ᠨᠢᠭᠡ᠂ ᠪᠠᠷᠭᠤᠴᠤᠳ ᠤᠨ ᠤᠷᠤᠨ ᠰᠠᠭᠤᠴᠠ ᠪᠠᠷᠭᠤᠴᠤᠳ ᠪᠤᠯ ᠪᠠᠯᠴᠢᠭᠡᠷ ᠤᠨ ᠮᠠᠯ ᠠᠵᠤ ᠠᠬᠤᠢ ᠡᠷᠬᠢᠯᠡᠭᠰᠡᠨ ᠨᠡᠬᠦᠳᠡᠯᠴᠢᠳ ᠮᠦᠨ᠃ ᠪᠠᠷᠭᠤᠴᠤᠳ ᠤᠨ | ᠤᠷᠤᠨ ᠰᠠᠭᠤᠴᠠ ᠨᠢ ᠪᠠᠯᠴᠢᠭᠡᠷ ᠤᠨ ᠮᠠᠯ ᠠᠵᠤ ᠠᠬᠤᠢ ᠶᠢᠨ ᠦᠢᠯᠡᠳᠪᠤᠷᠢᠯᠡᠯ ᠤᠨ ᠪᠠᠯᠴᠢᠭᠡᠷ ᠤᠰᠤ ᠪᠠᠨ ᠲᠠᠭᠠᠵᠤ᠂ ᠲᠠᠰᠤᠷᠠᠯᠳᠠ ᠦᠭᠡᠢ ᠨᠡᠬᠦᠳᠡᠯᠯᠡᠳᠡᠭ | ᠤᠡᠴᠠᠯᠢᠭ ᠠᠴᠠ ᠡᠬᠦᠰᠴᠤ᠂ ᠡᠷᠭᠡᠪᠰᠢ ᠠᠴᠢᠶᠠᠯᠠᠵᠤ ᠨᠡᠬᠦᠳᠡᠯᠯᠡᠬᠦ ᠳᠤ ᠬᠢᠯᠪᠡᠷ᠂ ᠠᠪᠴᠤ ᠶᠠᠪᠤᠬᠤ ᠳᠤ ᠠᠪᠰᠠᠷᠬᠠᠨ᠂ ᠢᠯᠴᠢ ᠭᠡᠷᠡᠯ ᠬᠠᠨᠭ᠍ᠭᠠᠮᠵᠢ ᠲᠠᠢ᠂ ᠡᠳ᠋ᠯᠡᠵᠤ | ᠭᠡᠷᠡᠭᠯᠡᠬᠦ ᠳᠤ ᠲᠦᠬᠦᠮ ᠱᠠᠭᠠᠷᠳᠠᠯᠭ᠎ᠠ ᠳᠤ ᠨᠠᠶᠢᠴᠡᠭᠰᠡᠨ ᠪᠠᠶᠢᠳᠠᠭ᠃ | ︵ᠨᠢᠭᠡ︶ ᠤᠷᠤᠨ ᠰᠠᠭᠤᠴᠠ ᠶᠢᠨ ᠲᠥᠷᠤᠯ ᠵᠦᠢᠯ | 1. ᠤᠪᠤᠬᠠᠢ | ᠪᠠᠷᠭᠤᠴᠤᠳ ᠡᠷᠳᠡᠨ ᠳᠡᠭᠡᠨ ᠠᠭᠤᠯᠠᠷᠬᠠᠭ᠂ ᠠᠡᠭ ᠬᠦᠷᠥᠭᠡᠳᠤ ᠤᠷᠤᠨ ᠳᠤ ᠲᠤᠬᠢᠷᠠᠭᠰᠠᠨ ᠤᠪᠤᠬᠠᠢ ᠭᠡᠷ ᠲᠤ ᠰᠠᠭᠤᠵᠤ ᠪᠠᠶᠢᠭᠰᠠᠨ ᠶᠤᠮ᠃ ᠲᠡᠳᠡ | ᠮᠤᠳᠤᠨ ᠤ ᠮᠥᠴᠢᠷ ᠢ ᠬᠦᠷᠤᠵᠤ ᠤᠪᠤᠬᠠᠢ ᠭᠡᠷ ᠪᠤᠰᠬᠠᠳᠠᠭ᠃ ᠵᠠᠷᠠᠭᠠᠨ ᠤᠪᠤᠬᠠᠢ ᠭᠡᠵᠤ ᠮᠤᠷᠢᠳᠠᠢ ᠬᠦᠮᠤᠨ ᠭᠠᠨᠵᠤᠭᠠᠯᠠᠭᠠᠳ ᠶᠠᠪᠤᠴᠢᠬᠠᠳᠠᠭ ᠬᠠᠨ᠎ᠠ ᠮᠡᠳᠤ | ᠭᠡᠯᠪᠡᠷᠢᠳᠠᠢ ᠮᠠᠰᠢ ᠬᠦᠡᠭᠭᠡᠨ ᠭᠡᠷ ᠪᠠᠶᠢᠯ᠎ᠠ ᠭᠡᠰᠡᠨ ᠤᠯᠠᠮᠵᠢᠯᠠᠯ ᠶᠠᠷᠢᠶ᠎ᠠ ᠪᠤᠢ᠃ ᠲᠡᠷᠡ ᠨᠢ ᠪᠠᠷᠭᠤᠴᠤᠳ ᠤᠨ ᠠᠡᠭ ᠬᠦᠷᠥᠭᠡ ᠳᠤ ᠶᠠᠪᠤᠬᠤ᠂ ᠨᠡᠬᠦᠵᠤ ᠰᠠᠭᠤᠬᠤ ᠳᠤ | ᠲᠦᠢᠯ ᠤᠨ ᠲᠦᠬᠦᠮ ᠠᠪᠰᠠᠷᠬᠠᠨ᠂ ᠲᠥᠷ ᠴᠠᠭ ᠤᠨ ᠭᠡᠷ ᠪᠤᠯᠵᠤ ᠪᠠᠶᠢᠭᠰᠠᠨ ᠶᠤᠮ᠃ | 2. ᠬᠠᠳᠬᠤᠭᠤᠷ ᠭᠡᠷ ᠪᠤᠶᠤ ᠠᠨᠠᠭ | ᠪᠠᠷᠭᠤᠴᠤᠳ ᠰᠡᠬᠦᠯᠡᠷ ᠨᠢ ᠠᠭᠠᠵᠢᠮ ᠢᠶᠠᠷ ︽ᠬᠠᠳᠬᠤᠭᠤᠷ ᠭᠡᠷ︾ ᠲᠤ ᠰᠠᠭᠤᠬᠤ ᠪᠤᠯᠤᠭᠰᠠᠨ ᠶᠤᠮ᠃ ᠬᠠᠳᠬᠤᠭᠤᠷ ᠭᠡᠷ ᠨᠢ ᠬᠠᠨ᠎ᠠ ᠦᠭᠡᠢ᠂ ᠲᠤᠰᠬᠠᠢ | ᠡᠬᠦᠳᠡ ᠦᠭᠡᠢ᠃ ᠮᠤᠳᠤ ᠪᠠᠷ ᠬᠢᠭᠰᠡᠨ ᠲᠦᠬᠦᠮᠭᠡᠨ ᠭᠡᠷᠡᠯ ᠤᠷᠤᠭᠤᠯᠬᠤ ᠭᠡᠭᠡᠪᠴᠢ ᠪᠠᠨ ︽ᠲᠤᠭᠤᠨᠤ︾ ᠭᠡᠵᠤ᠂ ᠲᠤᠭᠤᠨᠤᠨ ᠳᠤ ᠪᠠᠨ ᠭᠡᠳᠤᠨ ᠤᠨᠢ ᠬᠠᠳᠬᠤᠨ | ᠲᠤᠯᠵᠤ ᠪᠤᠰᠬᠠᠭᠠᠳ᠂ ᠲᠡᠬᠦᠨ ᠢᠶᠠᠨ ᠮᠤᠳᠤᠨ ᠤ ᠨᠠᠪᠴᠢ᠂ ᠠᠮᠢᠳᠠᠨ ᠠᠷᠢᠶᠠᠳᠠᠨ ᠤ ᠠᠷᠠᠰᠤ ᠵᠡᠷᠭᠡ ᠪᠠᠷ ᠪᠥᠷᠢᠵᠤ ᠲᠤᠯᠠᠭᠠᠯᠠᠨ᠂ ︽ᠬᠠᠳᠬᠤᠭᠤᠷ ᠭᠡᠷ︾ | ᠪᠤᠯᠭᠠᠳᠠᠭ᠃ ᠡᠬᠦᠨ ᠢᠶᠠᠨ ᠪᠠᠰᠠ ︽ᠠᠨᠠᠭ︾ ᠭᠡᠳᠡᠭ ᠪᠠᠶᠢᠪᠡ᠃ | 3. ᠮᠠᠶᠢᠬᠠᠨ | ᠤᠨᠢ ᠦᠭᠡᠢ᠂ ᠵᠦᠪᠭᠡᠨ ᠬᠤᠶᠠᠷ ᠬᠠᠨ᠎ᠠ ᠶᠢ ᠨᠢ ᠨᠠᠯᠠᠤ ᠪᠠᠷ ᠵᠦᠷᠢᠬᠦᠯᠦᠨ ᠪᠠᠷᠢᠭᠰᠠᠨ ᠲᠦᠬᠦᠮ ᠰᠠᠭᠤᠴᠠ ᠶᠢ ︽ᠮᠠᠶᠢᠬᠠᠨ︾ ᠭᠡᠳᠡᠭ᠃ ᠬᠤᠶᠠᠷ ᠮᠤᠳᠤ ᠶᠢ | ᠪᠤᠰᠬᠠᠵᠤ᠂ ᠲᠡᠭᠡᠷ᠎ᠠ ᠨᠢ ᠨᠢᠭᠡ ᠮᠤᠳᠤ ᠶᠢ ᠬᠦᠡᠳᠡᠯᠡᠨ ᠢᠶᠠᠷ ᠲᠠᠮᠨᠠᠭᠤᠯᠤᠨ ᠲᠠᠩᠨᠠᠵᠤ᠂ ᠲᠠᠬᠦᠨ ᠢᠶᠠᠨ ᠴᠢᠩᠭ᠎ᠠ ᠪᠠᠷᠢᠵᠤ ᠤᠶᠠᠭᠠᠳ ᠭᠡᠳᠤᠨ ᠲᠠᠶᠢᠰᠢ ᠨᠢ ᠲᠠᠯᠠᠵᠤ | ᠪᠠᠬᠢᠯᠡᠨ ᠲᠤᠭᠳᠠᠭᠠᠵᠤ᠂ ᠠᠮᠢᠳᠠᠨ ᠤ ᠠᠷᠠᠰᠤ ᠪᠤᠶᠤ ᠮᠤᠳᠤᠨ ᠤ ᠨᠠᠪᠴᠢ ᠵᠠᠷᠭᠡ ᠪᠠᠷ ᠬᠤᠴᠢᠵᠤ ᠲᠤᠯᠠᠭᠠᠯᠠᠭᠰᠠᠨ ᠰᠠᠭᠤᠴᠠ ᠪᠠᠨ ᠪᠠᠰᠠ ︽ᠮᠠᠶᠢᠬᠠᠨ︾ ᠭᠡᠨ᠎ᠠ᠃ | ᠨᠡᠬᠦᠳᠡᠯ ᠪᠤᠶᠤ ᠬᠦᠡᠭᠭᠡᠨ ᠤᠳᠤᠷ ᠶᠠᠪᠤᠬᠤ ᠳᠤ ᠠᠨᠠᠭ ᠪᠡ ᠮᠠᠶᠢᠬᠠᠨ ᠪᠤᠰᠬᠠᠵᠤ ᠰᠠᠭᠤᠬᠤ ᠨᠢ ᠮᠠᠰᠢ ᠬᠢᠯᠪᠡᠷ ᠪᠥᠭᠡᠳ ᠲᠦᠬᠦᠮ ᠪᠠᠶᠢᠳᠠᠭ᠃ | 4. ᠲᠤᠭᠤᠨᠤᠳᠤ ᠭᠡᠷ ᠪᠤᠶᠤ ᠬᠠᠨᠠᠳᠤ ᠭᠡᠷ | ᠪᠠᠷᠭᠤᠴᠤᠳ ᠬᠠᠳᠬᠤᠭᠤᠷ ᠭᠡᠷ ᠪᠡ ᠮᠠᠶᠢᠬᠠᠨ ᠭᠡᠷ ᠲᠤ ᠰᠠᠭᠤᠳᠠᠭ ᠪᠠᠶᠢᠭᠰᠠᠨ ᠠᠴᠠ ᠪᠠᠨ ᠲᠥᠷᠪᠡᠨ ᠬᠠᠨ᠎ᠠ ᠲᠠᠢ ᠲᠤᠭᠤᠨᠤᠳᠤ ᠭᠡᠷ ᠲᠤ ᠰᠠᠭᠤᠳᠠᠭ ᠪᠤᠯᠪᠡ᠃ | ᠡᠬᠦᠨ ᠢᠶᠠᠨ ︽ᠦᠷᠥᠭᠡ︾ ᠭᠡᠵᠤ ᠭᠡᠯᠡᠳᠡᠭ᠃ ᠴᠢᠨᠠᠭᠰᠢᠳᠠ ᠪᠠᠨ ᠴᠢᠳᠠᠯ ᠲᠡᠩᠭᠡᠭᠡ ᠲᠠᠢ ᠠᠶᠢᠯ ᠨᠢ ᠤᠯᠠᠨ ᠬᠠᠨ᠎ᠠ ᠲᠠᠢ ᠲᠤᠮᠤ ᠭᠡᠷ ᠲᠤ ᠰᠠᠭᠤᠳᠠᠭ ᠪᠤᠯᠵᠠᠢ᠃ | ᠵᠢᠷᠭᠤᠭᠠᠨ ᠬᠠᠨ᠎ᠠ ᠠᠴᠠ ᠲᠡᠭᠡᠭᠰᠢ ᠬᠠᠨ᠎ᠠ ᠲᠠᠢ ᠭᠡᠷ ᠢ ︽ᠶᠡᠭᠡ ᠭᠡᠷ︾ ᠭᠡᠵᠤ᠂ ᠠᠷᠪᠡᠨ ᠬᠠᠨ᠎ᠠ ᠲᠠᠢ ᠭᠡᠷ ᠢ ︽ᠲᠤᠭᠠᠡᠭ︾ ᠭᠡᠳᠡᠭ᠃ | ᠪᠠᠷᠭᠤᠴᠤᠳ ᠤᠨ ᠪᠠᠶᠢᠡᠭᠭᠤ ᠭᠡᠷᠡᠭᠯᠡᠳᠡᠭ ᠲᠥᠷᠪᠡᠨ ᠬᠠᠨ᠎ᠠ ᠲᠠᠢ ︽ᠮᠤᠩᠭᠤᠯ ᠭᠡᠷ︾ ᠨᠢ ᠮᠦᠨ ᠲᠤᠭᠤᠨᠤᠳᠤ ᠭᠡᠷ ᠪᠤᠶᠤ ᠬᠠᠨᠠᠳᠤ ᠭᠡᠷ ᠲᠤ ᠪᠠᠭᠳᠠᠨ᠎ᠠ᠃ | ᠡᠶᠢᠮᠤ ᠠᠴᠠ ᠠᠷᠪᠡᠨ ᠲᠠᠪᠤᠨ ᠲᠤᠯᠤᠭᠠᠢ ᠲᠠᠢ ᠲᠥᠷᠪᠡᠨ ᠬᠠᠨ᠎ᠠ ᠲᠠᠢ᠂ ᠵᠢᠷᠠᠨ ᠲᠥᠷᠪᠡᠨ ᠤᠨᠢ ᠲᠠᠢ ᠢᠰᠡᠭᠡᠢ ᠲᠤᠭᠤᠷᠭᠠᠳᠤ ᠮᠤᠩᠭᠤᠯ ᠭᠡᠷ ᠨᠢ ᠭᠠᠵᠠᠷ ᠭᠠᠵᠠᠷ ᠤᠨ | ᠪᠠᠷᠭᠤᠴᠤᠳ ᠤᠨ ᠲᠥᠭᠡᠮᠡᠯ ᠭᠡᠷᠡᠭᠯᠡᠳᠡᠭ ᠤᠯᠠᠮᠵᠢᠯᠠᠯᠳᠤ ᠤᠷᠤᠨ ᠰᠠᠭᠤᠴᠠ ᠶᠢᠨ ᠰᠤᠩᠭᠤᠳᠠᠭ ᠭᠡᠯᠪᠡᠷᠢ ᠪᠤᠯᠵᠠᠢ᠃ | 5. ᠪᠥᠮᠪᠤᠭᠡᠨ ᠭᠡᠷ | ᠠᠶᠢᠯ ᠪᠥᠷᠢ ᠦᠪᠡᠷᠰᠡᠳ ᠤᠨ ᠢᠶᠠᠨ ᠭᠡᠷᠡᠭᠰᠡᠬᠦ ᠭᠡᠮᠵᠢᠶ᠎ᠠ ᠪᠠᠷ ᠢᠶᠠᠨ ᠲᠤᠳᠤᠷ ᠭᠠᠳᠠᠷ ᠬᠤᠶᠠᠷ ᠲᠤᠭᠤᠷᠢᠭ ᠪᠤᠷᠭᠠᠰᠤᠨ ᠬᠠᠰᠢᠶ᠎ᠠ ᠬᠦᠷᠥᠭᠡᠳ ᠭᠡᠷ ᠤᠨ ᠬᠠᠨ᠎ᠠ | ᠭᠡᠷᠡᠮ ᠪᠤᠯᠭᠠᠵᠤ᠂ ᠴᠤᠩᠬᠤ ᠡᠬᠦᠳᠡᠨ ᠤ ᠵᠠᠢ ᠦᠯᠡᠳᠡᠭᠡᠨ ᠵᠠᠪᠰᠠᠷ ᠢ ᠨᠢ ᠬᠤᠮᠤᠯ ᠤᠨ ᠰᠦᠢᠷᠡᠭ ᠪᠤᠶᠤ ᠠᠷᠭᠠᠯ ᠤᠨ ᠬᠤᠭ᠂ ᠬᠤᠷᠭᠤᠯ ᠬᠤᠬᠢᠷ ᠵᠠᠷᠭᠡ ᠪᠠᠷ | ᠲᠦᠬᠦᠷᠭᠡᠨᠠ᠃ ᠲᠡᠭᠡᠪᠤᠷ ᠢ ᠨᠢ ᠱᠤᠪᠤᠭᠤᠷ ᠮᠠᠯᠠᠭᠠᠢ ᠰᠢᠬ ᠬᠦᠷᠥᠭᠡᠳ ᠲᠠᠷᠤᠬᠤ ᠪᠤᠶᠤ ᠭᠡᠰᠡᠭ ᠭᠡᠰᠡᠭ ᠬᠠᠰᠢᠶ᠎ᠠ ᠬᠦᠷᠥᠭᠡᠳ ᠲᠠᠷᠤᠵᠤ ᠰᠢᠪᠠᠭᠠᠳ ᠰᠠᠭᠤᠬᠤ ᠭᠡᠷ | ᠪᠤᠯᠭᠠᠳᠠᠭ᠃ ᠡᠬᠦᠨ ᠢᠶᠠᠨ ᠪᠥᠮᠪᠤᠭᠡᠨ ᠭᠡᠷ ᠭᠡᠳᠡᠭ᠂ ᠡᠶᠢᠮᠤ ᠭᠡᠷ ᠲᠤᠩ ᠲᠤᠯᠠᠭᠠᠨ ᠪᠠᠶᠢᠳᠠᠭ᠃ | ᠪᠥᠮᠪᠤᠭᠡᠨ ᠭᠡᠷ ᠢ ᠬᠠᠶᠢᠯᠠᠷ ᠭᠤᠤᠯ᠂ ᠤᠷᠱᠤᠨ ᠭᠤᠤᠯ ᠵᠡᠷᠭᠡ ᠪᠤᠷᠭᠠᠰᠤ ᠡᠯᠪᠡᠭ ᠲᠠᠢ ᠭᠠᠵᠠᠷ ᠤᠨ ᠬᠢᠨ ᠤᠯᠠᠨ ᠭᠡᠷᠡᠭᠯᠡᠳᠡᠭ᠃ ᠲᠡᠷᠡ ᠨᠢ ᠪᠠᠷᠤᠭ ᠶᠠᠮᠠᠷ ᠴᠤ | ᠵᠠᠷᠤᠳᠠᠯ ᠭᠠᠷᠭᠠᠬᠤ ᠦᠭᠡᠢ᠂ ᠬᠢᠮᠳᠠ ᠬᠢᠯᠪᠡᠷ ᠢᠶᠠᠷ ᠦᠪᠡᠷ ᠤᠨ ᠰᠠᠭᠤᠬᠤ ᠠᠰᠠᠭᠤᠳᠠᠯ ᠢᠶᠠᠨ ᠰᠢᠢᠳᠪᠤᠷᠢᠯᠡᠵᠤ᠂ ᠵᠠᠷᠢᠮ ᠠᠶᠢᠯ ᠮᠠᠯ ᠤᠨ ᠲᠤᠯᠠᠭᠠᠨ ᠭᠡᠷ ᠬᠢᠭᠰᠡᠨ | ᠪᠠᠶᠢᠳᠠᠭ᠃ | 6. ᠪᠠᠶᠢᠰᠢᠩ | ᠪᠠᠶᠢᠰᠢᠩ ᠢ ᠮᠦᠨ ᠪᠥᠮᠪᠤᠭᠡᠨ ᠭᠡᠷ ᠬᠢᠬᠦ ᠠᠷᠭ᠎ᠠ ᠪᠠᠷ ᠦᠪᠡᠷ ᠢᠶᠠᠨ ᠬᠢᠵᠤ ᠪᠤᠯᠳᠠᠭ᠃ ᠪᠠᠶᠢᠰᠢᠩ ᠤᠨ ᠨᠢᠷᠤᠭᠤ ᠬᠢᠬᠦ ᠪᠥᠳᠥᠬᠦᠨ ᠮᠤᠳᠤ ᠦᠭᠡᠢ ᠪᠤᠯ | ᠪᠥᠳᠥᠬᠦᠨ ᠪᠤᠷᠭᠠᠰᠤ ᠶᠢ ᠤᠯᠠᠨ ᠢᠶᠠᠷ ᠪᠤᠭᠤᠵᠤ ᠤᠶᠠᠭᠠᠳ ᠨᠢᠷᠤᠭᠤ ᠪᠤᠶᠤ ᠪᠠᠭᠠᠨ᠎ᠠ ᠪᠤᠯᠭᠠᠵᠤ ᠪᠤᠯᠳᠠᠭ᠃ ᠢᠡᠭᠬᠢᠵᠤ ᠬᠢᠬᠦ ᠨᠢ ᠵᠠᠷᠤᠳᠠᠯ ᠢ ᠠᠷᠪᠢᠯᠠᠨ᠂ ᠤᠷᠤᠨ | ᠰᠠᠭᠤᠴᠠ ᠶᠢᠨ ᠬᠠᠨᠭ᠍ᠭᠠᠯᠭ᠎ᠠ ᠶᠢ ᠪᠠᠳᠤᠯᠠᠵᠤ ᠴᠢᠳᠠᠳᠠᠭ᠃ | ᠪᠥᠮᠪᠤᠭᠡᠨ ᠭᠡᠷ ᠪᠡ ᠪᠤᠷᠭᠠᠰᠤᠨ ᠪᠠᠶᠢᠰᠢᠩ ᠨᠢ ᠰᠠᠭᠤᠷᠢᠰᠢᠮᠡᠯ ᠠᠵᠤ ᠠᠮᠢᠳᠤᠷᠠᠯ ᠤᠨ ᠤᠷᠤᠨ ᠰᠠᠭᠤᠴᠠ ᠶᠤᠮ᠃ ᠪᠠᠷᠭᠤᠴᠤᠳ ᠡᠬᠢᠯᠡᠭᠡᠳ ᠪᠥᠮᠪᠤᠭᠡᠨ | ᠭᠡᠷ ᠲᠠᠢ ᠪᠤᠯᠵᠤ᠂ ᠲᠡᠭᠡᠭᠡᠳ ᠪᠤᠷᠭᠠᠰᠤᠨ ᠪᠠᠶᠢᠰᠢᠩ — ᠲᠤᠭᠤᠰᠬᠠᠨ ᠪᠠᠶᠢᠰᠢᠩ ᠳᠤ ᠢᠳᠡᠭ ᠢᠳᠡᠭ ᠢᠶᠠᠷ ᠠᠭᠠᠵᠢᠮ ᠢᠶᠠᠷ ᠰᠢᠯᠵᠢᠵᠤ ᠪᠢᠯᠡ᠃ ᠰᠡᠬᠦᠯ ᠤᠨ | ᠦᠶ᠎ᠠ ᠳᠤ ᠬᠦᠮᠤᠨ ᠠᠮᠠ ᠶᠢ ᠨᠡᠬᠦᠯᠭᠡᠨ ᠰᠢᠯᠵᠢᠬᠦᠯᠵᠤ ᠲᠥᠪᠯᠡᠷᠡᠬᠦᠯᠥᠭᠰᠡᠨ ᠠᠴᠠ ᠰᠠᠭᠤᠷᠢᠰᠢᠯ ᠤᠨ ᠠᠯᠬᠤᠮ ᠲᠥᠷᠭᠡᠰᠴᠤ᠂ ᠪᠠᠶᠢᠰᠢᠩ ᠤᠨ ᠪᠥᠳᠥᠭᠡᠨ | ᠪᠠᠶᠢᠭᠤᠯᠤᠯᠳᠠ ᠰᠢᠪᠳᠤᠯᠤᠯᠳᠠ ᠪᠠᠨ ᠤᠯᠵᠤ᠂ ᠠᠶᠢᠯ ᠡᠷᠥᠭᠡ ᠪᠥᠬᠦᠨ ᠪᠠᠶᠢᠰᠢᠩ ᠲᠠᠢ ᠪᠤᠯᠵᠠᠢ᠃ | ︵ᠬᠤᠶᠠᠷ︶ ᠮᠤᠩᠭᠤᠯ ᠭᠡᠷ ᠤᠨ ᠪᠥᠳᠥᠴᠡ ᠪᠡ ᠤᠷᠤᠨ ᠵᠠᠢ ᠶᠢᠨ ᠬᠤᠪᠢᠶᠠᠷᠢ | 1. ᠮᠤᠩᠭᠤᠯ ᠭᠡᠷ ᠤᠨ ᠪᠥᠳᠥᠴᠡ | ᠮᠤᠩᠭᠤᠯ ᠭᠡᠷ ᠤᠨ ᠪᠥᠳᠥᠴᠡ ᠮᠠᠰᠢ ᠲᠥᠬᠦᠮ᠃ ᠮᠤᠩᠭᠤᠯ ᠭᠡᠷ ᠤᠨ ᠮᠤᠳᠤ᠂ ᠢᠰᠡᠭᠡᠢ ᠪᠥᠷᠢᠶᠡᠰᠤ᠂ ᠤᠭᠤᠰᠤᠷ ᠪᠥᠰᠡᠯᠡᠬᠦᠷ ᠵᠠᠷᠭᠡ ᠦᠡᠳᠤᠰᠤᠨ ᠭᠤᠷᠪᠡᠨ | ᠭᠡᠰᠡᠭ ᠠᠴᠠ ᠪᠥᠳᠥᠨ᠎ᠠ᠃ ᠮᠤᠳᠤ᠂ ᠪᠥᠷᠢᠶᠡᠰᠤ᠂ ᠤᠭᠤᠰᠤᠷ ᠪᠥᠰᠡᠯᠡᠬᠦᠷ ᠤᠨ ᠤᠡᠴᠠᠯᠢᠭ ᠨᠢ ᠭᠡᠪᠡᠯ ᠡᠪᠭᠡᠮᠡᠯ ᠪᠥᠭᠡᠳ ᠲᠠᠯᠭᠡᠮᠡᠯ᠂ ᠬᠦᠡᠭᠭᠡᠨ ᠮᠦᠷᠳᠡᠭᠡᠨ ᠴᠤᠮᠤᠷ᠂ | ᠤᠭᠰᠠᠷᠠᠮᠠᠯ ᠬᠢᠭᠡᠳ ᠰᠠᠯᠭᠠᠮᠠᠯ᠂ ᠭᠡᠯᠬᠢᠶᠡᠵᠢᠭᠰᠡᠨ ᠪᠥᠭᠡᠳ ᠲᠥᠬᠦᠷᠵᠢᠭᠰᠡᠨ ᠪᠠᠶᠢᠳᠠᠭ᠃ | ︵1︶ ᠭᠡᠷ ᠤᠨ ᠮᠤᠳᠤ | ᠭᠡᠷ ᠤᠨ ᠮᠤᠳᠤ ᠨᠢ ᠲᠤᠭᠤᠨᠤ ︵ᠭᠤᠤᠯ ᠮᠤᠳᠤ᠂ ᠲᠠᠭ᠎ᠠ᠂ ᠬᠥᠴᠢᠷᠠ᠂ ᠬᠤᠷᠤᠭᠤ᠂ ᠭᠡᠯᠬᠢᠶ᠎ᠠ︶᠂ ᠤᠨᠢ ︵ᠤᠨᠢ᠂ ᠭᠡᠯᠬᠢᠶ᠎ᠠ᠂ ᠰᠠᠭᠠᠯᠳᠤᠷᠭ᠎ᠠ᠂ ᠤᠨᠢ ᠶᠢᠨ | ᠪᠤᠭᠤᠯᠳᠠ︶᠂ ᠬᠠᠨ᠎ᠠ᠂ ᠮᠤᠳᠤᠨ ᠬᠠᠭᠠᠯᠭ᠎ᠠ ᠵᠠᠷᠭᠡ ᠠᠴᠠ ᠪᠥᠳᠥᠨ᠎ᠠ᠃ | ︵2︶ ᠪᠥᠰᠡᠯᠡᠬᠦᠷ᠂ ᠤᠭᠤᠰᠤᠷ᠂ ᠵᠡᠭᠡᠭ | ᠪᠥᠰᠡᠯᠡᠬᠦᠷ ᠲᠥᠷᠪᠡ᠂ ᠲᠤᠭᠤᠨᠤ ᠶᠢᠨ ᠭᠡᠯᠬᠢᠶ᠎ᠠ᠂ ᠤᠨᠢ ᠶᠢᠨ ᠪᠤᠭᠤᠯᠳᠠ᠂ ᠬᠠᠨ᠎ᠠ ᠶᠢᠨ ᠠᠮᠠ ᠶᠢᠨ ᠪᠤᠭᠤᠯᠳᠠ᠂ ᠤᠨᠢ ᠶᠢᠨ ᠰᠠᠭᠠᠯᠳᠤᠷᠭ᠎ᠠ᠂ ᠡᠷᠥᠭᠡ ᠶᠢᠨ | ᠤᠭᠤᠰᠤᠷ᠂ ᠡᠯ᠎ᠠ ᠭᠡᠰᠡᠭ ᠤᠨ ᠵᠡᠭᠡᠭ᠂ ᠬᠠᠶᠠᠭᠠᠪᠴᠢ ᠶᠢᠨ ᠪᠥᠴᠠ᠂ ᠴᠢᠭᠳᠠᠭ᠎ᠠ ᠵᠡᠷᠭᠡ ᠲᠠᠯ᠂ ᠬᠢᠯᠭᠠᠰᠤ᠂ ᠲᠡᠮᠡᠭᠡᠨ ᠤ ᠨᠤᠤᠰᠤᠨ ᠪᠥᠳᠥᠭᠡᠭᠳᠡᠬᠦᠨ ᠪᠠᠶᠢᠳᠠᠭ᠃ | ︵3︶ ᠮᠤᠩᠭᠤᠯ ᠭᠡᠷ ᠤᠨ ᠪᠥᠷᠢᠶᠡᠰᠤ | ᠮᠤᠩᠭᠤᠯ ᠭᠡᠷ ᠨᠢ ᠪᠥᠬᠦᠯᠢ ᠢᠰᠡᠭᠡᠢ ᠪᠥᠷᠢᠶᠡᠰᠤ ᠲᠠᠢ ᠪᠠᠶᠢᠳᠠᠭ᠃ ᠠᠷᠪᠡᠨ ᠲᠠᠪᠤᠨ ᠲᠤᠯᠤᠭᠠᠢ ᠲᠠᠢ ᠲᠥᠷᠪᠡᠨ ᠬᠠᠨ᠎ᠠ ᠲᠠᠢ ᠭᠡᠷ ᠪᠥᠷᠢᠬᠦ ᠳᠤ 13 ~ 15 | ᠢᠰᠡᠭᠡᠢ ᠤᠷᠤᠨ᠎ᠠ᠃ ᠮᠤᠩᠭᠤᠯ ᠭᠡᠷ ᠲᠤ ᠡᠷᠥᠭᠡ ᠨᠢᠭᠡ᠂ ᠲᠡᠭᠡᠪᠤᠷ ᠬᠤᠶᠠᠷ᠂ ᠴᠠᠪᠠᠭ ᠬᠤᠶᠠᠷ᠂ ᠲᠤᠭᠤᠷᠭ᠎ᠠ ᠲᠥᠷᠪᠡ᠂ ᠢᠰᠡᠭᠡᠢ ᠡᠬᠦᠳᠡ ᠨᠢᠭᠡ᠂ ᠲᠤᠳᠤᠭᠤᠪᠴᠢ | ᠨᠢᠭᠡ᠂ ᠬᠠᠶᠠᠭᠠᠪᠴᠢ 4 ᠪᠠᠶᠢᠳᠠᠭ᠃ ᠭᠡᠷ ᠪᠥᠷᠢᠬᠦ ᠳᠤ ᠢᠰᠡᠭᠡᠢ ᠪᠠᠨ ᠡᠰᠭᠡᠵᠤ ᠲᠠᠭᠠᠷᠠᠭᠤᠯᠬᠤ᠂ ᠤᠶᠤᠬᠤ᠂ ᠵᠡᠭᠡᠭᠯᠡᠬᠦ᠂ ᠤᠭᠤᠰᠤᠷ ᠪᠥᠴᠠ ᠬᠠᠳᠠᠬᠤ ᠵᠠᠷᠭᠡ | ᠶᠠᠪᠤᠴᠠ ᠶᠢ ᠲᠠᠮᠵᠢᠳᠠᠭ᠃ | | |