ᠬᠤᠶᠠᠷ᠂ ᠮᠡᠨᠡᠩ ᠤᠨ ᠪᠣᠭᠳᠠ ᠠᠭᠤᠯᠠ | ᠪᠠᠶᠢᠭᠠᠯ ᠤᠨ ᠬᠥᠪᠡᠭᠡᠨ ᠠᠴᠠ ᠬᠦᠯᠦᠨ ᠤ ᠬᠥᠪᠡᠭᠡ ᠬᠦᠷᠲᠡᠯ᠎ᠡ ᠳᠥᠷᠪᠡᠨ ᠴᠠᠭ ᠤᠨ ᠰᠠᠯᠬᠢ | ︽ᠨᠢᠭᠤᠴᠠ ᠲᠣᠪᠴᠢᠶᠠᠨ︾ ᠠᠴᠠ ᠮᠡᠨᠡᠩ ᠢᠷᠡᠲᠡᠯ᠎ᠡ ᠠᠶᠠᠭ᠎ᠠ ᠬᠠᠯᠠᠭᠤᠨ ᠴᠠᠢ | ᠳᠣᠮᠤᠭ ᠮᠡᠲᠦ ᠪᠠᠷᠭᠤᠴᠤᠳ ᠢᠨᠢᠶᠡᠵᠦ ᠠᠮᠢᠳᠤᠷᠠᠨ᠎ᠠ | ᠠᠭᠤᠯᠠ ᠮᠡᠲᠦ ᠪᠠᠷᠭᠤᠴᠤᠳ ᠤᠰᠤ ᠮᠡᠲᠦ ᠮᠡᠯᠲᠡᠯᠵᠡᠨ᠎ᠡ | ᠠᠩᠬ᠎ᠠ ᠯᠡ ᠤᠳᠠᠭ᠎ᠠ ᠪᠠᠨ ᠪᠢ ᠪᠠᠷᠭᠤ ᠳᠤ ᠣᠴᠢᠭᠰᠠᠨ 2009 ᠣᠨ ᠤ ᠴᠠᠰᠤ ᠰᠢᠭᠤᠷᠭᠠᠨ ᠲᠠᠢ ᠡᠪᠦᠯ ᠤᠨ ᠰᠥᠨᠢ᠃ | ᠮ᠊ · ᠴᠧᠪᠡᠯᠮᠡ ᠪᠠᠭᠰᠢ ᠶᠢᠨ ᠢᠶᠠᠨ 73 ᠨᠠᠰᠤᠨ ᠤ ᠵᠢᠯ ᠵᠡᠷᠭᠡᠭᠡᠭᠰᠡᠨ ᠪᠠᠶᠠᠷ ᠢ ᠪᠡᠯᠭᠡᠯᠡᠬᠦ ᠭᠡᠵᠦ ᠳ᠋᠊ · ᠪᠠᠭᠠᠲᠤᠷ᠂ ᠴᠡᠩᠭᠡᠯᠲᠦ᠂ ᠪᠠᠳᠠᠷᠠᠬᠤ᠂ ᠷᠢ᠊ · ᠰᠡᠴᠡᠨᠲᠦ | ᠂ ᠵᠢᠯᠣᠭᠤᠴᠢ ᠵᠠᠯᠠᠭᠤ ᠰᠦᠯᠳᠡ ᠪᠢᠳᠡ ᠵᠢᠷᠭᠤᠭᠤᠯᠠ ᠵᠡᠭᠦᠨ ᠦᠵᠦᠮᠦᠴᠢᠨ ᠢᠶᠠᠷ ᠳᠠᠮᠵᠢᠵᠤ᠂ ᠰᠣᠶᠣᠯᠵᠢ ᠶᠢᠨ ᠪᠣᠭᠳᠠ ᠠᠭᠤᠯᠠ ᠶᠢᠨ ᠵᠠᠮ ᠢᠶᠠᠷ ᠷᠠᠰᠢᠶᠠᠨ ᠬᠦᠷᠴᠦ᠂ | ᠬᠠᠶᠢᠯᠠᠷ ᠤᠨ ᠵᠠᠮ ᠢ ᠡᠯᠭᠦᠵᠦ ᠠᠪᠤᠭᠠᠳ ᠰᠢᠨ᠎ᠡ ᠪᠠᠷᠭᠤ ᠵᠡᠭᠦᠨ ᠬᠤᠰᠢᠭᠤᠨ ᠤ ᠲᠥᠪ ᠠᠮᠤᠭᠤᠯᠠᠩ ᠪᠠᠯᠭᠠᠰᠤ ᠶᠢ ᠴᠢᠭᠯᠡᠵᠦ ᠶᠠᠪᠤᠭᠰᠠᠭᠠᠷ ᠠᠮᠤᠭᠤᠯᠠᠩ | ᠪᠠᠯᠭᠠᠰᠤᠨ ᠠᠴᠠ ᠭᠤᠴᠢᠭᠠᠳ ᠭᠠᠵᠠᠷ ᠤᠨ ᠵᠠᠶᠢᠲᠠᠢ ᠴᠠᠰᠤ ᠰᠢᠭᠤᠷᠴᠤ ᠵᠠᠮ ᠪᠥᠭᠯᠡᠭᠳᠡᠭᠡᠳ ᠲᠡᠷᠭᠡ ᠲᠣᠷᠴᠤ ᠪᠠᠷᠤᠭ ᠬᠤᠶᠠᠷ ᠴᠠᠭ ᠬᠢᠷᠢᠲᠠᠢ ᠰᠠᠭᠠᠲᠠᠯ᠎ᠠ᠃ | ᠰᠥᠨᠢ ᠶᠢᠨ 12 ᠴᠠᠭ ᠰᠢᠬᠠᠵᠤ ᠪᠠᠶᠢᠲᠠᠯ᠎ᠠ ᠠᠷᠤ ᠠᠴᠠ ᠵᠠᠮ ᠤᠨ ᠴᠠᠰᠤ ᠲᠦᠯᠬᠢᠳᠡᠭ ᠲᠡᠷᠭᠡ ᠪᠢᠳᠡᠨ ᠤ ᠬᠠᠵᠠᠭᠤ ᠪᠠᠷ ᠵᠠᠮ ᠤᠨ ᠴᠠᠰᠤ ᠶᠢ ᠴᠠᠶᠢᠯᠵᠠᠲᠠᠯᠠ | ᠲᠦᠯᠬᠢᠭᠰᠡᠭᠡᠷ ᠥᠩᠭᠡᠷᠡᠯ᠎ᠡ᠃ ᠰᠤ᠊ ᠪᠠᠭᠰᠢ ᠶᠢᠨ ᠶᠠᠪᠤᠭᠤᠯᠤᠭᠰᠠᠨ ᠨᠠ᠊ · ᠱᠤᠭᠠᠷ᠎ᠠ᠂ ᠭᠣ · ᠠᠯᠮᠠᠰ ᠲᠦᠷᠦᠭᠦᠲᠠᠢ ᠬᠡᠳᠦᠨ ᠢᠳᠡᠷ ᠵᠠᠯᠠᠭᠤ ᠵᠤᠬᠢᠶᠠᠯᠴᠢᠳ ᠪᠢᠳᠡᠨ ᠢ | ᠲᠤᠰᠴᠤ ᠢᠷᠡᠬᠦ ᠴᠤ ᠲᠠᠭᠠᠷᠠᠯ᠎ᠠ᠃ ᠡᠨᠡ ᠶᠣᠰᠤᠲᠠᠢ ᠪᠣᠭᠳᠠ ᠠᠭᠤᠯᠠ ᠶᠢᠨ ᠠᠪᠤᠷᠠᠯ᠂ ᠰᠤ᠊ ᠪᠠᠭᠰᠢ ᠶᠢᠨ ᠠᠴᠢ ᠲᠡᠳᠭᠦᠵᠦ᠂ ᠠᠶᠠᠭ᠎ᠠ ᠬᠠᠯᠠᠭᠤᠨ ᠴᠠᠢ ᠭᠠᠷ ᠲᠤ | ᠪᠠᠷᠢᠭᠳᠠᠵᠤ ᠰᠠᠨᠠᠭᠳᠠᠯ᠎ᠠ᠃ | ᠠᠮᠤᠭᠤᠯᠠᠩ ᠳᠤ ᠬᠦᠷᠦᠭᠰᠡᠨ ᠤ ᠮᠠᠷᠭᠠᠰᠢ ᠰᠤ᠊ ᠪᠠᠭᠰᠢ ᠶᠢᠨ 73 ᠨᠠᠰᠤᠨ ᠤ ᠵᠢᠯ ᠪᠣᠯᠣᠨ ᠵᠣᠬᠢᠶᠠᠯ ᠪᠦᠲᠦᠭᠡᠯ ᠤᠨ ᠬᠢᠨᠢ ᠠᠮᠵᠢᠯᠲᠠ ᠶᠢ ᠲᠡᠮᠳᠡᠭᠯᠡᠬᠦ ᠰᠢᠨ᠎ᠡ | ᠪᠠᠷᠭᠤ ᠵᠡᠭᠦᠨ ᠬᠤᠰᠢᠭᠤᠨ ᠤ ᠵᠣᠬᠢᠶᠠᠯᠴᠢᠳ ᠤᠨ ᠨᠡᠶᠢᠭᠡᠮᠯᠢᠭ ᠠᠴᠠ ᠵᠣᠬᠢᠶᠠᠨ ᠪᠠᠶᠢᠭᠤᠯᠤᠭᠰᠠᠨ ᠡᠳᠦᠷᠯᠢᠭ ᠪᠣᠯᠣᠯ᠎ᠠ᠃ | ᠰᠢᠨ᠎ᠡ ᠪᠠᠷᠭᠤ ᠶᠢᠨ ᠬᠡᠳᠦᠨ ᠦᠶ᠎ᠡ ᠶᠢᠨ ᠵᠣᠬᠢᠶᠠᠯᠴᠢᠳ᠂ ᠬᠡᠰᠡᠭ ᠮᠠᠯᠴᠢᠳ ᠲᠥᠷᠦ ᠶᠣᠰᠤᠯᠠᠯ ᠤᠨ ᠮᠠᠯᠠᠭᠠᠢ ᠲᠠᠷᠤᠵᠤ᠂ ᠪᠠᠳᠠᠷᠠᠭᠤᠨ ᠰᠦᠷᠯᠢᠭ᠂ ᠪᠠᠲᠤ | ᠢᠲᠡᠭᠡᠯᠲᠦ ᠬᠠᠯᠠᠭᠤᠨ ᠰᠡᠳᠭᠢᠯ ᠤᠨ ᠭᠠᠷ ᠰᠤᠩᠭᠠᠵᠤ᠂ ᠡᠨᠡ ᠨᠤᠲᠤᠭ ᠤᠨ ᠡᠵᠡᠨ ᠬᠦᠮᠦᠨ ᠤ ᠬᠤᠪᠢ ᠪᠠᠷ᠂ ᠨᠡᠬᠦᠳᠠᠯᠴᠢ ᠤᠳᠤᠮ ᠤᠨ ᠰᠡᠳᠭᠢᠯ ᠨᠢᠭᠡᠲᠡᠨ ᠤ | ᠬᠤᠪᠢ ᠪᠠᠷ ᠪᠢᠳᠡᠨ ᠢ ᠤᠭᠲᠤᠯ᠎ᠠ᠃ | ᠨᠠ᠊ · ᠱᠤᠭᠠᠷ᠎ᠠ᠂ ᠪᠢ᠊ · ᠳᠠᠮᠳᠢᠨᠰᠦ᠋ᠷᠦᠩ᠂ ᠮ᠊ · ᠣᠶᠣᠩᠭᠤᠸ᠎ᠠ᠂ ᠭᠤ · ᠠᠯᠮᠠᠰ᠂ ᠰ᠊ · ᠥᠯᠵᠡᠶᠢᠵᠢᠷᠭᠠᠯ᠂ ᠪ᠊ · ᠸᠴᠢᠷᠪᠠᠨᠢ᠂ ᠪᠢ᠊ · ᠤᠯᠠᠭᠠᠨ᠂ | ᠤᠷᠭᠤᠭᠠᠵᠠᠢ᠂ ᠥᠨᠳᠦᠷ ᠱᠤᠭᠠᠷ᠎ᠠ ᠨᠠᠷ ᠣᠳᠤᠮ ᠤᠨ ᠪᠠᠷᠭᠤ ᠤᠯᠤᠰ᠂ ᠤᠳᠠᠭ᠎ᠠ ᠳᠠᠷᠠᠭ᠎ᠠ ᠲᠠᠢ ᠪᠠᠷ ᠬᠡᠮ ᠰᠡᠷᠭᠦᠭᠡᠵᠦ᠂ ᠤᠷᠲᠤ ᠨᠠᠰᠤᠯᠠᠬᠤ ᠶᠢᠨ ᠢᠷᠦᠭᠡᠯ | ᠬᠦᠰᠡᠨᠰᠸ᠊ ᠪᠠᠭᠰᠢ ᠳᠠᠭᠠᠨ ᠳᠠᠭᠤᠤ ᠪᠠᠨ ᠡᠷᠭᠦᠨ᠎ᠡ᠃ | ᠨᠠᠶᠢᠷ ᠳᠡᠯᠭᠡᠷ᠂ ᠰᠡᠳᠭᠢᠯ ᠬᠥᠭᠵᠢᠯᠲᠡᠢ᠂ ᠨᠠᠷᠠᠨ ᠤᠨᠠᠰᠢ ᠦᠭᠡᠢ ᠵᠢᠷᠭᠠᠯᠲᠠᠢ᠂ ᠶᠠᠭᠠᠬᠢᠬᠰᠠᠨ ᠰᠠᠶᠢᠬᠠᠨ ᠪᠠᠷᠭᠤ ᠪᠤᠢ ᠭᠡᠵᠦ ᠪᠣᠳᠤᠬᠤ ᠠᠴᠠ ᠶᠠᠭ ᠯᠡ | ᠰᠦᠠᠳᠠᠷᠯᠡᠭᠰᠠᠨ ᠬᠡᠪ ᠢᠶᠠᠷ ᠢᠶᠠᠨ ᠳᠥᠷᠪᠡᠨ ᠴᠠᠭ ᠤᠨ ᠲᠡᠭᠷᠢ ᠲᠠᠢ᠂ ᠰᠦᠭᠯᠡᠶᠢᠭᠰᠡᠨ ᠴᠢᠭ ᠢᠶᠠᠷ ᠢᠶᠠᠨ ᠢᠯᠡ ᠴᠠᠶᠢᠯᠭᠠᠨ ᠲᠡᠦᠬᠡ ᠲᠠᠢ ᠮᠡᠨᠡᠩ ᠤᠨ ᠪᠣᠭᠳᠠ ᠁ | ᠥᠨᠢ ᠮᠥᠩᠬᠡ ᠶᠢᠨ ᠪᠠᠷᠭᠤ ᠠᠴᠠ ᠨᠠᠷᠠ ᠦᠨᠦᠷᠳᠤᠨᠠ᠃ | ︽ᠮᠡᠨᠡᠩ ᠬᠤᠭᠤᠷᠳᠠᠭᠠᠳ | ᠪᠢ ᠳᠠᠭᠤᠯᠠᠬᠤ ᠨᠢ | ᠠᠮᠠᠷᠠᠭ ᠬᠠᠯᠠᠭᠤᠨ ᠨᠠᠶᠢᠷᠠᠯ | ᠮᠡᠨᠡᠩ ᠬᠠᠭᠤᠴᠢᠯᠠᠭᠠᠳ | ᠪᠢ ᠰᠣᠨᠣᠰᠬᠤ ᠨᠢ | ᠨᠢᠯᠪᠣᠰᠤ ᠠᠰᠬᠠᠷᠠᠬᠤ ᠡᠷᠲᠡᠨ︾ | ︽ᠬᠦᠮᠦᠨ ᠨᠡᠭᠦᠳᠡᠯ ᠬᠤᠶᠠᠷ | ᠨᠢᠭᠡ ᠨᠢᠭᠡᠨ ᠢᠶᠠᠨ ᠡᠬᠢᠯᠡᠭᠰᠡᠨ | ᠬᠤᠨ ᠵᠡᠷᠭᠡᠯᠭᠡᠨ ᠬᠤᠶᠠᠷ | ᠪᠡᠶ᠎ᠡ ᠪᠡᠶ᠎ᠡ ᠳᠡᠭᠡᠨ ᠴᠢᠮᠡᠭᠲᠦ | ᠮᠡᠨᠡᠩ ᠤᠨ ᠲᠠᠯ᠎ᠠ ᠪᠠᠨ ᠪᠢ | ᠬᠤᠷᠳᠤ ᠭᠡᠳᠡᠭ | ᠢᠷᠡᠭᠡᠳᠦᠢ ᠠᠳᠡ ᠠᠴᠠ ᠳᠠᠭᠤᠯᠠᠭᠠᠳ ᠮᠣᠷᠳᠠᠨ᠎ᠠ︾ ᠭᠡᠰᠡᠨ ᠡᠨᠡ ᠨᠤᠲᠤᠭ ᠤᠨ ᠬᠦᠦ᠂ ᠵᠠᠯᠠᠭᠤ ᠢᠷᠠᠭᠤ ᠨᠠᠶᠢᠷᠠᠭᠴᠢ ᠪ᠊ · ᠸᠴᠢᠷᠪᠠᠨᠢ ᠶᠢᠨ ᠤᠶᠠᠩᠭᠠᠯᠠᠯ ᠳᠤ | ᠪᠠᠷᠭᠤ ᠨᠤᠲᠤᠭ᠂ ᠪᠠᠷᠭᠤ ᠬᠦᠮᠦᠨ ᠬᠤᠶᠠᠷ ᠨᠢᠭᠡᠨ ᠨᠢᠭᠡᠨ ᠢᠶᠠᠨ ᠳᠡᠳᠭᠦᠵᠦ᠂ ᠨᠢᠭᠡᠨ ᠨᠢᠭᠡᠨ ᠢᠶᠠᠨ ᠴᠢᠩᠨᠠᠵᠤ᠂ ᠨᠢᠭᠡᠨ ᠨᠢᠭᠡᠨ ᠳᠡᠭᠡᠨ ᠠᠭᠤᠰᠴᠤ᠂ ᠨᠢᠭᠡᠨ | ᠨᠢᠭᠡᠨ ᠢᠶᠠᠨ ᠡᠬᠢᠯᠡᠭᠦᠯᠦᠭᠰᠡᠨ ᠲᠡᠦᠬᠡ ᠨᠢᠳᠦᠨ᠎ᠡ ᠪᠦᠷᠦᠯᠵᠡᠨᠡᠮ ᠪᠤᠶᠤ ᠲᠡᠨᠳᠡ᠃ ᠣᠬᠢᠯᠠᠵᠤ ᠰᠠᠭᠤᠭᠰᠠᠨ ᠡᠷᠲᠡᠨ᠂ ᠳᠠᠭᠤᠯᠠᠵᠤ ᠮᠣᠷᠳᠠᠭᠰᠠᠨ ᠢᠷᠡᠭᠡᠳᠦᠢ ᠬᠤᠶᠠᠷ | ᠨᠢᠳᠦᠨ᠎ᠡ ᠪᠦᠷᠦᠯᠵᠡᠨᠡᠮ ᠪᠤᠶᠤ ᠲᠡᠷᠡ᠃ | | |