮᠤ ᠠᠴᠠ᠂ ᠮᠤᠩᠭᠤᠯ ᠬᠦᠮᠤᠨ ᠭᠠᠯ ᠭᠤᠯᠤᠮᠳᠠ ᠶᠢ ᠪᠤᠬᠢᠷᠳᠤᠭᠤᠯᠬᠤ ᠶᠢ ᠬᠠᠮᠤᠭ ᠠᠴᠠ ᠴᠡᠭᠡᠷᠯᠡᠵᠦ᠂ ᠳᠤᠯᠭ᠎ᠠ ᠠᠷᠤᠭ ᠰᠠᠪᠠᠷ ᠢ ᠪᠤᠭᠢᠷᠳᠠᠭᠤᠯᠳᠠᠭ ᠦᠭᠡᠢ ᠶᠤᠮ᠃ ᠰᠦ ᠠᠶᠢᠷᠠᠭ ᠤᠨ ᠬᠦᠨᠦᠭ ᠪᠤᠯ ᠢᠳᠡᠭᠡᠨ ᠤᠮᠳᠠᠭᠠᠨ ᠤ ᠳᠡᠭᠡᠵᠢ ᠠᠷᠢᠭᠤᠨ ᠴᠠᠭᠠᠨ ᠰᠦ ᠭᠢᠳᠡᠭ ᠰᠠᠪᠠ ᠰᠠᠭᠤᠯᠠᠭ᠎ᠠ ᠪᠤᠯᠤᠨ᠎ᠠ᠃ ᠳᠠᠶᠢᠮᠤ ᠠᠴᠠ ᠮᠤᠩᠭᠤᠯᠴᠤᠳ ᠰᠠᠭᠠᠯᠢ ᠶᠢᠨ ᠬᠦᠨᠦᠭ᠂ ᠠᠶᠢᠷᠠᠭ ᠳᠠᠷᠠᠭ ᠤᠨ ᠬᠦᠨᠦᠭ ᠢᠶᠠᠨ ᠬᠠᠮᠤᠭ ᠠᠴᠠ ᠡᠷᠭᠢᠮᠨᠡᠨ᠂ ᠠᠷᠢᠭᠤᠨ ᠴᠠᠪᠡᠷ ᠪᠠᠶᠢᠯᠭᠠᠳᠠᠭ ᠶᠤᠮ᠃ ᠭᠤᠳᠤᠯ ᠪᠤᠯ ᠮᠤᠩᠭᠤᠯ ᠬᠦᠮᠤᠨ ᠤ ᠳᠤᠷᠨᠢᠨ ᠵᠤᠭᠰᠤᠬᠤ ᠶᠢ ᠪᠡᠯᠭᠡᠳᠡᠭᠰᠡᠨ ᠪᠡᠯᠭᠡ ᠳᠡᠮᠪᠡᠷᠢᠯ ᠲᠠᠢ ᠬᠤᠪᠴᠠᠰᠤ ᠵᠠᠰᠠᠯ ᠳᠤᠯᠠ ᠮᠤᠩᠭᠤᠯ ᠬᠦᠮᠤᠨ ᠭᠤᠳᠤᠯ ᠢᠶᠠᠨ ᠳᠤᠩ ᠡᠷᠭᠢᠮᠨᠡᠵᠦ᠂ ᠭᠤᠳᠤᠯ ᠳᠡᠭᠡᠷ᠎ᠡ ᠭᠢᠰᠭᠢᠬᠦ᠂ ᠭᠤᠳᠤᠯ ᠢᠶᠠᠨ ᠬᠠᠮᠢᠶ᠎ᠠ ᠨᠠᠮᠢᠶ᠎ᠠ ᠦᠭᠡᠢ ᠬᠠᠶᠠᠬᠤ ᠵᠡᠷᠭᠡ ᠶᠢ ᠴᠡᠭᠡᠷᠯᠡᠳᠡᠭ ᠶᠤᠮ᠃       ᠬᠦᠮᠤᠨ ᠠᠷᠠᠳ ᠪᠦᠬᠦᠨ ᠢᠶᠠᠷ ᠢᠶᠠᠨ ᠦᠪᠡᠷ ᠤᠨ ᠳᠡᠤᠭᠡ ᠰᠤᠶᠤᠯ ᠢᠶᠠᠨ ᠤᠶᠢᠯᠡᠭᠠᠨ ᠮᠡᠳᠡᠵᠦ᠂ ᠠᠭᠤᠯᠠ ᠤᠰᠤ ᠪᠠᠨ ᠪᠤᠭᠢᠷᠳᠠᠭᠤᠯᠬᠤ ᠦᠭᠡᠢ᠂ ᠦᠨᠳᠦᠰᠦᠳᠡᠨ ᠤ ᠡᠳ᠋ᠯᠡᠯ ᠭᠡᠷᠡᠭᠯᠡᠯ ᠢ ᠪᠤᠭᠢᠷᠳᠠᠭᠤᠯᠬᠤ ᠦᠭᠡᠢ᠂ ᠦᠨᠳᠦᠰᠦᠳᠡᠨ ᠤ ᠪᠠᠨ ᠰᠡᠳᠭᠢᠯ ᠰᠠᠨᠠᠭ᠎ᠠ ᠶᠢ ᠪᠤᠭᠢᠷᠳᠠᠭᠤᠯᠬᠤ ᠦᠭᠡᠢ ᠪᠠᠷ ᠡᠭᠡ ᠪᠠᠶᠢᠭᠠᠯᠢ ᠪᠠᠨ ᠬᠠᠶᠢᠷᠠᠯᠠᠵᠦ᠂ ᠡᠭᠡ ᠪᠠᠶᠢᠭᠠᠯᠢ ᠲᠠᠢ ᠪᠠᠨ ᠵᠤᠭᠢᠴᠠᠭᠰᠠᠨ ᠠᠭᠤᠯᠠ ᠤᠪᠤᠭ᠎ᠠ ᠳᠠᠭᠢᠵᠦ ᠰᠢᠳᠦᠬᠦ ᠠᠵᠢᠯᠯᠠᠭ᠎ᠠ ᠪᠠᠨ ᠶᠠᠪᠤᠭᠤᠯᠪᠠᠯ ᠵᠤᠭᠢᠨ᠎ᠠ᠃ ᠬᠠᠷᠢᠨ ᠤᠷᠴᠢᠮ ᠤᠨ ᠭᠡᠳᠤᠨ ᠵᠢᠯ ᠠᠴᠠ ᠡᠭᠢᠯᠡᠨ ᠰᠢᠨ᠎ᠠ ᠪᠠᠷᠭᠤ ᠪᠠᠷᠠᠭᠤᠨ ᠬᠤᠰᠢᠭᠤᠨ ᠤ ᠨᠠᠮ ᠵᠠᠰᠠᠭ ᠤᠨ ᠭᠠᠵᠠᠷ᠂ ᠨᠠᠶᠢᠭᠡᠮ ᠨᠠᠶᠢᠳᠠ ᠶᠢᠨ ᠬᠢᠨ᠂ ᠪᠠᠷᠭᠤ ᠰᠤᠳᠤᠯᠤᠯ ᠤᠨ ᠬᠢᠨ ᠮᠡᠨᠡᠩ ᠤᠨ ᠪᠤᠭᠳᠠ ᠠᠭᠤᠯᠠ ᠵᠢᠴᠢ ᠪᠠᠶᠢᠭᠠᠯᠢ ᠠᠬᠤᠢ᠂ ᠠᠮᠢ ᠠᠬᠤᠢ ᠶᠢ ᠬᠠᠶᠢᠷᠠᠯᠠᠨ ᠬᠠᠮᠠᠭᠠᠯᠠᠬᠤ ᠪᠤᠳᠠᠳᠤ ᠠᠵᠢᠯᠯᠠᠭ᠎ᠠ ᠨᠤᠭᠤᠳ ᠢ ᠶᠠᠪᠤᠭᠤᠯᠵᠦ ᠡᠭᠢᠯᠡᠭᠰᠡᠨ ᠪᠠᠶᠢᠨ᠎ᠠ᠃ ᠵᠢᠱᠢᠶ᠎ᠠ ᠨᠢ᠂ ᠮᠡᠨᠡᠩ ᠤᠨ ᠪᠤᠭᠳᠠ ᠠᠭᠤᠯᠠ ᠶᠢ ᠳᠠᠭᠢᠬᠤ ᠳᠤ ᠠᠭᠤᠯᠠᠨ ᠤ ᠤᠷᠤᠢ ᠳᠤ ᠰᠦ ᠠᠷᠢᠭᠢ ᠠᠰᠬᠠᠵᠦ᠂ ᠰᠢᠭᠢᠷ ᠪᠤᠭᠤᠷᠰᠤᠭ ᠰᠠᠴᠤᠬᠤ ᠶᠢ ᠬᠤᠷᠢᠭᠯᠠᠭᠰᠠᠨ᠂ ᠠᠭᠤᠯᠠ ᠶᠢᠨ ᠳᠠᠭᠢᠯᠭ᠎ᠠ ᠶᠢᠨ ᠠᠵᠢᠯᠯᠠᠭ᠎ᠠ ᠶᠢ ᠤᠶᠠᠯᠳᠤᠭᠤᠯᠤᠨ ᠮᠡᠳᠡᠯᠭᠡ ᠮᠡᠷᠭᠡᠰᠢᠯ ᠤᠯᠠᠮᠵᠢᠯᠠᠬᠤ ︵ᠮᠠᠯ ᠠᠵᠦ ᠠᠬᠤᠢ᠂ ᠬᠦᠮᠤᠨ ᠪᠡᠶ᠎ᠡ ᠶᠢᠨ ᠡᠷᠡᠬᠦᠯ ᠮᠡᠨᠳᠤ᠂ ᠢᠳᠡᠭᠡᠨ ᠤᠮᠳᠠᠭᠠᠨ ᠤ ᠡᠷᠡᠬᠦᠯ ᠮᠡᠨᠳᠤ᠂ ᠬᠠᠤᠯᠢ ᠴᠠᠭᠠᠵᠠ ᠶᠢᠨ ᠮᠡᠳᠡᠯᠭᠡ ᠵᠡᠷᠭᠡ︶᠂ ᠬᠦᠮᠤᠨ ᠠᠷᠠᠳ ᠤᠨ ᠬᠠᠷᠢᠯᠴᠠᠭ᠎ᠠ ᠶᠢ ᠨᠢᠭᠳᠠᠷᠠᠭᠤᠯᠬᠤ ︵ᠬᠤᠯᠠ ᠤᠶᠢᠷ᠎ᠡ ᠶᠢᠨ ᠬᠦᠮᠤᠰ ᠴᠢᠯᠤᠭᠡᠳᠡᠢ ᠬᠦᠭᠡᠷᠤᠯᠳᠦᠬᠦ᠂ ᠬᠤᠳᠠᠯᠳᠤᠭ᠎ᠠ ᠠᠷᠠᠯᠵᠢᠶ᠎ᠠ ᠭᠢᠬᠦ᠂ ᠬᠠᠷᠢᠯᠴᠠᠨ ᠰᠤᠷᠠᠭ ᠴᠢᠮᠡᠭᠡ ᠤᠶᠢᠯᠠᠭᠠᠯᠴᠠᠬᠤ︶᠂ ᠮᠠᠯᠴᠢᠨ ᠳᠦᠮᠡᠨ ᠢᠶᠠᠨ ᠪᠠᠶᠠᠰᠬᠠᠬᠤ ︵ᠦᠨᠳᠦᠰᠦᠳᠡᠨ ᠤ ᠭᠠᠷ ᠤᠷᠠᠯᠠᠯ᠂ ᠬᠤᠪᠴᠠᠰᠤ ᠵᠠᠰᠠᠯ ᠤᠨ ᠦᠵᠡᠬᠦᠯᠦᠯᠭᠡ᠂ ᠳᠠᠭᠤᠤ ᠬᠦᠭᠵᠢᠮ ᠤᠨ ᠰᠤᠨᠢᠷᠬᠠᠯ᠂ ᠨᠠᠶᠢᠷ ᠨᠠᠭᠠᠳᠤᠮ ᠡᠷᠭᠢᠯᠡᠬᠦ︶ ᠵᠡᠷᠭᠡ ᠪᠠᠶᠠᠯᠢᠭ ᠠᠭᠤᠯᠭ᠎ᠠ ᠲᠠᠢ ᠠᠵᠢᠯᠯᠠᠭ᠎ᠠ ᠨᠤᠭᠤᠳ ᠢ ᠡᠷᠭᠢᠯᠡᠵᠦ᠂ ᠠᠭᠤᠯᠠ ᠬᠠᠶᠢᠷᠬᠠᠨ ᠤ ᠳᠠᠭᠢᠯᠭ᠎ᠠ ᠶᠢ ᠤᠯᠠᠮ ᠠᠷᠢᠭᠤᠨ ᠴᠠᠪᠡᠷ᠂ ᠬᠦᠷ ᠬᠦᠭᠵᠢᠶᠠᠨ ᠲᠠᠢ ᠪᠤᠯᠭᠠᠵᠦ ᠪᠠᠶᠢᠨ᠎ᠠ᠃ ᠡᠳᠡᠭᠡᠷ ᠠᠵᠢᠯᠯᠠᠭ᠎ᠠ ᠨᠤᠭᠤᠳ ᠪᠤᠯ ᠪᠢᠰᠢᠷᠡᠬᠦᠰᠢᠳᠠᠢ ᠮᠦᠷᠳᠡᠭᠡᠨ ᠮᠠᠭᠳᠠᠭᠤᠰᠢᠳᠠᠢ ᠠᠵᠢᠯᠯᠠᠭ᠎ᠠ ᠪᠤᠯᠤᠨ᠎ᠠ᠃       ᠪᠠᠭᠴᠠᠯᠠᠪᠠᠯ᠂ ᠮᠡᠨᠡᠩ ᠤᠨ ᠪᠤᠭᠳᠠ ᠠᠭᠤᠯᠠ ᠨᠢ ᠮᠤᠩᠭᠤᠯᠴᠤᠳ ᠤᠨ ᠠᠵᠦ ᠠᠬᠤᠢ᠂ ᠳᠤᠷᠨᠢᠯ ᠤᠨᠳᠤᠷᠤᠯ ᠳᠤ ᠭᠡᠰᠢᠭ ᠪᠤᠶᠠᠨ ᠤᠯᠭᠤᠭᠰᠠᠨ ᠢᠶᠠᠷ ᠪᠠᠷᠠᠬᠤ ᠦᠭᠡᠢ᠂ ᠪᠠᠷᠭᠤᠴᠤᠳ ᠢᠶᠠᠷ ᠭᠤᠤᠯ ᠪᠤᠯᠭᠠᠭᠰᠠᠨ ᠮᠤᠩᠭᠤᠯᠴᠤᠳ ᠤᠨ ᠮᠠᠨᠢ ᠠᠯᠢ ᠡᠷᠳᠡᠨ ᠠᠴᠠ ᠰᠢᠳᠦᠵᠦ ᠳᠠᠭᠢᠭᠰᠠᠭᠠᠷ ᠢᠷᠡᠭᠰᠡᠨ ᠮᠠᠰᠢ ᠡᠷᠳᠡᠨ ᠤ ᠪᠦᠭᠡ ᠤᠩᠭᠤᠳ ᠲᠠᠢ ᠰᠢᠳᠦᠭᠡᠨᠳᠤ ᠬᠠᠶᠢᠷᠬᠠᠨ ᠪᠠᠶᠢᠨ᠎ᠠ᠃ ᠮᠡᠨᠡᠩ ᠤᠨ ᠪᠤᠭᠳᠠ ᠠᠭᠤᠯᠠ ᠶᠢᠨ ᠳᠠᠭᠢᠯᠭ᠎ᠠ ᠨᠢ ᠬᠦᠯᠦᠨ ᠪᠤᠶᠢᠷ ᠤᠨ ᠮᠠᠯ ᠠᠵᠦ ᠠᠬᠤᠢ ᠶᠢᠨ ᠬᠦᠭᠵᠢᠯᠳᠡ ᠶᠢ ᠠᠭᠢᠭᠤᠯᠤᠨ᠂ ᠬᠦᠮᠤᠨ ᠠᠷᠠᠳ ᠤᠨ ᠰᠡᠳᠭᠢᠬᠦᠢ ᠶᠢ ᠨᠡᠭᠡᠭᠡᠭᠳᠡᠬᠦᠯᠵᠦ᠂ ᠠᠷᠠᠳ ᠳᠦᠮᠠᠨ ᠢᠶᠠᠨ ᠪᠠᠶᠠᠰᠬᠠᠨ ᠵᠤᠭᠠᠴᠠᠯ ᠤᠨ ᠤᠶᠢᠯᠡᠰ ᠢ ᠬᠦᠭᠵᠢᠬᠦᠯᠵᠦ᠂ ᠬᠦᠮᠤᠰ ᠤᠨ ᠤᠩᠭᠤᠨ ᠪᠠᠶᠢᠭᠠᠯᠢ ᠪᠠᠨ ᠬᠠᠶᠢᠷᠠᠯᠠᠵᠦ ᠬᠠᠮᠠᠭᠠᠯᠠᠬᠤ ᠤᠬᠠᠮᠰᠠᠷ ᠢ ᠨᠢ ᠨᠡᠮᠡᠭᠳᠡᠬᠦᠯᠬᠦ ᠬᠦᠴᠦᠨ ᠵᠦᠢᠯ ᠪᠤᠯᠵᠤ ᠪᠠᠶᠢᠨ᠎ᠠ᠃       ᠵᠡᠬᠦᠯᠳᠡ᠄       ﹇14﹈ 【宋】 欧阳修 宋祁撰 ︽新唐书︾ 卷二百一十七,回鹘,中华书局, 1975年       ﹇15﹈ ᠳᠠᠯᠠᠩᠭᠤᠳ · ᠬᠦᠪᠡᠷᠢ ᠶᠢᠨ ︽ᠤᠯᠠᠨ ᠮᠤᠩᠭᠤᠯᠴᠤᠳ ᠤᠨ ᠤᠭ ᠡᠭᠢ ᠶᠢ ᠳᠡᠮᠳᠡᠭᠯᠡᠭᠰᠡᠨ ᠪᠢᠴᠢᠭ ᠤᠷᠤᠰᠢᠪᠡ︾᠂ ᠦᠪᠤᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 2010 ᠤᠨ᠂ 254 — 258 ᠳ᠋ᠤᠭᠠᠷ ᠨᠢᠭᠤᠷ ᠲᠤ᠃       ﹇16﹈ ﹇18﹈ ᠫᠦ᠊ · ᠪᠠᠽᠠᠷᠳᠢᠪᠢ ᠶᠢᠨ ᠡᠮᠭᠢᠳᠭᠡᠨ ᠨᠠᠶᠢᠷᠠᠭᠤᠯᠤᠭᠰᠠᠨ ︽ᠳᠠᠯᠠᠩᠭᠤᠳ ᠬᠦᠪᠡᠷᠢ︾᠂ ᠦᠪᠤᠷ ᠮᠤᠩᠭᠤᠯ ᠤᠨ ᠰᠤᠶᠤᠯ ᠤᠨ ᠭᠡᠪᠯᠡᠯ ᠤᠨ ᠬᠤᠷᠢᠶ᠎ᠠ᠂ 2011 ᠤᠨ᠂ 4᠂ 5 ᠳ᠋ᠤᠭᠠᠷ ᠨᠢᠭᠤᠷ ᠲᠤ᠃       ﹇17﹈ ᠫᠦ᠊ · ᠪᠠᠽᠠᠷᠳᠢᠪᠢ ᠭᠤᠸᠠᠢ ᠶᠠᠷᠢᠭᠰᠠᠨ ᠢ ᠳᠡᠮᠳᠡᠭᠯᠡᠭᠰᠡᠨ ᠳᠡᠮᠳᠡᠭᠯᠡᠯ ᠠᠴᠠ᠃       ﹇19﹈ ᠫᠦ᠊ · ᠪᠠᠽᠠᠷᠳᠢᠪᠢ ᠶᠢᠨ ︽ᠰᠢᠨ᠎ᠠ ᠪᠠᠷᠭᠤᠴᠤᠳ ᠤᠨ ᠰᠢᠳᠦᠭᠡᠨ — ᠮᠡᠨᠡᠩ ᠤᠨ ᠪᠤᠭᠳᠠ ᠠᠭᠤᠯᠠ︾ — ︽ᠦᠪᠤᠷ ᠮᠤᠩᠭᠤᠯ ᠤᠨ ᠵᠢᠷᠤᠭᠳᠤ ᠰᠡᠳᠬᠦᠯ︾᠂ 2013 ᠤᠨ ᠤ 5 ᠳ᠋ᠤᠭᠠᠷ ᠬᠤᠭᠤᠴᠠᠭ᠎ᠠ᠂ 66 — 67 ᠳ᠋ᠤᠭᠠᠷ ᠨᠢᠭᠤᠷ ᠲᠤ᠃                                        ᠵᠤᠬᠢᠶᠠᠭᠴᠢ᠄ ᠱᠠᠭᠳᠠᠷ ᠤᠨ ᠰᠤᠩᠳᠤᠢ
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ