ᠪᠠᠽᠠᠷᠳᠢᠪᠢ
ᠨᠡᠶᠢᠲᠡᠯᠡᠭᠰᠡᠨ ᠴᠠᠭ᠄
2024/12/9
巴泽尔.jpg
      ᠫᠦᠷᠪᠤᠪᠠᠶᠠᠷ ᠤᠨ ᠪᠠᠽᠠᠷᠳᠢᠪᠢ ᠶᠢᠨ ᠲᠤᠪᠴᠢ ᠨᠠᠮᠳᠠᠷ᠄      ᠬᠤᠶᠢᠬᠠᠷ ᠴᠠᠭᠠᠳᠠᠢ ᠬᠠᠯᠠ ᠶᠢᠨ ᠫᠦᠷᠪᠤᠪᠠᠶᠠᠷ ᠤᠨ ᠪᠠᠽᠠᠷᠳᠢᠪᠢ᠂ ᠰᠢᠨ᠎ᠠ ᠪᠠᠷᠭᠤ ᠪᠠᠷᠭᠠᠤᠨ ᠬᠤᠰᠢᠭᠤᠨ ᠤ ᠬᠡᠷᠤᠯᠤᠨ ᠰᠤᠮᠤᠨ ᠤ ᠬᠡᠷᠤᠯᠤᠨ ᠭᠠᠴᠠᠭ᠎ᠠ ᠪᠠᠷ ᠨᠤᠳᠤᠭᠳᠠᠢ ᠬᠦᠮᠤᠨ᠃ ᠡᠴᠢᠬᠡ ᠠᠴᠠ ᠠᠬ᠎ᠠ ᠳᠠᠬᠦᠤ ᠳᠤᠯᠤᠭᠠᠭᠤᠯᠠ᠃ ᠳᠠᠷᠠ ᠪᠠᠷ ᠭᠠᠵᠠᠷ ᠤᠷᠤᠨ ᠤ ᠪᠠᠨ ᠰᠤᠶᠤᠯ ᠳᠠᠤᠬᠡ ᠶᠢᠨ ᠲᠤᠬᠠᠢ ᠦᠶ᠎ᠠ ᠲᠡᠩ ᠤᠨ ᠬᠡᠤᠬᠡᠳ ᠳᠤᠮᠳᠠ ᠪᠠᠨ ᠠᠮᠠ ᠬᠠᠭᠤᠷᠠᠢ ᠶᠠᠪᠤᠳᠠᠭ ᠦᠬᠡᠢ ᠬᠡᠤᠬᠡᠳ ᠤᠨ ᠨᠢᠬᠡ ᠪᠠᠶᠢᠵᠤ᠂ ᠳᠠᠬᠦᠨ ᠢ ᠤᠬᠠᠭᠠᠨ ᠰᠠᠮᠪᠭ᠎ᠠ ᠪᠦᠷᠢᠳᠤᠬᠦ ᠶᠢ ᠳᠠᠭᠠᠯᠳᠤᠨ ᠪᠠᠭ᠎ᠠ ᠰᠠᠭ᠎ᠠ ᠰᠤᠨᠤᠰᠤᠭᠰᠠᠨ ᠵᠦᠢᠯ ᠨᠢ ᠬᠠᠭᠤᠴᠢ ᠪᠤᠯᠤᠨ ᠳᠠᠮᠳᠡᠭᠯᠡᠭᠳᠠᠵᠤ᠂ ᠲᠤᠬᠠᠢ ᠶᠢᠨ ᠴᠠᠭ ᠡᠷᠢᠨ ᠤ ᠨᠠᠰᠤᠳᠠᠶᠢᠴᠤᠳ ᠤᠨ ᠪᠢᠴᠢᠵᠤ ᠦᠯᠡᠳᠡᠭᠰᠡᠨ ᠪᠤᠷᠤ ᠮᠠᠲ᠋ᠧᠷᠢᠶᠠᠯ ᠢ ᠴᠤᠭᠯᠠᠭᠤᠯᠤᠨ ᠦᠯᠠᠳᠡᠬᠡᠳᠡᠭ ᠪᠠᠶᠢᠭᠰᠠᠨ ᠢᠶᠠᠷ ᠢᠶᠠᠨ ᠳᠠᠬᠡᠷ᠎ᠠ ᠵᠠᠭᠤᠨ ᠤ ᠨᠠᠶᠠᠭᠠᠳ ᠤᠨ ᠤ ᠡᠬᠢᠨ ᠠᠴᠠ ᠳᠠᠤᠬᠡ ᠰᠤᠶᠤᠯ ᠤᠨ ᠡᠮᠬᠢᠳᠬᠡᠨ ᠨᠠᠶᠢᠷᠠᠭᠤᠯᠤᠭᠴᠢ ᠶᠢᠨ ᠠᠵᠢᠯ ᠢᠶᠠᠨ ᠡᠬᠢᠯᠠᠬᠦᠯᠬᠦ ᠳᠤ ᠨᠢ ᠰᠠᠭᠤᠷᠢ ᠪᠤᠯᠤᠭᠰᠠᠨ ᠶᠤᠮ᠃      ᠪᠠᠽᠠᠷᠳᠢᠪᠢ ᠭᠤᠸᠠᠢ 1980 ᠤᠨ ᠳᠤ ᠰᠢᠨ᠎ᠠ ᠪᠠᠷᠭᠤ ᠪᠠᠷᠠᠭᠤᠨ ᠬᠤᠰᠢᠭᠤᠨ ᠤ ᠤᠤᠯ ᠤᠨ ᠬᠡᠷᠤᠯᠤᠨ ᠰᠤᠮᠤᠨ ᠳᠤ ᠮᠠᠯᠵᠢᠯ ᠤᠨ ᠲᠤᠰᠠᠯᠠᠭᠴᠢ ᠪᠠᠷ ᠠᠵᠢᠯ ᠳᠤ ᠤᠷᠤᠵᠤ᠂ 1980 — 1989 ᠤᠨ ᠬᠦ᠋ᠷᠳᠠᠯ᠎ᠠ ᠮᠠᠯᠵᠢᠯ ᠤᠨ ᠲᠤᠰᠠᠯᠠᠭᠴᠢ᠂ ᠲᠤᠭ᠎ᠠ ᠪᠦᠷᠢᠳᠬᠡᠭᠴᠢ᠂ ᠭᠠᠶᠢᠯᠢ ᠬᠤᠷᠢᠶᠠᠭᠴᠢ ᠬᠡᠳ ᠤᠯᠠᠨ ᠠᠵᠢᠯ ᠢ ᠬᠢᠵᠤ ᠶᠠᠪᠤᠭᠰᠠᠨ ᠶᠤᠮ᠃ 1990 — 1993 ᠬᠦᠷᠳᠠᠯ᠎ᠠ ᠰᠢᠨ᠎ᠠ ᠪᠠᠷᠭᠤ ᠪᠠᠷᠠᠭᠤᠨ ᠬᠤᠰᠢᠭᠤᠨ ᠤ ᠤᠤᠯ ᠤᠨ ᠬᠡᠷᠤᠯᠤᠨ ᠰᠤᠮᠤᠨ ᠤ ᠳᠡᠳ᠋ ᠳᠠᠷᠤᠭ᠎ᠠ ᠶᠢᠨ ᠠᠵᠢᠯ ᠢ ᠬᠠᠷᠢᠭᠤᠴᠠᠵᠤ᠂ 1993 — 1995 ᠤᠨ ᠪᠤᠯᠳᠠᠯ᠎ᠠ ᠰᠢᠨ᠎ᠠ ᠪᠠᠷᠭᠤ ᠪᠠᠷᠠᠭᠤᠨ ᠬᠤᠰᠢᠭᠤᠨ ᠤ ᠤᠤᠯ ᠤᠨ ᠬᠠᠨᠬᠭᠤᠯᠠ ᠰᠤᠮᠤ ᠶᠢᠨ ᠳᠠᠳ᠋ ᠰᠤᠮᠤᠨ ᠳᠠᠷᠤᠭ᠎ᠠ ᠪᠠᠷ ᠠᠵᠢᠯᠯᠠᠵᠤ ᠪᠠᠶᠢᠭᠰᠠᠨ ᠶᠤᠮ᠃ 1995 — 1999 ᠤᠨ ᠬᠦᠷᠳᠠᠯ᠎ᠠ ᠰᠢᠨ᠎ᠠ ᠪᠠᠷᠭᠤ ᠪᠠᠷᠡᠭᠤᠨ ᠬᠤᠰᠢᠭᠤᠨ ᠤ ᠤᠤᠯ ᠤᠨ ᠬᠡᠷᠤᠯᠤᠨ ᠰᠤᠮᠤᠨ ᠤ ᠳᠠᠳ᠋ ᠰᠤᠮᠤᠨ ᠳᠠᠷᠤᠭ᠎ᠠ ᠪᠠᠷ ᠠᠵᠢᠯᠯᠠᠵᠤ᠂ 1999 — 2002 ᠤᠨ ᠬᠦᠷᠳᠠᠯ᠎ᠠ ᠰᠢᠨ᠎ᠠ ᠪᠠᠷᠭᠤ ᠪᠠᠷᠠᠭᠤᠨ ᠬᠤᠰᠢᠭᠤᠨ ᠤ ᠤᠤᠯ ᠤᠨ ᠬᠠᠨᠬᠭᠤᠯᠠ ᠰᠤᠮᠤ ᠶᠢᠨ ᠰᠤᠮᠤᠨ ᠳᠠᠷᠤᠭ᠎ᠠ ᠪᠠᠷ ᠠᠵᠢᠯᠯᠠᠵᠠᠢ᠃ 2002 — 2008 ᠤᠨ ᠬᠦᠷᠳᠠᠯ᠎ᠠ ᠰᠢᠨ᠎ᠠ ᠪᠠᠷᠭᠤ ᠪᠠᠷᠠᠭᠤᠨ ᠬᠤᠰᠢᠭᠤᠨ ᠤ ᠤᠯᠤᠰ ᠲᠦᠷᠤ ᠶᠢᠨ ᠵᠦᠪᠯᠠᠯᠬᠡᠨ ᠤ ᠶᠠᠷᠤᠩᠬᠡᠶᠢᠯᠡᠭᠰᠡᠨ ᠠᠯᠪᠠᠨ ᠬᠡᠷ ᠤᠨ ᠡᠷᠬᠢᠯᠡᠭᠴᠢ ᠪᠠᠷ ᠠᠵᠢᠯᠯᠠᠵᠤ᠂ ᠠᠯᠪᠠᠨ ᠬᠡᠷ ᠤᠨ ᠡᠷᠬᠢᠯᠡᠭᠴᠢ ᠪᠠᠶᠢᠬᠤ ᠬᠤᠭᠤᠴᠠᠭᠠᠨ ᠳᠠᠭᠠᠨ ᠤᠯᠤᠰ ᠲᠦᠷᠤ ᠶᠢᠨ ᠵᠦᠪᠯᠠᠯᠬᠡᠨ ᠤ ᠰᠠᠨᠠᠯ ᠲᠤᠷᠠᠳᠤᠯᠭ᠎ᠠ ᠶᠢ ᠡᠮᠬᠢᠳᠬᠡᠬᠦ᠂ ᠳᠠᠤᠬᠡ ᠰᠤᠶᠤᠯ ᠢ ᠡᠮᠬᠢᠳᠬᠡᠬᠦ ᠠᠵᠢᠯ ᠢ ᠬᠢᠵᠤ ᠪᠠᠶᠢᠭᠰᠠᠨ ᠶᠤᠮ᠃ 2008 — 2018 ᠤᠨ ᠬᠦᠷᠳᠠᠯ᠎ᠠ ᠤᠳᠤᠷᠢᠳᠬᠤ ᠪᠣᠰᠤ ᠪᠠᠶᠢᠷᠢᠨ ᠳᠤ ᠤᠴᠢᠵᠤ᠂ 2019 ᠤᠨ ᠳᠤ ᠠᠵᠢᠯ ᠠᠴᠠ ᠪᠠᠨ ᠳᠠᠷᠬᠠᠯᠠᠭᠳᠠᠭᠰᠠᠨ ᠶᠤᠮ᠃      ᠨᠤᠳᠤᠭ ᠤᠰᠤᠨ ᠤ ᠳᠠᠤᠬᠡ ᠰᠤᠶᠤᠯ ᠤᠨ ᠲᠤᠬᠠᠢ ᠢᠯᠠᠬᠦᠤ ᠰᠤᠨᠢᠷᠬᠠᠳᠠᠭ ᠳᠠᠷᠠ ᠪᠠᠷ 2002 ᠤᠨ ᠳᠤ ᠤᠯᠤᠰ ᠲᠦᠷᠤ ᠶᠢᠨ ᠵᠦᠪᠯᠠᠯᠬᠡᠨ ᠤ ᠡᠷᠬᠢᠯᠡᠭᠴᠢ ᠪᠠᠶᠢᠬᠤ ᠬᠤᠭᠤᠴᠭᠠᠠᠨ ᠳᠠᠭᠠᠨ ᠮᠢᠰᠢᠭᠳᠦᠷᠵᠢ ᠭᠤᠸᠠᠢ ᠲᠠᠢ ᠬᠠᠮᠳᠤᠷᠠᠨ ︽ᠰᠢᠨ᠎ᠠ ᠪᠠᠷᠭᠤ ᠪᠠᠷᠠᠭᠤᠨ ᠬᠤᠰᠢᠭᠤᠨ ᠤ ᠰᠤᠶᠤᠯ ᠳᠠᠤᠬᠡ ︵1︶︾ ᠬᠡᠬᠦ ᠨᠤᠮ ᠢ ᠡᠮᠬᠢᠳᠬᠡᠨ ᠨᠠᠶᠢᠷᠠᠭᠤᠯᠬᠤ ᠳᠤ ᠪᠠᠶᠠᠴᠢᠯᠠᠨ ᠤᠷᠤᠯᠴᠠᠵᠤ ᠪᠠᠶᠢᠭᠰᠠᠨ ᠨᠢ ᠠᠩᠬᠠᠳᠠᠭᠴᠢ ᠤᠳᠠᠭ᠎ᠠ ᠪᠠᠨ ᠳᠠᠤᠬᠡ ᠰᠤᠶᠤᠯ ᠤᠨ ᠳᠠᠯ᠎ᠠ ᠪᠠᠷ ᠤᠷᠤᠯᠴᠠᠵᠤ ᠪᠠᠶᠢᠭᠰᠠᠨ ᠨᠢ ᠲᠠᠷᠠ ᠶᠤᠮ᠃ ᠮᠦᠨ 2008 ᠤᠨ ᠳᠤ ︽ᠰᠢᠨ᠎ᠠ ᠪᠠᠷᠭᠤ ᠪᠠᠷᠠᠭᠤᠨ ᠬᠤᠰᠢᠭᠤᠨ ᠤ ᠰᠤᠶᠤᠯ ᠳᠠᠤᠬᠡ ︵2︶︾ ᠬᠡᠬᠦ ᠨᠤᠮ ᠢ ᠪᠠᠶ᠎ᠠ ᠳᠠᠭᠠᠭᠠᠨ ᠬᠡᠪᠯᠡᠬᠦᠯᠵᠠᠢ᠃ ᠲᠤᠰ ᠨᠤᠮ ᠳᠠᠭᠠᠨ ᠰᠢᠨ᠎ᠠ ᠪᠠᠷᠭᠤ ᠪᠠᠷᠠᠭᠤᠨ ᠬᠤᠰᠢᠭᠤᠨ ᠤ ᠨᠠᠰᠤᠳᠠᠶᠢᠴᠤᠳ ᠤᠨ ᠪᠢᠴᠢᠭᠰᠡᠨ ᠤᠯᠠᠨ ᠰᠠᠶᠢᠬᠠᠨ ᠳᠠᠤᠬᠡ ᠰᠤᠶᠤᠯ ᠤᠨ ᠲᠤᠬᠠᠢ ᠤᠷᠤᠭᠤᠯᠵᠤ᠂ ᠪᠤᠰᠤᠳ ᠤᠨ ᠭᠠᠷ ᠲᠤ ᠬᠠᠳᠠᠭᠠᠯᠠᠭᠳᠠᠵᠤ ᠪᠠᠶᠢᠭᠰᠠᠨ ᠳᠠᠤᠬᠡ ᠰᠤᠶᠤᠯ ᠤᠨ ᠪᠢᠴᠢᠭ ᠤᠳ ᠢ ᠴᠤ ᠴᠤᠭᠯᠠᠭᠤᠯᠤᠨ ᠤᠷᠤᠭᠤᠯᠤᠭᠰᠠᠨ ᠶᠤᠮ᠃ ᠳᠠᠷᠠᠭ᠎ᠠ ᠨᠢ ᠮᠤᠩᠭᠤᠯ ᠤᠯᠤᠰ ᠤᠨ ᠳ᠋ᠠᠨᠳᠠᠷ ᠤᠨ ᠭᠤᠩᠭᠤᠷ ᠤᠨ ᠪᠢᠴᠢᠭᠰᠡᠨ ︽ᠠᠪᠳᠠᠷᠠᠪᠠᠶᠠᠨ ᠤ ᠪᠠᠷᠭᠤ ᠨᠤᠭᠤᠳ︾᠂ ︽ᠰᠠᠶᠢᠬᠠᠨ ᠠᠪᠴᠤ ᠶᠠᠪᠤᠭᠰᠠᠨ ᠡᠬᠡᠯ ᠪᠠᠶ᠎ᠠ ᠰᠠᠷᠠᠭᠤᠯ ᠤᠷᠴᠢᠯᠠᠩ ᠳᠤ ᠵᠢᠷᠭᠠᠯᠳᠠᠢ︾ ᠬᠡᠬᠦ ᠨᠤᠮ ᠢ ᠺᠢᠷᠢᠯ ᠦᠰᠦᠭ ᠠᠴᠠ ᠪᠠᠭᠤᠯᠭᠠᠠ ᠬᠡᠪᠯᠡᠬᠦᠯᠦᠭᠰᠡᠨ ᠶᠤᠮ᠃ ᠳᠠᠬᠦᠨ ᠤ 2019 ᠤᠨ ᠳᠤ ᠬᠡᠪᠯᠡᠬᠦᠯᠦᠭᠰᠡᠨ ︽ᠰᠢᠨ᠎ᠠ ᠪᠠᠷᠭᠤ ᠪᠠᠷᠠᠭᠤᠨ ᠬᠤᠰᠢᠭᠤᠨ ᠤ ᠦᠶ᠎ᠠ ᠵᠠᠯᠭᠠᠮᠵᠢ ᠶᠢᠨ ᠬᠠᠯᠠ ᠤᠪᠤᠭ︾ ᠬᠡᠬᠦ ᠨᠤᠮ ᠨᠢ ᠳᠠᠤᠬᠡᠨ ᠤᠯᠪᠠᠭ᠎ᠠ ᠶᠢ ᠦᠷᠬᠦᠯᠵᠢᠯᠠᠬᠦᠯᠤᠨ ᠡᠮᠬᠢᠳᠬᠡᠨ ᠴᠤᠭᠯᠠᠭᠤᠯᠵᠤ ᠨᠠᠶᠢᠷᠠᠭᠤᠯᠵᠤ ᠢᠷᠡᠭᠰᠡᠨ ᠪᠤᠭᠤᠷᠤᠯ ᠤᠳ ᠤᠨ ᠢᠶᠠᠨ ᠪᠢᠴᠢᠬᠡᠰᠤ ᠶᠢ ᠵᠠᠯᠭᠠᠭᠤᠯᠵᠤ ᠪᠢᠴᠢᠬᠦ ᠬᠡᠰᠡᠨ ᠪᠤᠳᠤᠯ ᠢᠶᠠᠷ ᠡᠨᠡ ᠨᠤᠮ ᠤᠨ ᠦᠶ᠎ᠠ ᠵᠠᠯᠭᠠᠮᠵᠢ ᠶᠢ ᠵᠠᠯᠭᠠᠮᠵᠢᠯᠠᠨ 2014 ᠤᠨ ᠠᠴᠠ ᠡᠬᠢᠯᠠᠨ 5 ᠵᠢᠯ ᠤᠨ ᠲᠤᠷᠰᠢ ᠬᠠᠯᠠ ᠤᠪᠤᠭ ᠤᠨ ᠢᠷᠠᠯᠳᠠ ᠭᠠᠷᠤᠯ ᠡᠬᠦᠰᠤᠯ᠂ ᠳᠠᠷᠬᠠᠯᠳᠠ ᠶᠢᠨ ᠲᠤᠬᠠᠢ ᠡᠮᠬᠢᠳᠬᠡᠨ ᠴᠤᠭᠯᠠᠭᠤᠯᠵᠤ ᠨᠠᠶᠢᠷᠠᠭᠤᠯᠤᠭᠰᠠᠨ ᠶᠤᠮ᠃      ᠳᠠᠷᠠ ᠪᠠᠷ ᠨᠤᠮ ᠨᠠᠶᠢᠷᠠᠭᠤᠯᠬᠤ ᠠᠴᠠ ᠭᠠᠳᠠᠨ᠎ᠠ ᠡᠷᠳᠠᠨᠢᠪᠢᠰᠢᠷᠠᠯᠳᠤ᠂ ᠫᠤᠩᠰᠤᠭᠬᠷᠠᠪᠳᠠᠨ᠂ ᠬᠦᠯᠦᠭ ᠬᠠᠹᠤᠨ᠂ ᠭᠤᠩᠭᠤᠷ ᠤᠭᠤᠷᠳᠠ ᠵᠡᠷᠭᠡ ᠳᠠᠤᠬᠡᠨ ᠨᠠᠷᠠᠳᠤ ᠬᠦᠮᠤᠰ ᠪᠤᠯᠤᠨ ᠬ᠋ᠠᠵᠠᠷ ᠤᠰᠤᠨ ᠤ ᠨᠡᠷ᠎ᠡ ᠳᠤᠮᠤᠭ ᠤᠨ ᠳᠤᠬᠠᠢ ︽ᠲᠤᠭᠳᠠᠬᠤ ᠶᠢᠨ ᠬᠠᠳᠠ︾᠂ ︽ᠮᠠᠨᠠᠩ ᠳᠠᠯ᠎ᠠ᠂ ᠮᠠᠨᠠᠩ ᠤᠨ ᠲᠠᠯ᠎ᠠ ᠤᠤ︾᠂ ︽ᠴᠤᠬᠤᠷ ᠤᠨ ᠬᠤᠤᠡᠳᠤᠭ︾ ᠵᠡᠷᠭᠡ ᠦᠬᠦᠯᠡᠯ ᠪᠢᠴᠢᠭᠰᠡᠨ ᠶᠤᠮ᠃ ᠨᠢᠳᠤᠨᠤᠨ ᠵᠢᠯ ᠮᠤᠩᠭᠤᠯ ᠤᠯᠤᠰ ᠤᠨ ᠲᠤᠷᠤᠨᠠᠳᠤ ᠠᠶᠢᠮᠠᠭ ᠲᠤ ᠪᠤᠯᠤᠭᠰᠠᠨ ᠤᠯᠠᠨ ᠤᠯᠤᠰ ᠤᠨ ᠡᠷᠳᠠᠮ ᠰᠢᠨᠵᠢᠯᠠᠬᠡᠨ ᠤ ᠬᠤᠷᠠᠯ ᠳᠠᠬᠡᠷ᠎ᠠ ᠪᠠᠷᠭᠤ ᠤᠭᠰᠠᠭᠠᠳᠠᠨ ᠤ ᠲᠤᠬᠠᠢ᠂ ᠪᠠᠷᠭᠤ ᠶᠢᠨ ᠭᠤᠤᠯ ᠪᠦᠷᠢᠯᠳᠤᠬᠦᠨ ᠬᠤᠷᠢ ᠶᠢ ᠬᠡᠵᠢᠶ᠎ᠠ ᠬᠤᠷᠢ ᠪᠤᠷᠢᠶᠠᠳ ᠬᠡᠮᠡᠨ ᠨᠠᠷᠠᠯᠠᠬᠦ ᠪᠤᠯᠤᠭᠰᠠᠨ ᠪᠤᠢ ᠵᠡᠷᠬᠡ ᠪᠠᠷᠭᠤᠴᠤᠳ ᠤᠨ ᠲᠡᠤᠭᠡ ᠶᠢᠨ ᠲᠤᠬᠠᠢ ᠬᠤᠷᠢᠭᠠᠳ ᠦᠬᠦᠯᠠᠯ ᠢ ᠺᠢᠷᠢᠯ ᠦᠰᠥᠭ ᠠᠴᠠ ᠪᠠᠭᠤᠯᠭᠠᠭᠰᠠᠨ ᠶᠤᠮ᠃      ᠱᠠᠩᠨᠠᠯ ᠬᠡᠳᠡᠭ ᠵᠦᠢᠯ ᠬᠡᠳᠦ᠋ᠢᠪᠠᠷ ᠬᠦᠮᠤᠨ ᠤ ᠤᠷᠮ᠎ᠠ ᠵᠤᠷᠢᠭ ᠢ ᠰᠠᠷᠬᠦᠬᠡᠳᠡᠭ ᠪᠤᠯᠪᠠᠴᠤ ᠴᠠᠭᠠᠨ᠎ᠠ ᠪᠠᠨ ᠴᠢ ᠤᠷᠠᠨ ᠪᠦᠳᠤᠬᠡᠯ ᠢᠶᠠᠨ ᠢᠯᠠᠬᠦᠤ ᠬᠢᠵᠤ ᠶᠠᠪᠤᠭᠠᠷᠠᠢ ᠬᠡᠰᠡᠨ ᠳᠠᠰᠢᠭᠤᠷ ᠶᠤᠮ ᠰᠢᠤ ᠬᠡᠳᠡᠭ ᠮᠠᠷᠬᠡᠳ ᠤᠨ ᠦᠬᠡ ᠶᠢ ᠴᠡᠬᠡᠵᠢᠨ ᠳᠡᠭᠡᠨ ᠬᠠᠳᠠᠩᠰᠢᠭᠤᠯᠵᠤ ᠶᠠᠪᠤᠳᠠᠭ ᠳᠠᠷᠠ ᠪᠠᠷ ᠠᠵᠢᠯ ᠤᠨ ᠢᠶᠠᠨ ᠴᠠᠭ ᠴᠢᠯᠤᠬᠡ ᠪᠠᠷ ᠢᠶᠠᠨ ᠰᠢᠯᠦᠭ ᠴᠤ ᠤᠷᠤᠯᠳᠤᠳᠠᠭ ᠶᠤᠮ᠃ ᠳᠠᠷᠠ ᠪᠠᠷ ︽ᠡᠷ᠎ᠠ ᠶᠢᠨ ᠭᠤᠷᠪᠠᠨ ᠨᠠᠭᠠᠳᠤᠮ︾᠂ ︽ᠬᠤᠨᠢ︾᠂ ︽ᠪᠠᠷᠭᠤᠵᠢᠨ ᠨᠠᠶᠢᠷ︾᠂ ︽ᠨᠠᠬᠦᠬᠦᠰᠠᠨ︾᠂ ︽ᠠᠳᠤᠭᠤᠨ ᠳᠤ ᠪᠢ ᠬᠠᠶᠢᠷᠠᠳᠠᠢ︾᠂ ︽ᠨᠤᠳᠤᠭ ᠤᠨ ᠮᠢᠨᠢ ᠰᠠᠯᠬᠢ︾᠂ ︽ᠮᠤᠩᠭᠤᠯ ᠤᠨ ᠳᠠᠭᠤᠤ︾ ᠬᠡᠬᠦ ᠵᠡᠷᠭᠡ ᠬᠤᠷᠢ ᠰᠢᠬᠠᠭᠤ ᠰᠢᠯᠦᠭ ᠢ ᠪᠢᠴᠢᠭᠰᠡᠨ ᠪᠠᠶᠢᠳᠠᠭ᠃ ᠳᠠᠬᠦᠨ ᠤ ︽ᠮᠢᠨᠤ ᠨᠤᠳᠤᠭ ᠤᠨ ᠬᠠᠷᠠᠭᠠᠴᠢᠨ ᠮᠠᠨᠠᠭᠠᠴᠢᠨ︾ ᠰᠢᠯᠦᠭ ᠨᠢ 2007 ᠤᠨ ᠤ ᠲᠦᠪ ᠤᠨ ᠷᠡᠳᠢᠣ᠋ ᠶᠢᠨ ᠴᠠᠭᠠᠨ ᠰᠠᠷ᠎ᠠ ᠶᠢᠨ ᠲᠤᠰᠬᠠᠢ ᠨᠠᠪᠳᠠᠷᠡᠬᠦᠯᠬᠡ ᠳᠤ ᠡᠯᠰᠡᠭᠳᠠᠵᠤ᠂ ︽ᠬᠤᠨᠢ︾ ᠰᠢᠯᠦᠭ ᠨᠢ 2009 ᠤᠨ ᠳᠤ ᠬᠡᠪᠯᠡᠭᠳᠡᠭᠰᠡᠨ ︽ᠬᠦᠯᠤᠨ ᠪᠦᠢᠷ ᠤᠨ ᠰᠢᠯᠦᠭ︾ ᠬᠡᠮᠡᠬᠦ ᠨᠤᠮ ᠳᠤ ᠰᠢᠯᠢᠭᠳᠡᠨ ᠤᠷᠤᠵᠤ᠂ ︽ᠨᠠᠬᠦᠬᠦ ᠰᠠᠨ︾ ᠰᠢᠯᠦᠭ ᠨᠢ ᠨᠢᠳᠤᠨᠤᠨ ᠵᠢᠯ ᠤᠨ ᠮᠤᠩᠭᠤᠯ ᠤᠯᠤᠰ ᠤᠨ ᠲᠤᠷᠤᠨᠠᠳᠤ ᠠᠶᠢᠮᠠᠭ ᠲᠤ ᠶᠠᠪᠤᠭᠳᠠᠭᠰᠠᠨ ︽ᠪᠠᠷᠭᠤᠵᠢᠨ︾ ᠨᠠᠭᠠᠳᠤᠮ ᠤᠨ ᠰᠢᠯᠦᠭ ᠤᠨ ᠤᠷᠤᠯᠳᠤᠭᠠᠨ ᠳᠤ ᠭᠤᠷᠪᠠ ᠳᠤ ᠲᠤᠳᠤᠷᠠᠭᠰᠠᠨ ᠶᠤᠮ᠃
ᠢᠷᠡᠯᠲᠡ᠄ ᠬᠦᠯᠦᠨ ᠪᠣᠶᠢᠷ ᠮᠣᠩᠭᠤᠯ ᠰᠦᠯᠵᠢᠶ᠎ᠡ