ᠨᠢᠬᠡ᠂ ᠵᠠᠮ ᠤᠨ ᠳᠠᠭᠤᠤ | ᠨᠠᠮᠤᠷ ᠤᠨ ᠰᠡᠷᠢᠭᠦᠦ ᠣᠷᠤᠵᠤ᠂ ᠭᠠᠯᠠᠭᠤ ᠪᠣᠴᠠᠬᠤ ᠪᠠᠷ ︽ᠬᠦᠯᠦᠨ ᠪᠤᠶᠢᠷ ᠲᠤ ᠴᠠᠰᠤ ᠣᠷᠣᠴᠢᠬᠠᠵᠠᠢ︾ ᠭᠡᠵᠦ ᠨᠠᠰᠣᠲᠠᠶᠢᠴᠤᠳ ᠤᠨ ᠶᠠᠷᠢᠳᠠᠭ ᠢ | ᠰᠣᠨᠣᠰᠤᠭᠰᠠᠨ ᠠᠴᠠ ᠠᠪᠤᠭᠠᠳ ᠬᠦᠯᠦᠨ ᠪᠤᠶᠢᠷ ᠭᠡᠳᠡᠭ ᠨᠤᠲᠤᠭ ᠶᠡᠭᠡ ᠬᠦᠢᠲᠡᠨ᠂ ᠶᠡᠭᠡ ᠬᠤᠯᠠ ᠶᠢᠨ ᠰᠠᠨᠠᠭᠳᠠᠳᠠᠭ ᠪᠠᠶᠢᠯ᠎ᠠ᠃ | ᠬᠦᠯᠦᠨ ᠪᠤᠶᠢᠷ ᠭᠡᠳᠡᠭ ᠡᠷᠲᠡᠨ ᠤ ᠡᠨᠡ ᠨᠤᠲᠤᠭ ᠲᠤ ᠣᠯᠠᠨ ᠠᠶᠢᠮᠠᠭ ᠤᠭᠰᠠᠭ᠎ᠠ ᠡᠭᠦᠯᠡ ᠮᠡᠲᠦ ᠬᠤᠷᠠᠵᠤ᠂ ᠡᠭᠦᠯᠡ ᠮᠡᠲᠦ ᠰᠠᠷᠨᠢᠭᠰᠠᠭᠠᠷ ᠳᠠᠭᠤᠤ ᠵᠠᠮ | ᠬᠤᠶᠠᠷ ᠪᠣᠯᠵᠤ ᠰᠤᠨᠤᠵᠤ ᠦᠯᠡᠳᠡᠵᠡᠢ᠃ | ᠡᠷᠲᠡᠨ ᠤ ᠾᠦᠩᠨᠦ᠂ ᠲᠢᠶᠧᠯᠧ᠂ ᠴᠢᠯᠧ᠂ ᠳ᠋ᠢᠩ ᠯᠢᠩ᠂ ᠰᠢᠶᠠᠨᠪᠢ ᠨᠠᠷ ᠡᠨᠡ ᠨᠤᠲᠤᠭ ᠢᠶᠠᠷ ᠦᠷᠭᠦᠭᠰᠡᠨ ᠵᠡᠭᠡᠷ᠎ᠡ ᠰᠢᠭ ᠥᠩᠭᠡᠷᠡᠬᠦ ᠳᠤ ᠲᠡᠭᠦᠨ ᠤ | ᠳᠣᠲᠣᠷ᠎ᠠ ᠪᠠᠷᠭᠤᠴᠤᠳ 7 ᠳ᠋ᠤᠭᠠᠷ ᠵᠠᠭᠤᠨ ᠤ ᠦᠶ᠎ᠡ ᠳᠤ ᠬᠦᠯᠦᠨ ᠪᠤᠶᠢᠷ ᠤᠨ ᠪᠠᠷᠠᠭᠤᠨ ᠬᠥᠪᠡᠭᠡ ᠪᠠᠷ ᠨᠤᠲᠤᠭᠯᠠᠵᠤ ᠪᠠᠶᠢᠭᠠᠳ 9 ᠳ᠋ᠦ᠋ᠭᠡᠷ ᠵᠠᠭᠤᠨ ᠤ ᠦᠶ᠎ᠡ ᠪᠠᠷ | ᠪᠠᠷᠭᠤᠵᠢᠨ ᠳᠦᠬᠦᠮ ᠳᠤ ᠨᠡᠭᠦᠵᠦ ᠬᠦᠷᠦᠭᠡᠳ ᠠᠶᠢᠮᠠᠭ ᠤᠭᠰᠠᠭ᠎ᠠ ᠪᠠᠨ ︽ᠪᠠᠷᠭᠤ︾ ᠭᠡᠵᠦ ᠨᠡᠷᠡᠯᠡᠭᠰᠡᠨ ᠲᠤᠬᠠᠢ ᠪᠠᠷᠭᠤ ᠶᠠᠰᠤᠲᠠᠨ᠂ ᠡᠷᠳᠡᠮᠲᠡᠨ ᠬᠠᠷᠭᠠᠨ᠎ᠠ ᠵ᠊ · | ᠥᠯᠵᠡᠢ ᠶᠢᠨ ᠲᠡᠮᠳᠡᠭᠯᠡᠯ ᠠᠴᠠ ᠪᠠᠷᠭᠤᠴᠤᠳ ᠤᠨ ᠤᠯᠠ ᠮᠥᠷ ᠡᠨᠡ ᠨᠤᠲᠤᠭ ᠲᠤ ᠶᠡᠭᠡ ᠡᠷᠲᠡ ᠦᠯᠡᠳᠡᠵᠦ ᠬᠤᠴᠣᠷᠣᠭᠰᠠᠨ ᠭᠡᠳᠡᠭ ᠢ ᠮᠡᠳᠡᠵᠦ ᠪᠣᠯᠣᠨ᠎ᠠ᠃ | ᠴᠠᠭ ᠲᠥᠷᠦ ᠶᠢᠨ ᠡᠯᠡᠭᠡᠯᠲᠡ᠂ ᠣᠨ ᠵᠢᠯ ᠤᠨ ᠤᠷᠤᠰᠬᠠᠯ ᠳᠠᠮᠵᠢᠨ ᠥᠨᠦ ᠪᠣᠯᠬᠤ ᠳᠤ ᠬᠦᠯᠦᠨ ᠪᠤᠶᠢᠷ ᠨᠤᠲᠤᠭ ᠲᠤ ᠮᠥᠨ ᠪᠠᠷᠭᠤᠴᠤᠳ ᠭᠤᠣᠯᠲᠠᠢ | ᠬᠦᠮᠦᠰ ᠨᠤᠲᠤᠭᠯᠠᠨ ᠰᠠᠭᠤᠳᠠᠭ ᠪᠣᠯᠬᠤᠷ ᠬᠦᠮᠦᠰ ᠬᠦᠯᠦᠨ ᠪᠤᠶᠢᠷ ᠤᠨ ᠨᠤᠲᠤᠭ ᠢ ᠪᠠᠷᠭᠤ ᠶᠢᠨ ᠲᠠᠯ᠎ᠠ ᠭᠡᠵᠦ ᠬᠡᠯᠡᠬᠦ ᠳᠤᠷᠠᠲᠠᠢ ᠪᠠᠶᠢᠳᠠᠭ᠃ | ᠨᠠᠮᠤᠷ ᠨᠠᠮᠤᠷ ᠤᠨ ᠴᠠᠭ ᠢᠶᠠᠷ ᠰᠢᠪᠠᠭᠤ ᠪᠣᠴᠠᠬᠤ ᠦᠶᠡᠰ ᠯᠡ ᠬᠦᠯᠦᠨ ᠪᠤᠶᠢᠷ ᠨᠤᠲᠤᠭ ᠲᠤ ᠴᠠᠰᠤ ᠣᠷᠣᠴᠢᠬᠠᠵᠤ ᠳ᠋ᠠ ᠭᠡᠵᠦ ᠰᠡᠳᠭᠢᠯ ᠨᠢᠭᠡ ᠯᠡ ᠤᠶᠠᠷᠠᠬᠤ | ᠰᠢᠭ᠋᠂ ᠭᠠᠩᠰᠠᠷᠠᠬᠤ ᠰᠢᠭ᠋᠂ ᠪᠠᠰᠠ ᠶᠠᠭᠠᠷᠠᠬᠤ ᠰᠢᠭ᠋ ᠪᠣᠯᠬᠤ ᠪᠠᠷ ᠲᠡᠷᠡ ᠨᠤᠲᠤᠭ ᠤᠨ ᠬᠦᠮᠦᠰ ᠨᠢ ᠴᠣᠬᠤᠮ ᠶᠠᠮᠠᠷᠬᠠᠨ ᠬᠦᠮᠦᠰ ᠪᠠᠶᠢᠳᠠᠭ ᠴᠤ ᠪᠣᠯ ᠭᠡᠵᠦ ᠪᠠᠶᠢᠩᠭᠤ | ᠪᠣᠳᠤᠭᠳᠠᠨ᠎ᠠ᠃ ᠬᠦᠢᠲᠡᠨ ᠭᠠᠵᠠᠷ ᠤᠨ ᠬᠦᠮᠦᠰ ᠥᠯᠴᠢᠷ ᠪᠥᠬᠡ᠂ ᠬᠠᠲᠠᠭᠤ ᠭᠦᠲᠡᠭᠦᠦ ᠦᠭᠡ ᠶᠠᠷᠢᠶ᠎ᠠ ᠲᠠᠢ᠂ ᠬᠠᠷ᠎ᠠ ᠪᠣᠷᠣ ᠴᠢᠷᠠᠢ ᠲᠠᠢ ᠴᠤ ᠪᠠᠶᠢᠳᠠᠭ ᠪᠤᠯᠪᠠ ᠤᠤ︖ | ᠪᠢ ᠢᠩᠭᠢᠵᠦ ᠪᠣᠳᠣᠳᠠᠭ ᠨᠠᠰᠤᠨ ᠠᠴᠠ ᠪᠠᠨ ᠳᠡᠮᠡᠢ ᠬᠤᠯᠠᠳᠤᠭ᠎ᠠ ᠦᠭᠡᠢ ᠪᠠᠶᠢᠬᠤ ᠳᠠᠭᠠᠨ ᠠᠵᠠ ᠲᠠᠭᠠᠷᠠᠵᠤ ᠬᠦᠯᠦᠨ ᠪᠤᠶᠢᠷ ᠤᠨ ᠪᠠᠷᠭᠤ ᠬᠦᠮᠦᠨ ᠲᠠᠢ | ᠠᠭᠤᠯᠵᠠᠭᠰᠠᠨ ᠶᠠᠪᠤᠳᠠᠯ ᠮᠢᠨᠤ ᠬᠤᠪᠢ ᠵᠠᠶᠠᠭ᠎ᠠ᠂ ᠣᠢ ᠪᠣᠳᠤᠯ ᠢ ᠥᠰᠦᠳ ᠣᠨᠳᠤᠤ ᠶᠢᠷᠲᠢᠨᠴᠦ ᠲᠠᠢ ᠪᠣᠯᠭᠠᠭᠰᠠᠨ ᠪᠢᠯᠡ᠃ 1979 ᠣᠨ ᠤ ᠨᠠᠮᠤᠷ᠂ ᠪᠢ | ᠰᠢᠯᠢᠩᠬᠤᠲᠠ ᠳᠠᠬᠢ ᠮᠣᠩᠭᠤᠯ ᠳᠤᠮᠳᠠᠳᠤ ᠰᠤᠷᠭᠠᠭᠤᠯᠢ ᠶᠢᠨ ᠥᠨᠳᠦᠷ ᠳᠤᠮᠳᠠᠳᠤ ᠳᠤ ᠰᠢᠯᠭᠠᠵᠤ ᠣᠷᠤᠭᠰᠠᠨ᠃ ᠣᠳᠤ ᠶᠢᠨ ᠰᠢᠯᠢ ᠶᠢᠨ ᠭᠤᠣᠯ ᠠᠶᠢᠮᠠᠭ ᠤᠨ | ᠮᠣᠩᠭᠤᠯ ᠦᠨᠳᠦᠰᠦᠲᠡᠨ ᠤ ᠳᠤᠮᠳᠠᠳᠤ ᠰᠤᠷᠭᠠᠭᠤᠯᠢ ᠶᠢ ᠲᠡᠷᠡ ᠦᠶ᠎ᠡ ᠳᠤ ᠴᠢᠩᠭᠢᠵᠦ ᠨᠡᠷᠡᠯᠡᠵᠦ ᠪᠠᠶᠢᠭᠰᠠᠨ᠃ ᠨᠢᠭᠡ ᠤᠳᠠᠭ᠎ᠠ ᠪᠢᠳᠡ ᠣᠷᠤᠢ ᠶᠢᠨ ᠳᠠᠪᠲᠠᠯᠭ᠎ᠠ | ᠪᠠᠭᠤᠴᠢᠬᠠᠭᠠᠳ ᠰᠠᠮᠪᠠᠷ᠎ᠠ ᠳᠡᠭᠡᠷ᠎ᠡ ᠪᠠᠨ ᠮᠣᠩᠭᠤᠯ ᠦᠰᠦᠭ ᠢ ᠬᠥᠨᠳᠡᠯᠡᠨ ᠢᠶᠠᠷ ᠬᠡᠪᠲᠡᠭᠡ ᠪᠢᠴᠢᠵᠦ ᠨᠠᠭᠠᠳᠴᠤ ᠲᠣᠭᠯᠠᠵᠤ ᠪᠠᠶᠢᠲᠠᠯ᠎ᠠ ᠠᠩᠭᠢ ᠶᠢᠨ ᠭᠡᠷ ᠲᠤ ᠨᠢᠭᠡ | ᠪᠣᠭᠤᠨᠢ ᠰᠢᠭ᠋ ᠪᠡᠶ᠎ᠡ ᠲᠠᠢ ᠲᠠᠭᠠᠷᠢᠭᠤᠯ ᠭᠡᠵᠢᠭᠡ ᠪᠠᠨ ᠡᠷᠴᠢᠯᠡᠭᠡᠰᠦ ᠣᠷᠤᠭᠤᠯᠤᠭᠰᠠᠨ ᠵᠠᠯᠠᠭᠤᠪᠲᠤᠷ ᠡᠮᠡᠭᠲᠡᠢ ᠪᠠᠭᠰᠢ ᠣᠷᠤᠵᠤ ᠢᠷᠡᠭᠡᠳ᠄ ︽ᠣᠳᠤ ᠴᠢᠨᠢ | ᠬᠦᠮᠦᠨ ᠢ ᠨᠢ ᠪᠠᠶᠢᠳᠤᠭᠠᠢ ᠦᠰᠦᠭ ᠢ ᠨᠢ ᠬᠦᠷᠲᠡᠯ᠎ᠡ ᠪᠦᠬᠦ᠋ᠢᠯᠭᠡᠵᠦ ᠲᠣᠩᠭᠤᠶᠢᠯᠭᠠᠵᠤ ᠪᠢᠴᠢᠳᠡᠭ ᠪᠣᠯᠣᠭᠰᠠᠨ ᠦᠦ︖︾ ᠭᠡᠵᠦ ᠮᠠᠰᠢ ᠲᠤᠩᠭᠠᠯᠠᠭ ᠬᠤᠭᠤᠯᠠᠢ ᠪᠠᠷ | ᠶᠠᠷᠢᠯ᠎ᠠ᠃ ᠡᠨᠡ ᠬᠤᠷᠴᠠ ᠬᠠᠲᠠᠭᠤ ᠦᠭᠡ ᠲᠠᠢ ᠪᠠᠭᠰᠢ ᠲᠠᠢ ᠢᠩᠭᠢᠵᠦ ᠠᠭᠤᠯᠵᠠᠭᠰᠠᠨ ᠤᠴᠠᠷᠠᠯ ᠪᠣᠯᠣᠭᠠᠳ ᠬᠡᠯᠡᠭᠰᠡᠨ ᠲᠡᠷᠡ ᠦᠭᠡ ᠨᠢ ᠨᠠᠳᠠ ᠳᠤ ᠨᠢᠭᠡ | ᠵᠦᠢᠯ ᠤᠨ ᠵᠢᠮᠡᠯᠡᠯ ᠰᠢᠭᠦᠮᠵᠢᠯᠡᠯ᠂ ᠮᠥᠨ ᠴᠤ ᠨᠢᠭᠡ ᠵᠦᠢᠯ ᠤᠨ ᠰᠤᠷᠭᠠᠯ ᠪᠣᠯᠵᠤ ᠣᠳᠤ ᠬᠦᠷᠲᠡᠯ᠎ᠡ ᠴᠡᠭᠡᠵᠢᠯᠡᠭᠳᠡᠭᠰᠡᠨ ᠶᠤᠮ᠃ ᠡᠨᠡ ᠪᠠᠭᠰᠢ ᠮᠠᠨ ᠤ ᠣᠷᠣᠨ ᠤ | ᠨᠡᠷᠡᠲᠦ ᠵᠣᠬᠢᠶᠠᠯᠴᠢ ᠮ᠊ · ᠴᠧᠪᠡᠯᠮᠡ ᠪᠠᠶᠢᠭᠰᠠᠨ ᠠᠵᠢ᠃ ᠪᠢᠳᠡ ︽ᠰᠤ᠊ ᠪᠠᠭᠰᠢ︾ ᠭᠡᠵᠦ ᠳᠠᠭᠤᠳᠠᠳᠠᠭ᠃ ᠮᠠᠨ ᠤ ᠠᠩᠭᠢ ᠶᠢ ᠥᠨᠳᠦᠷ ᠬᠤᠶᠠᠷ ᠪᠣᠯᠬᠤ | ᠰᠤᠷᠤᠯᠭ᠎ᠠ ᠶᠢᠨ ᠵᠢᠯ ᠠᠴᠠ ᠡᠬᠢᠯᠡᠵᠦ ᠰᠤ᠊ ᠪᠠᠭᠰᠢ ᠮᠠᠨ ᠤ ᠠᠩᠭᠢ ᠶᠢᠨ ᠬᠡᠯᠡ ᠪᠢᠴᠢᠭ ᠤᠨ ᠬᠢᠴᠢᠶᠡᠯ ᠢ ᠵᠢᠭᠠᠭᠰᠠᠨ᠃ ᠢᠩᠭᠢᠵᠦ ᠪᠢ ᠠᠶᠤᠭᠰᠠᠨ᠂ ᠭᠠᠶᠢᠬᠠᠭᠰᠠᠨ᠂ | ᠪᠢᠰᠢᠷᠡᠭᠰᠡᠨ ᠭᠤᠷᠮᠤᠰᠤᠨ ᠰᠡᠳᠭᠢᠯ ᠤᠨ ᠳᠥᠷᠦᠭᠡᠨ ᠳᠡᠭᠡᠷ᠎ᠡ ᠳᠡᠯᠴᠢᠭᠢᠨᠡᠵᠦ᠂ ᠪᠠᠭᠰᠢ ᠶᠢᠨ ᠢᠶᠠᠨ ᠠᠷᠤ ᠠᠴᠠ ᠵᠢᠭᠠᠭᠰᠠᠨ ᠪᠦᠬᠦᠨ ᠢ ᠨᠢ ᠰᠤᠷᠬᠤ ᠭᠡᠵᠦ ᠳᠠᠭᠠᠯ᠎ᠠ᠃ | ᠰᠤᠷᠴᠤ ᠲᠡᠶᠢᠯᠳᠡᠭ ᠦᠭᠡᠢ ᠯᠡ ᠶᠤᠮ ᠪᠢᠯᠡ᠃ | ᠰᠸ᠊ ᠪᠠᠭᠰᠢ ᠲᠠᠰᠬᠠᠯ ᠲᠠᠭᠠᠭᠠᠯᠭᠠᠪᠤᠷᠢ ᠶᠢ ᠲᠤᠩ ᠬᠤᠷᠴᠠ ᠬᠠᠲᠠᠭᠤ ᠦᠭᠡ ᠲᠠᠢ ᠲᠤᠰᠢᠶᠠᠳᠠᠭ᠃ ᠡᠰᠡ ᠪᠡᠶᠡᠯᠡᠭᠦᠯᠪᠡᠯ ᠵᠢᠮᠡᠯᠡᠯ ᠰᠢᠭᠦᠮᠵᠢᠯᠡᠯ ᠨᠢ ᠨᠡᠩ | ᠬᠠᠲᠠᠭᠤ ᠪᠣᠯᠵᠤ ᠨᠡᠮᠡᠭᠳᠡᠳᠡᠭ᠃ ᠡᠨᠡ ᠪᠣᠯ ᠨᠢᠭᠡ ᠶᠡᠭᠡ ᠠᠶᠣᠮᠰᠢᠭ᠃ ᠰᠤ᠊ ᠪᠠᠭᠰᠢ ᠠᠯᠢ ᠴᠤ ᠬᠢᠴᠢᠶᠡᠯ ᠢ ᠣᠩᠰᠢᠬᠤ ᠳᠤ ᠬᠤᠭᠤᠯᠠᠢ ᠨᠢ ᠲᠤᠩᠭᠠᠯᠠᠭ ᠴᠡᠭᠡᠯᠬᠡᠨ | ᠪᠦᠭᠡᠳ ᠤᠶᠠᠩᠭ᠎ᠠ ᠰᠡᠳᠭᠢᠯᠭᠡ ᠲᠠᠢ ᠪᠠᠶᠢᠵᠤ᠂ ᠠᠩᠬ᠎ᠠ ᠰᠣᠨᠣᠰᠬᠤ ᠳᠤ ᠶᠠᠭ ᠯᠡ ᠷᠠᠳᠢᠣ᠋ ᠶᠠᠷᠢᠵᠤ ᠪᠠᠶᠢᠬᠤ ᠰᠢᠭ᠋ ᠭᠠᠶᠢᠬᠠᠯᠲᠠᠢ ᠰᠠᠶᠢᠬᠠᠨ ᠰᠠᠨᠠᠭᠳᠠᠳᠠᠭ᠃ ᠪᠠᠰᠠ | ᠨᠢᠭᠡ ᠭᠠᠶᠢᠬᠠᠯᠲᠠᠢ ᠨᠢ ᠰᠤ᠊ ᠪᠠᠭᠰᠢ ᠶᠢᠨ ᠴᠡᠭᠡᠵᠢᠯᠡᠬᠦ ᠭᠡᠳᠡᠭ ᠦᠨᠡᠨ ᠣᠨᠴᠠᠭᠠᠢ᠃ ᠪᠠᠷᠤᠭ ᠰᠤᠷᠤᠭᠴᠢ ᠪᠦᠬᠦᠨ ᠤ ᠵᠣᠬᠢᠶᠠᠨ ᠪᠢᠴᠢᠯᠭᠡ ᠶᠢᠨ ᠲᠠᠰᠬᠠᠯ ᠳᠠᠭᠠᠨ ᠶᠠᠮᠠᠷ | ᠦᠭᠡ ᠶᠢ ᠶᠠᠭᠠᠬᠢᠵᠤ ᠬᠡᠷᠡᠭᠯᠡᠭᠰᠡᠨ ᠭᠡᠳᠡᠭ ᠢ ᠰᠢᠭᠤᠳ ᠴᠡᠭᠡᠵᠢ ᠪᠠᠷ ᠶᠠᠷᠢᠳᠠᠭ᠃ ᠣᠳᠤ ᠴᠤ ᠭᠡᠰᠡᠨ 80 ᠨᠠᠰᠤᠨ ᠤ ᠪᠠᠨ ᠥᠨᠳᠦᠷ ᠳᠠᠪᠠᠭᠠᠨ ᠳᠡᠭᠡᠷ᠎ᠡ ᠬᠦᠷᠦᠭᠰᠡᠨ | ᠴᠤ ᠥᠪᠦᠷ ᠮᠣᠩᠭᠤᠯ ᠣᠷᠤᠨ ᠤ ᠠᠬᠠᠮᠠᠳ᠂ ᠵᠠᠯᠠᠭᠤ ᠦᠶ᠎ᠡ ᠶᠢᠨ ᠵᠣᠬᠢᠶᠠᠯᠴᠢ᠂ ᠤᠷᠠᠯᠢᠭᠴᠢᠳ ᠲᠠᠢ ᠠᠭᠤᠯᠵᠠᠵᠤ ᠲᠠᠨᠢᠯᠴᠠᠭᠰᠠᠨ ᠢᠶᠠᠨ ᠣᠷᠬᠢᠵᠤ ᠭᠡᠭᠡᠭᠳᠡᠭᠦᠯᠬᠦ | ᠦᠭᠡᠢ ᠨᠢᠭᠡᠳ ᠨᠢᠭᠡ ᠪᠠᠷ ᠨᠢ ᠶᠠᠷᠢᠳᠠᠭ᠂ ᠦᠨᠡᠨ ᠭᠠᠶᠢᠬᠠᠯᠲᠠᠢ ᠪᠢᠯᠡ᠃ ᠰᠤ᠊ ᠪᠠᠭᠰᠢ ᠶᠢᠨ ᠬᠢᠴᠢᠶᠡᠯ ᠵᠢᠭᠠᠬᠤ ᠡᠷᠳᠡᠮ᠂ ᠠᠪᠢᠶᠠᠰ᠂ ᠮᠡᠳᠡᠯᠭᠡ ᠶᠢ ᠤᠨᠳᠤᠷᠴᠤ | ᠪᠠᠶᠢᠭ᠎ᠠ ᠪᠤᠯᠠᠭ᠂ ᠪᠢᠯᠬᠠᠨ ᠴᠠᠯᠭᠢᠯᠠᠭᠰᠠᠨ ᠳᠠᠯᠠᠢ ᠲᠠᠢ ᠵᠦᠢᠷᠯᠡᠵᠦ ᠪᠣᠯᠤᠨ᠎ᠠ᠃ ᠬᠢᠴᠢᠶᠡᠯ ᠵᠢᠭᠠᠬᠤ ᠨᠢ ᠲᠤᠩ ᠴᠢᠯᠦᠭᠡ ᠲᠠᠢ᠂ ᠪᠠᠶᠠᠷ ᠬᠥᠭᠵᠢᠶᠡᠨ ᠲᠠᠢ᠂ ᠶᠠᠭ ᠯᠡ | ᠳᠥᠷᠪᠡᠨ ᠴᠠᠭ ᠤᠨ ᠰᠠᠯᠬᠢ ᠰᠡᠪᠡᠯᠵᠡᠭᠦᠯᠦᠨ ᠳᠥᠷᠦᠭᠡᠨ ᠳᠡᠭᠡᠷ᠎ᠡ ᠶᠠᠪᠤᠭ᠎ᠠ ᠰᠢᠭ᠋ ᠰᠠᠨᠠᠭᠳᠠᠳᠠᠭ ᠪᠣᠯᠬᠤᠷ ᠰᠤ᠊ ᠪᠠᠭᠰᠢ ᠪᠣᠯ ᠰᠤᠷᠤᠭᠴᠢ ᠪᠤᠯᠭᠠᠨ ᠢᠶᠠᠨ ᠥᠪᠡᠷ | ᠥᠪᠡᠷ ᠤᠨ ᠬᠢᠨᠢ ᠬᠥᠭ ᠠᠶᠠᠰ ᠢᠶᠠᠷ ᠬᠥᠭᠯᠡᠵᠦ ᠴᠢᠳᠠᠳᠠᠭ ᠬᠠᠶᠢᠷ᠎ᠠ ᠰᠡᠳᠭᠢᠯ ᠤᠨ ᠨᠢᠭᠡᠨ ᠶᠡᠭᠡ ᠭᠠᠶᠢᠬᠠᠮᠰᠢᠭ ᠪᠢᠯᠡ᠃ ᠬᠢᠴᠢᠶᠡᠯ ᠢᠶᠠᠨ ᠶᠠᠷᠢᠵᠤ ᠪᠠᠶᠢᠭᠰᠠᠭᠠᠷ | ᠳᠠᠭᠤᠤ ᠵᠢᠭᠠᠨ᠎ᠠ᠃ ︽ᠰᠠᠶᠢᠬᠠᠨ ᠮᠣᠩᠭᠤᠯ ᠣᠷᠤᠨ︾᠂ ︽ᠺᠠᠴᠢᠶᠦᠦᠱᠠ︾᠂ ︽ᠭᠠᠩᠭᠠᠩ ᠪᠠᠶᠢᠭᠠᠯᠢ︾ ᠁ ᠭᠡᠳ ᠳᠠᠭᠤᠯᠠᠭᠤᠯᠵᠤ ᠪᠠᠶᠢᠭᠰᠠᠭᠠᠷ ᠰᠢᠯᠦᠭ | ᠶᠠᠷᠢᠨ᠎ᠠ᠃ ᠳ᠋᠊ · ᠨᠠᠴᠤᠭᠳᠤᠷᠵᠢ ᠶᠢ ︽ᠮᠢᠨᠤ ᠨᠤᠲᠤᠭ︾ ᠲᠠᠢ ᠨᠢ᠂ ᠳ᠋᠊ · ᠰᠡᠩᠭᠡ ᠶᠢ ︽ᠲᠣᠭᠤᠭᠠᠴᠢ︾ ᠲᠠᠢ ᠨᠢ᠂ ᠪ᠊ · ᠷᠢᠨᠴᠢᠨ ᠢ ︽ᠦᠷ ᠤᠨ ᠲᠤᠶᠠᠭ᠎ᠠ︾ | ᠲᠠᠢ ᠨᠢ᠂ ᠴ᠊ · ᠳᠠᠮᠳᠢᠨᠰᠦ᠋ᠷᠦᠩ ᠢ ︽ᠪᠣᠭᠤᠷᠤᠯ ᠡᠵᠢ︾ ᠲᠠᠢ ᠨᠢ᠂ ᠨᠠ᠊ · ᠰᠠᠶᠢᠨᠴᠤᠭᠲᠤ ᠶᠢ ︽ᠴᠦᠢᠵᠢᠨ ᠴᠠᠭᠠᠨ ᠨᠠᠭᠤᠷ︾ ᠲᠠᠢ ᠨᠢ ᠨᠢᠭᠡᠨ ᠨᠠᠮᠤᠷ᠂ ᠨᠢᠭᠡᠨ | ᠡᠪᠦᠯ᠂ ᠨᠢᠭᠡᠨ ᠬᠠᠪᠤᠷ᠂ ᠨᠢᠭᠡᠨ ᠵᠤᠨ ᠶᠠᠷᠢᠭᠰᠠᠭᠠᠷ᠂ ᠬᠠᠭᠤᠯᠤᠭᠤᠯᠤᠭᠰᠠᠭᠠᠷ ᠪᠠᠶᠢᠵᠤ ᠪᠢᠳᠡᠨ ᠢ ᠤᠯᠤᠰ ᠤᠨ ᠰᠢᠯᠭᠠᠯᠲᠠ ᠶᠢᠨ ᠡᠭᠦᠳᠡᠨ ᠳᠤ ᠬᠦᠷᠭᠡᠵᠦ᠂ ︽ᠡᠬᠡ | ᠴᠠᠭᠠᠨ ᠬᠤᠨᠢᠨ ᠤ ᠡᠵᠡᠨ︾ ᠨᠤᠲᠤᠭ ᠲᠠᠭᠠᠨ ᠪᠣᠴᠠᠵᠤ ᠪᠢᠯᠡ᠃ | ᠢᠷᠠᠭᠤ ᠨᠠᠶᠢᠷᠠᠭ ᠢᠶᠠᠷ ᠳᠠᠮᠵᠢᠭᠤᠯᠵᠤ ᠪᠠᠷᠭᠤ ᠳᠤ ᠬᠥᠲᠦᠯᠦᠭᠰᠡᠨ ᠵᠠᠮ — ᠪᠠᠷᠭᠤ ᠪᠠᠷ ᠳᠠᠮᠵᠢᠭᠤᠯᠵᠤ ᠢᠷᠠᠭᠤ ᠨᠠᠶᠢᠷᠠᠭ ᠲᠤ ᠬᠥᠲᠦᠯᠦᠭᠰᠡᠨ ᠵᠠᠮ | ᠬᠡᠵᠢᠶᠡᠲᠡ ᠳᠠᠪᠬᠤᠴᠠᠳᠠᠭ᠃ ᠮᠢᠨᠤ ᠬᠤᠪᠢ ᠵᠠᠶᠠᠭ᠎ᠠ ᠲᠠᠢ ᠬᠡᠵᠢᠶᠡᠲᠡ ᠳᠠᠪᠬᠤᠴᠠᠳᠠᠭ᠃ | ︽ᠡᠬᠡ ᠣᠷᠤᠨ ᠲᠥᠷᠦᠭᠰᠡᠨ ᠪᠠᠭᠤᠴᠠᠨ ᠠᠴᠠ ᠡᠬᠢᠯᠡᠨ᠎ᠡ︾ ᠭᠡᠵᠦ ᠪᠢᠴᠢᠭᠰᠡᠨ ᠪᠠᠭᠰᠢ ᠶᠢᠨ ᠮᠢᠨᠢ ᠦᠭᠡ ᠢᠷᠠᠭᠤ ᠲᠠᠩᠰᠤᠭ ᠠᠭᠠᠳ ᠡᠨᠡ ᠪᠠᠷᠭᠤ | ᠬᠦᠮᠦᠨ ᠤ ᠬᠠᠶᠢᠷ᠎ᠠ ᠡᠳᠦᠷ ᠣᠬᠢᠯᠠᠭᠰᠠᠨ ᠢᠶᠠᠨ ᠪᠣᠳᠤᠯ ᠤᠨ ᠬᠢ᠂ ᠰᠥᠨᠢ ᠣᠬᠢᠯᠠᠭᠰᠠᠨ ᠢᠶᠠᠨ ᠵᠡᠭᠦᠳᠦᠨ ᠤ ᠬᠢ ᠭᠡᠵᠦ ᠬᠠᠲᠠᠭᠤ ᠢᠷᠡᠳᠡᠭ ᠬᠤᠷᠸ᠎ᠠ ᠶᠢ ᠡᠶᠡᠷᠡᠭᠦᠯᠦᠨ | ᠤᠶᠠᠷᠠᠭᠤᠯᠤᠨ ᠰᠠᠨᠠᠵᠤ᠂ ᠳᠠᠭᠤᠤ ᠵᠠᠮ ᠬᠤᠶᠠᠷ ᠲᠠᠢ ᠪᠠᠨ ᠵᠢᠳᠭᠦᠭᠰᠡᠭᠡᠷ ᠡ︕ | | |