ᠲᠦᠷᠪᠡ᠂ ᠠᠶᠠᠨ ᠤ ᠳᠥᠷᠦᠭᠡ ᠬᠠᠩᠭᠢᠨᠠᠬᠤᠢ | ᠬᠠᠮᠢᠭ᠎ᠠ ᠭᠠᠵᠠᠷ ᠶᠠᠪᠤᠭᠰᠠᠨ ᠴᠤ ᠵᠠᠮ ᠤᠨ ᠬᠠᠨᠢ ᠲᠠᠢ ᠪᠠᠶᠢᠬᠤ ᠰᠠᠶᠢᠬᠠᠨ | ᠬᠠᠮᠢᠭ᠎ᠠ ᠭᠠᠵᠠᠷ ᠣᠴᠢᠭᠰᠠᠨ ᠴᠤ ᠬᠠᠨᠢ ᠨᠥᠭᠦᠳ ᠲᠠᠢ ᠪᠠᠨ ᠣᠴᠢᠬᠤ ᠰᠠᠶᠢᠬᠠᠨ | ᠬᠠᠮᠢᠭ᠎ᠠ ᠭᠠᠵᠠᠷ ᠬᠦᠷᠦᠭᠰᠡᠨ ᠴᠤ ᠬᠠᠨᠢ ᠨᠥᠭᠦᠳ ᠲᠠᠢ ᠪᠠᠶᠢᠬᠤ ᠨᠡᠩ ᠴᠤ ᠰᠠᠶᠢᠬᠠᠨ | 2014 ᠣᠨ ᠤ 6 ᠰᠠᠷ᠎ᠠ ᠶᠢᠨ 24 ᠤ ᠥᠷᠯᠦᠭᠡ ᠳ᠋᠊ · ᠪᠠᠭᠠᠲᠤᠷ ᠪᠢᠳᠡ ᠬᠤᠶᠠᠷ ᠨᠢᠭᠡ ᠲᠡᠷᠭᠡ ᠲᠠᠢ᠂ ᠪᠠᠭᠠᠲᠤᠷ᠂ ᠢᠯᠠᠯᠲᠠ ᠠᠪᠠᠭᠠᠢ ᠠᠬᠠᠢ ᠬᠤᠶᠠᠭᠤᠯᠠ | ᠨᠢᠭᠡ ᠲᠡᠷᠭᠡ ᠲᠠᠢ ᠪᠠᠷᠠᠭᠤᠨ ᠦᠵᠦᠮᠦᠴᠢᠨ ᠤ ᠲᠥᠪ ᠪᠠᠯᠭᠠᠷᠭᠤᠣᠯ ᠪᠠᠯᠭᠠᠰᠤᠨ ᠠᠴᠠ ᠬᠠᠶᠢᠯᠠᠷ ᠬᠦᠷᠬᠦ ᠪᠠᠷ ᠬᠥᠳᠡᠯᠦᠭᠰᠡᠨ ᠶᠤᠮ᠃ ᠪᠢᠳᠡ ᠬᠤᠣᠯᠢᠩᠭᠤᠣᠯ ᠠᠴᠠ | ᠰᠢᠭᠤᠳ ᠬᠢᠩᠭᠠᠨ ᠠᠶᠢᠮᠠᠭ ᠬᠦᠷᠬᠦ ᠵᠠᠮ ᠢ ᠮᠡᠳᠡᠬᠦ ᠦᠭᠡᠢ ᠪᠣᠯᠬᠤᠷ ᠵᠡᠭᠦᠨ ᠬᠤᠶᠢᠰᠢ ᠪᠠᠨ ᠴᠢᠭ ᠲᠠᠢ ᠬᠡᠰᠡᠭ ᠠᠭᠤᠯᠠ ᠶᠢᠨ ᠤᠷᠢᠳᠤᠭᠤᠷ ᠰᠡᠶᠧᠯᠵᠢ ᠶᠢᠨ | ᠭᠤᠣᠯ ᠤᠨ ᠬᠥᠨᠳᠡᠢ ᠳᠠᠮᠵᠢᠵᠤ᠂ ᠪᠣᠭᠳᠠ ᠠᠭᠤᠯᠠ ᠶᠢᠨ ᠵᠠᠮ ᠢ ᠡᠯᠭᠦᠬᠦ ᠰᠠᠨᠠᠭ᠎ᠠ ᠲᠠᠢ ᠵᠠᠮ ᠢᠶᠠᠨ ᠬᠥᠭᠡᠭᠡᠯ᠎ᠡ᠃ ᠰᠡᠶᠧᠯᠵᠢ ᠶᠢᠨ ᠭᠤᠣᠯ ᠤᠨ ᠬᠥᠨᠳᠡᠢ ᠳᠤ ᠰᠢᠷᠦᠭᠦᠨ | ᠪᠣᠷᠣᠭᠠᠨ ᠳᠤ ᠳᠠᠭᠠᠷᠢᠭᠳᠠᠵᠤ᠂ ᠲᠡᠷᠭᠡ ᠪᠠᠨ ᠭᠠᠯᠭᠢᠭᠤᠯᠵᠤ ᠶᠠᠪᠤᠭᠰᠠᠭᠠᠷ ᠪᠣᠭᠳᠠ ᠠᠭᠤᠯᠠ ᠶᠢᠨ ᠵᠠᠮ ᠢ ᠠᠷᠠᠢ ᠭᠡᠵᠦ ᠡᠯᠭᠦᠵᠦ ᠠᠪᠤᠯ᠎ᠠ᠃ ᠠᠳᠡ ᠬᠡᠳᠦ᠋ᠢᠪᠡᠷ | ᠪᠣᠷᠣᠭᠠᠨ ᠦᠭᠡᠢ ᠴᠤ ᠵᠠᠮ ᠨᠢ ᠡᠪᠳᠡᠷᠡᠵᠤ᠂ ᠵᠠᠮ ᠤᠨ ᠬᠠᠳᠠ ᠴᠢᠯᠠᠭᠤ ᠲᠡᠭᠡᠭᠯᠡᠭᠡᠳ ᠲᠡᠷᠭᠡ ᠤᠨᠤᠭ᠎ᠠ ᠶᠠᠪᠤᠬᠤ ᠠᠷᠭ᠎ᠠ ᠦᠭᠡᠢ᠃ ᠳᠡᠭᠡᠷ᠎ᠡ ᠠᠴᠠ ᠨᠢ ᠥᠭᠡᠳᠡ ᠠᠴᠠ | ᠳᠠᠩᠳᠠ ᠬᠥᠨᠳᠦ ᠲᠡᠬᠡᠬᠡᠰᠢ ᠲᠠᠢ ᠲᠣᠮᠣ ᠠᠴᠢᠶᠠᠨ ᠤ ᠮᠠᠰᠢᠨ ᠵᠥᠷᠢᠬᠦ ᠲᠠᠢ᠂ ᠪᠢᠳᠡ ᠬᠡᠳᠦ ᠶᠢᠨ ᠪᠣᠭᠳᠠ ᠠᠭᠤᠯᠠ ᠶᠢᠨ ᠵᠠᠮ ᠤᠨ ᠠᠶᠠᠯᠠᠯ ᠤᠷᠤᠭᠰᠢ ᠪᠠᠨ | ᠳᠥᠬᠦᠴᠡ ᠪᠠᠷ ᠠᠨᠠᠢ ᠯᠡ ᠪᠠᠶᠢᠯ᠎ᠠ᠃ | ︽ᠡᠨᠡ ᠵᠠᠮ ᠬᠠᠷᠢᠨ ᠰᠠᠶᠢᠨ᠂ ᠠᠱᠢᠭᠦᠢ ᠠᠷᠢᠬᠢᠨ ᠤ ᠰᠢᠷ᠎ᠠ ᠲᠠᠯᠪᠢᠭᠳᠠᠴᠢᠬᠠᠯᠠ︾ ᠭᠡᠵᠦ ᠳ᠋᠊ · ᠪᠠᠭᠠᠲᠤᠷ ᠮᠠᠨᠢ ᠬᠥᠭᠡᠷᠴᠦ᠂ ᠬᠥᠯᠦᠰᠦ ᠪᠠᠨ ᠵᠦᠯᠬᠦᠬᠦ ᠵᠠᠪ | ᠦᠭᠡᠢ ᠲᠡᠷᠭᠡᠨ ᠤ ᠵᠢᠯᠤᠭᠤ ᠪᠠᠨ ᠡᠷᠭᠢᠭᠦᠯᠵᠦ ᠵᠠᠮ ᠤᠨ ᠴᠢᠯᠠᠭᠤᠨ ᠠᠴᠠ ᠵᠠᠶᠢᠯᠠᠵᠤ ᠪᠤᠯᠳᠠᠨ ᠥᠩᠭᠡᠷᠡᠨ᠎ᠡ᠃ ᠵᠠᠷᠢᠮ ᠴᠢᠯᠠᠭᠤ ᠶᠢ ᠨᠢ ᠠᠷᠭ᠎ᠠ ᠦᠭᠡᠢ | ᠲᠡᠷᠭᠡᠨ ᠠᠴᠠ ᠪᠠᠨ ᠪᠠᠭᠤᠵᠤ ᠵᠠᠶᠢᠯᠠᠭᠤᠯᠤᠨ᠎ᠠ᠃ ᠢᠩᠭᠢᠵᠦ ᠶᠠᠪᠤᠭᠰᠠᠭᠠᠷ ᠪᠠᠶᠢᠵᠤ᠂ ᠣᠷᠣᠢ ᠶᠢᠨ 8 ᠴᠠᠭ ᠥᠩᠭᠡᠷᠡᠵᠦ ᠪᠠᠶᠢᠬᠤ ᠳᠤ ᠪᠢᠳᠡ ᠬᠡᠳᠦ ᠬᠢᠩᠭᠠᠨ ᠤ ᠪᠠᠢ | ᠯᠠᠩ ᠪᠠᠯᠭᠠᠰᠤᠨ ︵白狼镇︶ ᠳᠤ ᠬᠦᠷᠴᠦ ᠶᠠᠭᠤᠮ᠎ᠠ ᠢᠳᠡᠯ᠎ᠡ᠃ ᠦᠷᠯᠦᠬᠡᠨ ᠠᠴᠠ ᠠᠪᠤᠭᠠᠳ ᠬᠡᠯᠡᠨ ᠳᠡᠭᠡᠷ᠎ᠡ ᠶᠠᠭᠤᠮ᠎ᠠ ᠲᠠᠯᠪᠢᠭ᠎ᠠ ᠦᠭᠡᠢ ᠪᠣᠯᠬᠤᠷ | ᠬᠤᠭᠤᠯᠠ ᠴᠦ ᠶᠡᠭᠡ ᠠᠮᠲᠠᠲᠠᠢ ᠰᠠᠶᠢᠬᠠᠨ ᠪᠠᠶᠢᠯ᠎ᠠ᠃ ᠨᠥᠭᠦᠭᠡ ᠪᠠᠭᠠᠲᠤᠷ ᠤᠨ ᠬᠦᠦ ᠪᠠᠶᠢᠭᠠᠯᠢ ᠨᠢ ᠳ᠋᠊ · ᠪᠠᠭᠠᠲᠤᠷ ᠤᠨ ᠬᠡᠦᠬᠡᠨ ᠵᠠᠯᠮ᠎ᠠ ᠲᠠᠢ ᠬᠠᠮᠲᠤ ᠬᠦᠯᠦᠨ | ᠪᠤᠶᠢᠷ ᠳᠡᠬᠡᠳᠦ ᠰᠤᠷᠭᠠᠭᠤᠯᠢ ᠳᠤ ᠰᠤᠷᠤᠯᠴᠠᠵᠤ ᠲᠡᠭᠦᠰᠦᠭᠡᠳ ᠡᠳᠡ ᠬᠤᠶᠠᠷ ᠬᠡᠦᠬᠡᠳ ᠢᠶᠠᠨ ᠲᠤᠰᠬᠤ ᠪᠠᠷ ᠶᠠᠪᠤᠵᠤ ᠪᠠᠶᠢᠭ᠎ᠠ ᠨᠢ ᠡᠨᠡ ᠶᠤᠮ᠃ ᠪᠠᠭᠠᠲᠤᠷ ᠢᠯᠠᠯᠲᠠ | ᠠᠪᠠᠭᠠᠢ ᠠᠬᠠᠢ ᠬᠤᠶᠠᠷ ᠳᠠᠷᠤᠤᠬᠠᠨ ᠵᠠᠩ ᠲᠠᠢ᠂ ᠨᠠᠮ ᠶᠠᠷᠢᠶ᠎ᠠ ᠲᠠᠢ ᠬᠦᠮᠦᠰ᠃ ᠪᠢᠳᠡ ᠲᠡᠨᠳᠡ ᠠᠴᠠ ᠬᠥᠳᠡᠯᠵᠦ᠂ ᠨᠥᠮᠦᠷᠭᠡ ᠶᠢᠨ ᠷᠠᠰᠢᠶᠠᠨ᠂ ᠢᠷᠪᠢᠰ ᠳᠠᠮᠵᠢᠵᠤ | ᠬᠠᠶᠢᠯᠠᠷ ᠵᠦᠭ ᠠᠶᠠᠯᠠᠯ᠎ᠠ᠃ ᠵᠠᠮ ᠲᠤᠵᠢ ᠪᠣᠷᠤᠭ᠎ᠠ ᠰᠢᠪᠡᠷᠡᠭᠰᠡᠭᠡᠷ ᠪᠠᠶᠢᠯ᠎ᠠ᠃ ᠰᠥᠨᠢ ᠶᠢᠨ 2 ᠴᠠᠭ ᠤᠨ ᠪᠠᠷᠤᠭ ᠢᠶᠠᠷ ᠡᠸᠡᠩᠬᠢ ᠬᠤᠰᠢᠭᠤᠨ ᠤ ᠲᠥᠪ ᠪᠠᠶᠠᠨ | ᠲᠣᠬᠤᠢ ᠪᠠᠷ ᠣᠷᠣᠵᠤ᠂ ᠬᠠᠶᠢᠯᠠᠷ ᠤᠨ ᠵᠠᠬ᠎ᠠ ᠡᠯᠭᠦᠯ᠎ᠡ᠃ ᠬᠡᠳᠦᠭᠦᠯᠡ ᠬᠠᠶᠢᠯᠠᠷ ᠬᠤᠲᠠ ᠶᠢᠨ ᠰᠢᠨ ᠸᠠᠩ ᠴᠤᠤ ︵新王朝︶ ᠭᠡᠳᠡᠭ ᠨᠢᠭᠡ ᠪᠠᠭᠤᠳᠠᠯ | ᠣᠯᠵᠤ ᠠᠮᠠᠷᠠᠭᠠᠳ ᠥᠷᠯᠦᠭᠡ ᠨᠢ ᠬᠤᠶᠠᠷ ᠰᠤᠷᠤᠭᠴᠢ ᠪᠠᠨ ᠳᠠᠭᠤᠳᠠᠵᠤ ᠬᠠᠮᠲᠤ ᠴᠠᠢ ᠤᠤᠭᠤᠯ᠎ᠠ᠃ ᠬᠤᠶᠠᠷ ᠬᠡᠦᠬᠡᠳ ᠡᠴᠢᠭᠡ ᠡᠬᠡ ᠲᠠᠢ ᠪᠠᠨ ᠠᠭᠤᠯᠵᠠᠭᠠᠳ | ᠮᠥᠨ ᠯᠡ ᠡᠷᠬᠡᠯᠡᠬᠦ ᠵᠠᠩ ᠢᠶᠠᠨ ᠠᠯᠳᠠᠬᠤ ᠦᠭᠡᠢ᠂ ᠡᠨᠡ ᠶᠢ ᠲᠡᠷᠡ ᠶᠢ ᠭᠡᠵᠦ᠂ ᠡᠴᠢᠬᠡ ᠡᠬᠡ ᠪᠠᠷ ᠢᠶᠠᠨ ᠵᠥᠪᠰᠢᠶᠡᠷᠡᠭᠦᠯᠵᠦ ᠯᠡ ᠪᠠᠶᠢᠯ᠎ᠠ᠃ ᠪᠠᠭᠠᠲᠤᠷ᠂ ᠢᠯᠠᠯᠲᠠ | ᠬᠤᠶᠠᠷ ᠨᠢᠭᠡᠨ ᠵᠠᠮ ᠬᠠᠮᠲᠤ ᠶᠠᠪᠤᠭᠰᠠᠨ ᠤ ᠪᠠᠨ ᠬᠦᠨᠳᠦᠳᠬᠡᠯ ᠦᠵᠡᠭᠦᠯᠵᠦ᠂ ᠳ᠋᠊ · ᠪᠠᠭᠠᠲᠤᠷ ᠪᠢᠳᠡ ᠬᠤᠶᠠᠷ ᠲᠠᠢ ᠰᠠᠯᠬᠤ ᠶᠣᠰᠤ ᠬᠦᠢᠴᠡᠳᠬᠡᠨ᠂ ᠬᠦᠦ ᠪᠠᠨ | ᠳᠠᠭᠠᠭᠤᠯᠵᠤ ᠪᠣᠴᠠᠬᠤ ᠪᠣᠯᠣᠭᠰᠠᠨ ᠢᠶᠠᠨ ᠶᠠᠷᠢᠯ᠎ᠠ᠃ ᠳ᠋᠊ · ᠪᠠᠭᠠᠲᠤᠷ ᠪᠢᠳᠡ ᠬᠤᠶᠠᠷ ᠴᠤ ᠬᠦᠯᠦᠨ ᠪᠤᠶᠢᠷ ᠳᠡᠬᠡᠳᠦ ᠰᠤᠷᠭᠠᠭᠤᠯᠢ ᠶᠢᠨ ᠤᠶᠢᠷᠠᠯᠴᠠᠭᠠᠬᠢ ᠢᠦᠢ ᠶᠢᠩ | ︵钰盈︶ ᠪᠠᠭᠤᠳᠠᠯ ᠳᠤ ᠪᠠᠭᠤᠵᠤ ᠠᠮᠠᠷᠠᠯ᠎ᠠ᠃ | ᠣᠷᠤᠢ ᠨᠢ ᠬᠦᠯᠦᠨ ᠪᠤᠶᠢᠷ ᠶᠡᠭᠡ ᠰᠤᠷᠭᠠᠭᠤᠯᠢ ᠶᠢᠨ ᠫᠷᠦᠹᠧᠰᠰᠤᠷ᠂ ᠰᠠᠷᠲᠠᠭᠤᠯ ᠣᠪᠤᠭᠲᠤ ᠱᠠᠭᠳᠠᠷ ᠤᠨ ᠰᠤᠩᠳᠤᠢ ᠭᠤᠸᠠᠢ ᠢᠷᠡᠵᠦ᠂ ᠵᠠᠮ ᠤᠨ ᠴᠢᠯᠡᠭᠡ | ᠲᠠᠶᠢᠯᠬᠤ ᠬᠡᠮ ᠪᠠᠷᠢᠶ᠎ᠠ ᠭᠡᠵᠦ ᠵᠠᠯᠠᠯ᠎ᠠ᠃ ᠰᠤᠩᠳᠤᠢ ᠭᠤᠸᠠᠢ᠂ ᠳ᠋᠊ · ᠪᠠᠭᠠᠲᠤᠷ ᠬᠤᠶᠠᠷ ᠪᠠᠭᠰᠢ ᠶᠢᠨ ᠶᠡᠭᠡ ᠰᠤᠷᠭᠠᠭᠤᠯᠢ ᠶᠢᠨ ᠲᠡᠦᠬᠡ ᠶᠢᠨ ᠰᠠᠯᠪᠤᠷᠢ ᠠᠴᠠ | ᠲᠡᠭᠦᠰᠦᠭᠰᠡᠨ ᠨᠣᠮ ᠤᠨ ᠠᠬ᠎ᠠ ᠳᠡᠭᠦᠦ ᠪᠠᠶᠢᠭᠰᠠᠨ ᠰᠠᠠᠵᠠᠢ᠃ ᠰᠤᠩᠳᠤᠢ ᠭᠤᠸᠠᠢ ᠲᠡᠦᠬᠡ ᠰᠤᠳᠤᠯᠭᠠᠨ ᠤ ᠲᠤᠬᠠᠢ ︽ᠮᠣᠩᠴᠤᠳ︾᠂ ︽ᠮᠣᠩᠭᠤᠯ ᠤᠨ ᠡᠷᠲᠡᠨ ᠤ | ᠲᠡᠦᠬᠡᠨ ᠭᠠᠵᠠᠷ ᠤᠨ ᠵᠢᠷᠤᠭ︾᠂ ︽ᠡᠷᠲᠡᠨ ᠤ ᠪᠠᠷᠭᠤ ᠶᠠᠰᠣᠲᠠᠨ︾᠂ ︽ᠪᠠᠷᠭᠤ ᠣᠪᠤᠭ ᠤᠨ ᠰᠤᠳᠤᠯᠤᠯ︾ ᠵᠡᠷᠭᠡ ᠣᠯᠠᠨ ᠨᠣᠮ ᠲᠣᠭᠤᠷᠪᠢᠯ ᠲᠠᠢ ᠴᠤ | ᠦᠭᠡ ᠪᠠᠨ ᠠᠭᠠᠵᠢᠭᠤ ᠲᠠᠶᠢᠪᠤᠭᠤ ᠶᠠᠷᠢᠴᠢᠬᠠᠭᠰᠠᠨ᠂ ᠶᠡᠭᠡ ᠬᠢᠨᠠᠭᠤᠷ ᠯᠠᠪᠳᠠᠭᠤᠨ᠂ ᠡᠶᠡᠯᠳᠡᠭ ᠵᠥᠭᠡᠯᠡᠨ ᠵᠠᠩ ᠲᠠᠢ ᠬᠦᠮᠦᠨ ᠪᠠᠶᠢᠯ᠎ᠠ᠃ ᠢᠩᠭᠢᠭᠡᠳ ᠠᠭᠤᠯᠠ | ᠤᠰᠤᠨ ᠳᠠᠭᠠᠨ ᠰᠡᠷᠵᠢᠮ ᠢᠶᠠᠨ ᠡᠷᠬᠦᠨ ᠣᠯᠠᠭᠤᠯᠠ ᠪᠠᠨ ᠲᠠᠨᠢᠯᠴᠠᠭᠠᠳ ᠨᠢᠭᠡᠨ ᠬᠡᠮ᠂ ᠪᠠᠶᠠᠷᠯᠠᠭᠠᠳ ᠨᠢᠭᠡᠨ ᠬᠡᠮ᠂ ᠲᠠᠨ ᠤ ᠮᠠᠨ ᠤ ᠦᠭᠡᠢ ᠨᠢᠭᠡᠨ ᠬᠡᠮ︕ | ᠰᠤᠩᠳᠤᠢ ᠭᠤᠸᠠᠢ ᠶᠢᠨ ᠭᠡᠷᠭᠡᠢ ᠵ᠊ · ᠰᠧᠨᠳᠡᠮᠡ ᠬᠠᠮᠨᠢᠭᠠᠨ ᠡᠸᠡᠩᠬᠢ ᠬᠦᠮᠦᠨ᠂ ᠮᠥᠨ ᠬᠦᠯᠦᠨ ᠪᠤᠶᠢᠷ ᠳᠡᠬᠡᠳᠦ ᠰᠤᠷᠭᠠᠭᠤᠯᠢ ᠶᠢᠨ ᠮᠣᠩᠭᠤᠯ ᠬᠡᠯᠡ | ᠤᠳᠬ᠎ᠠ ᠵᠣᠬᠢᠶᠠᠯ ᠤᠨ ᠫᠷᠦᠹᠧᠰᠰᠤᠷ᠂ ︽ᠬᠠᠮᠨᠢᠭᠠᠨ ᠡᠸᠡᠩᠬᠢ ᠰᠤᠳᠤᠯᠤᠯ︾ ᠵᠡᠷᠭᠡ ᠰᠤᠳᠤᠯᠭᠠᠨ ᠤ ᠨᠣᠮ ᠲᠠᠢ᠃ ᠦᠭᠡ ᠶᠢ ᠠᠰ ᠰᠢᠭᠤᠳ ᠶᠠᠷᠢᠴᠢᠬᠠᠭᠰᠠᠨ᠂ | ᠶᠣᠰᠤᠲᠠᠢ ᠣᠷᠣᠰ ᠤᠨ ᠶᠡᠭᠡ ᠰᠢᠯᠦᠭᠴᠢ ᠠ᠊ · ᠰ᠊ · ᠫᠦᠱᠺᠢᠨ ᠤ ︽ᠠᠰᠪᠤᠷᠢ ᠴᠠᠶᠢᠯᠭᠠᠨ ᠬᠠᠮᠨᠢᠭᠠᠨ ᠲᠦᠩᠭᠦᠰ︾ ᠭᠡᠵᠦ ᠪᠢᠴᠢᠭᠰᠡᠨ ᠰᠢᠯᠦᠭ ᠤᠨ ᠪᠠᠳᠠᠭ ᠢ | ᠰᠠᠨᠠᠭᠳᠠᠭᠤᠯᠬᠤ ᠠᠰᠪᠤᠷᠢ ᠰᠢᠯᠤᠭᠤᠨ ᠵᠠᠩ ᠲᠠᠢ ᠰᠢᠷᠠᠮᠤᠨ ᠪᠦᠰᠡᠭᠦᠢ ᠪᠠᠶᠢᠯ᠎ᠠ᠃ ᠲᠠᠨᠢᠯᠴᠠᠭᠠᠳ ᠨᠢᠭᠡᠨ ᠬᠡᠮ᠂ ᠪᠠᠶᠠᠷᠯᠠᠭᠠᠳ ᠨᠢᠭᠡᠨ ᠬᠡᠮ᠃ | ᠳᠠᠶᠢᠯᠠᠯᠭ᠎ᠠ ᠳᠤ ᠬᠦᠷᠦᠯᠴᠡᠨ ᠢᠷᠡᠭᠰᠡᠨ ᠬᠦᠯᠦᠨ ᠪᠤᠶᠢᠷ ᠤᠨ ᠡᠳᠦᠷ ᠤᠨ ᠰᠣᠨᠢᠨ ᠤ ᠬᠤᠷᠢᠶᠠᠨ ᠤ ᠠᠬᠠᠮᠠᠳ ᠨᠠᠶᠢᠷᠠᠭᠤᠯᠤᠭᠴᠢ᠂ ᠵᠤᠬᠢᠶᠠᠯᠴᠢ ᠰ᠊ · ᠪᠠᠭᠠᠨ᠎ᠠ | ᠭᠤᠸᠠᠢ ᠪᠢᠳᠡ ᠬᠤᠶᠠᠷ ᠬᠡᠳᠦᠨ ᠵᠢᠯ ᠤᠨ ᠡᠮᠦᠨ᠎ᠡ ᠥᠪᠦᠷ ᠮᠣᠩᠭᠤᠯ ᠤᠨ ᠡᠳᠦᠷ ᠤᠨ ᠰᠣᠨᠢᠨ ᠤ ᠬᠤᠷᠢᠶᠠᠨ ᠠᠴᠠ ᠡᠷᠬᠢᠯᠡᠭᠰᠡᠨ ᠤᠷᠠᠨ ᠵᠣᠬᠢᠶᠠᠯ ᠤᠨ ︽ᠠᠷᠪᠠᠨ | ᠰᠢᠨ᠎ᠡ ᠣᠳᠤᠨ︾ ᠢ ᠬᠦᠬᠢᠭᠦᠯᠬᠦ ᠬᠤᠷᠠᠯ ᠢᠶᠠᠷ ᠪᠠᠷᠠᠭᠤᠨ ᠦᠵᠦᠮᠦᠴᠢᠨ ᠳᠤ ᠠᠭᠤᠯᠵᠠᠵᠤ ᠲᠠᠨᠢᠯᠴᠠᠭᠰᠠᠨ ᠬᠠᠭᠤᠴᠢᠨ ᠲᠠᠨᠢᠯ᠃ ᠪᠠᠭᠠᠨ᠎ᠠ ᠭᠤᠸᠠᠢ ᠮᠥᠨ | ᠬᠡᠪ ᠢᠶᠠᠷ ᠢᠶᠠᠨ ᠪᠠᠶᠢᠯ᠎ᠠ᠃ ᠦᠭᠡ ᠪᠠᠨ ᠰᠥᠭᠡᠩᠬᠢᠳᠡᠭᠦᠦ ᠬᠤᠭᠤᠯᠠᠢ ᠪᠠᠷ ᠶᠥᠭᠡᠲᠡᠢ ᠶᠠᠷᠢᠬᠤ ᠳᠠᠭᠠᠨ ᠪᠠᠰᠠ ᠪᠠᠭ᠎ᠠ ᠭᠢᠩᠭᠢᠨᠡᠵᠦ ᠢᠨᠢᠶᠡᠬᠦ ᠲᠠᠢ ᠪᠠᠶᠢᠳᠠᠭ᠃ ᠲᠡᠭᠦᠨ ᠤ | ᠭᠡᠷᠭᠡᠢ ᠨᠠ᠊ · ᠰᠧᠮᠵᠢᠳ ᠲᠠᠢ ᠠᠭᠤᠯᠵᠠᠭ᠎ᠠ ᠦᠭᠡᠢ ᠴᠤ ᠰᠢᠯᠦᠭ ᠢ ᠨᠢ ᠣᠯᠠᠨ ᠣᠩᠰᠢᠭᠰᠠᠨ᠂ ᠮᠠᠨ ᠤ ᠣᠷᠤᠨ ᠤ ᠰᠠᠶᠢᠨ ᠰᠢᠯᠦᠭᠴᠢ ᠶᠢᠨ ᠨᠢᠭᠡᠨ᠃ ᠠᠭᠤᠯᠵᠠᠭᠠᠳ | ᠨᠢᠭᠡᠨ ᠬᠡᠮ᠂ ᠪᠠᠶᠠᠷᠯᠠᠭᠠᠳ ᠨᠢᠭᠡᠨ ᠬᠡᠮ᠂ ᠰᠠᠶᠢᠨ ᠰᠢᠯᠦᠭᠴᠢ ᠠᠪᠠᠭᠠᠢ ᠲᠠᠢ ᠳᠤᠨᠢ ᠪᠠᠶᠠᠷᠯᠠᠭᠠᠳ ᠪᠠᠰᠠ ᠨᠢᠭᠡᠨ ᠬᠡᠮ ᠠᠵᠤᠭᠤ᠃ | ᠳᠠᠶᠢᠯᠠᠯᠭ᠎ᠠ ᠳᠤ ᠰᠤᠩᠳᠤᠢ ᠭᠤᠸᠠᠢ᠂ ᠰᠧᠨᠳᠡᠮᠡ ᠪᠠᠭᠰᠢ ᠬᠤᠶᠠᠷ ᠤᠨ ᠰᠠᠶᠢᠬᠠᠨ ᠨᠠᠶᠢᠵᠠ᠂ ᠬᠦᠯᠦᠨ ᠪᠤᠶᠢᠷ ᠤᠨ ᠠᠵᠢᠯ ᠮᠡᠷᠭᠡᠵᠢᠯ ᠤᠨ ᠳᠡᠭᠡᠳᠦ | ᠰᠤᠷᠭᠠᠭᠤᠯᠢ ᠶᠢᠨ ᠪᠠᠭᠰᠢ ᠣᠯᠠᠮᠳᠡᠯᠭᠡᠷ᠂ ᠨᠠᠷᠠᠨᠴᠡᠴᠡᠭ ᠭᠡᠳᠡᠭ ᠪᠠᠷᠭᠤ ᠨᠤᠲᠤᠭ ᠤᠨ ᠬᠤᠶᠠᠷ ᠪᠦᠰᠡᠭᠦᠢ ᠲᠠᠢ ᠲᠠᠨᠢᠯᠴᠠᠯ᠎ᠠ᠃ ᠶᠡᠷᠦ ᠨᠢ ᠪᠠᠷᠭᠤ ᠪᠦᠰᠡᠭᠦ᠋ᠢᠴᠦᠳ ᠪᠡᠶ᠎ᠡ | ᠬᠠᠷᠠᠭ᠎ᠠ ᠰᠠᠶᠢᠨ᠂ ᠵᠢᠰᠦ ᠴᠢᠷᠠᠢ ᠥᠩᠭᠡᠯᠢᠭ ᠭᠤᠪᠠᠢ ᠪᠠᠶᠢᠳᠠᠭ ᠢᠶᠠᠷ ᠢᠶᠠᠨ ᠪᠠᠷᠭᠤᠵᠢᠨ ᠭᠤᠸ᠎ᠠ᠂ ᠠᠯᠤᠨ ᠭᠤᠸ᠎ᠠ᠂ ᠨᠠᠷᠠᠩᠭᠤᠸ᠎ᠠ ᠣᠯᠠᠨ ᠪᠠᠶᠢᠳᠠᠭ᠃ ᠲᠡᠷᠡ | ᠮᠥᠷᠲᠡᠭᠡᠨ ᠲᠡᠭᠷᠢ ᠶᠢᠨ ᠬᠥᠪᠡᠭᠦᠳ ᠲᠥᠷᠦᠭᠦᠯᠳᠡᠭ ᠠᠭᠤᠤ ᠠᠭᠤᠳᠠᠮ ᠪᠦᠰᠡᠭᠦ᠋ᠢᠴᠦᠳ ᠪᠢᠯᠡ᠃ ᠤᠯᠠᠮᠳᠡᠯᠭᠡᠷ᠂ ᠨᠠᠷᠠᠨᠴᠡᠴᠡᠭ ᠬᠤᠶᠠᠷ ᠴᠤ ᠶᠠᠷᠢᠶ᠎ᠠ | ᠬᠥᠭᠡᠷᠦᠭᠡ ᠲᠠᠢ ᠨᠠᠷᠭᠢᠶ᠎ᠠ ᠰᠠᠶᠢᠬᠠᠨ ᠰᠡᠳᠭᠢᠯ ᠲᠠᠢ᠂ ᠪᠡᠶ᠎ᠡ ᠨᠠᠮᠪᠠ ᠲᠣᠭᠲᠠᠭᠰᠠᠨ᠂ ᠰᠤᠶᠤᠯ ᠪᠣᠯᠪᠠᠰᠤᠷᠠᠯ ᠥᠨᠳᠦᠷ ᠠᠪᠠᠭᠠᠶᠢᠴᠤᠯ ᠪᠠᠶᠢᠯ᠎ᠠ᠃ ᠴᠢᠩᠭᠢᠭᠡᠳ | ᠲᠠᠨᠢᠯᠴᠠᠭᠠᠳ ᠨᠢᠭᠡᠨ ᠬᠡᠮ᠂ ᠪᠠᠶᠠᠷᠯᠠᠭᠠᠳ ᠨᠢᠭᠡᠨ ᠬᠡᠮ᠂ ᠤᠯᠠᠮ ᠰᠠᠶᠢᠬᠠᠨ ᠳᠡᠯᠭᠡᠷᠡᠬᠦ ᠶᠢᠨ ᠨᠢᠭᠡᠨ ᠬᠡᠮ᠂ ᠨᠠᠷᠠᠨ ᠤ ᠴᠡᠴᠡᠭ ᠰᠢᠭ ᠭᠠᠩᠬᠤᠯᠵᠠᠬᠤ ᠶᠢᠨ ᠪᠠᠰᠠ | ᠨᠢᠭᠡᠨ ᠬᠡᠮ ᠠᠨ᠎ᠠ᠃ | ᠬᠠᠶᠢᠯᠠᠷ ᠤᠨ ᠦᠳᠡᠰᠢ ᠲᠡᠭᠷᠢ ᠳᠤ ᠣᠳᠤᠳ ᠭᠢᠯᠠᠯᠵᠠᠵᠤ᠂ ᠴᠣᠩᠬᠤ ᠪᠠᠷ ᠴᠢᠭᠢᠭ ᠤᠨ ᠦᠨᠦᠷ ᠲᠠᠢ ᠰᠠᠯᠬᠢ ᠰᠡᠪᠡᠯᠵᠠᠨ᠂ ᠳᠡᠯᠭᠡᠷ ᠵᠣᠨ ᠤ ᠥᠩᠰᠢᠭ | ᠰᠠᠶᠢᠬᠠᠨ ᠰᠡᠳᠭᠢᠯ ᠳᠤ ᠬᠠᠩᠬᠤᠯᠤᠨ᠎ᠠ᠃ | ᠪᠢᠳᠡ ᠨᠢᠭᠡᠨ ᠰᠢᠷᠡᠭᠡᠨ᠎ᠡ ᠨᠤᠲᠤᠭ ᠨᠤᠲᠤᠭ ᠤᠨ ᠵᠣᠭᠤᠭ ᠢᠶᠠᠨ ᠳᠡᠯᠭᠡᠵᠦ ᠠᠮᠠ ᠬᠠᠯᠠᠭᠰᠠᠭᠠᠷ ᠬᠡᠨ ᠨᠢᠭᠡᠨ ᠳᠡᠭᠡᠨ ᠬᠡᠮ ᠡᠷᠭᠦᠵᠦ᠂ ᠰᠡᠳᠭᠢᠯ ᠬᠦᠭᠰᠡᠭᠰᠡᠬᠡᠷ | ᠲᠠᠷᠬᠠᠬᠤ ᠦᠭᠡᠢ ᠨᠠᠶᠢᠷ᠂ ᠪᠣᠴᠠᠬᠤ ᠦᠭᠡᠢ ᠰᠢᠪᠠᠭᠤ ᠰᠢᠭ᠋ ᠰᠠᠭᠤᠭᠰᠠᠨ ᠪᠢᠯᠡ᠃ | 26 ᠤ ᠥᠷᠯᠦᠭᠡ ᠪᠠᠭᠠᠨ᠎ᠠ᠂ ᠰᠣᠨᠢᠨ ᠤ ᠬᠤᠷᠢᠶᠠᠨ ᠤ ᠡᠯᠪᠡᠷᠢᠯᠲᠦ᠂ ᠰᠤᠩᠳᠤᠢ ᠭᠤᠸᠠᠢ ᠭᠤᠷᠪᠠᠭᠤᠯᠠ ᠳ᠋᠊ · ᠪᠠᠭᠠᠲᠤᠷ ᠪᠢᠳᠡ ᠬᠤᠶᠠᠷ ᠢ ᠡᠸᠡᠩᠬᠢ | ᠬᠤᠰᠢᠭᠤᠨ ᠤ ᠰᠢᠨᠡᠬᠡᠨ ᠪᠠᠷᠠᠭᠤᠨ ᠰᠣᠮᠣ ᠶᠢᠨ ᠨᠤᠲᠤᠭ ᠢᠶᠠᠷ ᠳᠠᠭᠠᠭᠤᠯᠵᠤ ᠲᠣᠭᠤᠷᠢᠯ᠎ᠠ᠃ ᠰᠢᠨᠡᠬᠡᠨ ᠪᠠᠷᠠᠭᠤᠨ ᠰᠣᠮᠣ ᠶᠢᠨ ︽ᠨᠤᠲᠤᠭ︾ ᠪᠣᠷᠢᠶᠠᠳ ᠬᠡᠦᠬᠡᠳ ᠤᠨ | ᠴᠡᠴᠡᠷᠯᠢᠭ ᠨᠢ ᠪᠠᠷᠭᠤ ᠪᠣᠷᠢᠶᠠᠳ ᠤᠨ ᠭᠡᠷ ᠤᠨ ᠬᠦᠮᠦᠵᠢᠯ ᠤᠨ ᠶᠣᠰᠤ ᠵᠠᠩᠰᠢᠯ ᠢᠶᠠᠷ ᠬᠡᠦᠬᠡᠳ ᠢᠶᠠᠨ ᠬᠦᠮᠦᠵᠢᠭᠦᠯᠬᠦ ᠠᠴᠠ ᠭᠠᠳᠠᠨ᠎ᠠ᠂ ᠦᠨᠦ ᠶᠢᠨ ᠴᠡᠴᠡᠷᠯᠢᠭ ᠤᠨ | ᠰᠤᠷᠭᠠᠨ ᠬᠦᠮᠦᠵᠢᠯ ᠤᠨ ᠠᠷᠭ᠎ᠠ ᠪᠠᠷᠢᠯ ᠲᠠᠢ ᠤᠶᠠᠯᠳᠤᠭᠤᠯᠤᠨ ᠡᠷᠬᠢᠯᠡᠵᠦ ᠪᠠᠶᠢᠬᠤ ᠲᠤᠬᠠᠢ ᠪᠠᠨ ᠴᠡᠴᠡᠷᠯᠢᠭ ᠤᠨ ᠡᠷᠬᠢᠯᠡᠭᠴᠢ ᠵᠢᠷᠭᠠᠯ ᠶᠠᠷᠢᠵᠤ ᠪᠠᠶᠢᠯ᠎ᠠ᠃ ᠵᠢᠷᠭᠠᠯ | ᠭᠡᠭᠴᠢ ᠭᠠᠴᠠᠭᠠᠨ ᠤ ᠳᠠᠷᠤᠭ᠎ᠠ ᠶᠢᠨ ᠠᠵᠢᠯ ᠲᠠᠢ᠂ ᠭᠡᠷᠭᠡᠢ ᠴᠡᠴᠡᠭᠮ᠎ᠡ ᠲᠠᠢ ᠪᠠᠨ ᠡᠨᠡ ᠴᠡᠴᠡᠷᠯᠢᠭ ᠢ ᠡᠷᠬᠢᠯᠡᠵᠦ ᠪᠠᠶᠢᠭ᠎ᠠ ᠠᠵᠢ᠃ ᠵᠢᠷᠭᠠᠯ ᠤᠨ ᠡᠵᠢ ᠨᠢ ᠪᠣᠯ ᠶᠠᠫᠤᠨ | ᠪᠠᠭᠤᠵᠤ ᠥᠭᠬᠦ ᠦᠶ᠎ᠡ ᠳᠤ ᠣᠷᠬᠢᠵᠤ ᠶᠠᠪᠤᠭᠰᠠᠨ ᠬᠡᠦᠬᠡᠳ ᠭᠡᠨ᠎ᠡ᠃ ᠠᠬ᠎ᠠ ᠲᠠᠢ ᠪᠠᠨ ᠬᠤᠶᠠᠭᠤᠯᠠ ᠥᠯᠪᠡᠷᠴᠦ ᠦᠬᠦᠬᠦ ᠶᠢᠨ ᠳᠠᠪᠠᠭᠠᠨ ᠳᠡᠭᠡᠷ᠎ᠡ ᠪᠠᠶᠢᠬᠤ ᠳᠤ | ᠪᠣᠷᠢᠶᠠᠳ ᠮᠠᠯᠴᠢᠨ ᠣᠯᠵᠤ ᠠᠪᠤᠭᠠᠳ ᠭᠡᠷ ᠲᠡᠭᠡᠨ ᠠᠪᠴᠢᠷᠠᠵᠤ ᠬᠤᠭᠤᠯᠠ ᠪᠤᠳᠠᠭ᠎ᠠ ᠢᠳᠡᠭᠦᠯᠦᠭᠰᠡᠨ ᠳᠤ ᠠᠬ᠎ᠠ ᠨᠢ ᠬᠡᠳᠦ ᠢᠳᠡᠭᠡᠳ ᠭᠡᠳᠡᠰᠦ ᠨᠢ ᠢᠷᠡᠵᠦ | ᠦᠬᠦᠵᠡᠢ᠃ ᠲᠤᠬᠠᠢ ᠶᠢᠨ ᠦᠶ᠎ᠡ ᠳᠤ ᠠᠬ᠎ᠠ ᠨᠢ ᠳᠣᠯᠤᠭ᠎ᠠ ᠨᠠᠢᠮᠠᠨ ᠨᠠᠰᠤᠨ ᠤ ᠲᠥᠯᠦᠪ ᠲᠠᠢ᠂ ᠳᠡᠭᠦᠦ ᠦᠬᠢᠨ ᠨᠢ ᠲᠠᠪᠤᠨ ᠨᠠᠰᠤᠨ ᠤ ᠵᠢᠱᠢᠶ᠎ᠡ ᠲᠠᠢ ᠪᠠᠶᠢᠵᠠᠢ᠃ | ᠲᠡᠭᠡᠭᠡᠳ ᠡᠨᠡ ᠶᠠᠫᠣᠨ ᠬᠡᠦᠬᠡᠨ ᠢ ᠦᠷᠡᠴᠢᠯᠠᠨ ᠪᠦᠮᠦ ᠭᠡᠳᠡᠭ ᠨᠡᠷ᠎ᠡ ᠥᠭᠴᠦ᠂ ᠰᠤᠷᠭᠠᠭᠤᠯᠢ ᠰᠤᠷᠲᠠᠯ ᠰᠤᠷᠭᠠᠵᠤ᠂ ᠠᠶᠢᠯ ᠭᠡᠷ ᠪᠣᠯᠭᠠᠵᠠᠢ᠃ ᠪᠦᠮᠦ ᠰᠣᠮᠣᠨ ᠤ | ᠰᠤᠷᠭᠠᠭᠤᠯᠢ ᠶᠢᠨ ᠪᠠᠭᠰᠢ ᠪᠣᠯᠵᠤ᠂ ᠰᠡᠭᠦᠯ ᠳᠤᠨᠢ ᠶᠠᠫᠤᠨ ᠠᠴᠠ ᠠᠪᠤ ᠪᠠᠨ ᠰᠤᠷᠠᠭᠯᠠᠵᠤ ᠣᠯᠣᠭᠠᠳ ᠲᠦᠷᠦᠭᠦᠦ ᠬᠡᠳᠦᠨ ᠵᠢᠯ ᠶᠠᠫᠤᠨ ᠳᠠᠭᠠᠨ ᠣᠴᠢᠵᠤ | ᠠᠮᠢᠳᠤᠷᠠᠭᠰᠠᠨ ᠭᠡᠨ᠎ᠡ᠃ ᠬᠤᠶᠠᠷ ᠬᠡᠦᠬᠡᠳ ᠲᠠᠢ᠂ ᠨᠢᠭᠡ ᠨᠢ ᠡᠨᠡ ᠵᠢᠷᠭᠠᠯ᠂ ᠨᠦᠬᠦᠬᠡ ᠨᠢ ᠬᠥᠬᠡᠬᠤᠲᠠ ᠳᠤ ᠪᠥᠬᠡ ᠶᠢᠨ ᠰᠤᠷᠭᠠᠭᠴᠢ ᠪᠠᠷ ᠪᠠᠭᠰᠢᠯᠠᠵᠤ ᠪᠠᠶᠢᠨ᠎ᠠ | ᠭᠡᠵᠦ ᠪᠠᠭᠠᠨ᠎ᠠ ᠭᠤᠸᠠᠢ ᠨᠠᠳᠠ ᠳᠤ ᠶᠠᠷᠢᠭᠰᠠᠨ ᠶᠤᠮ᠃ | ᠲᠡᠨᠳᠡ ᠠᠴᠠ ᠪᠠᠨ ᠪᠢᠳᠡ ᠰᠢᠨᠡᠬᠡᠨ ᠰᠤᠮᠤ ᠶᠢᠨ ᠪᠣᠷᠢᠶᠠᠳ ᠮᠥᠽᠸᠢ ᠶᠢ ᠦᠵᠡᠯ᠎ᠡ᠃ ᠡᠷᠲᠡᠨ ᠤ ᠪᠣᠷᠢᠶᠠᠳᠴᠤᠳ ᠤᠨ ᠡᠳ᠋ᠯᠡᠯ ᠬᠡᠷᠡᠭᠰᠡᠯ᠂ ᠬᠤᠪᠴᠠᠰᠤ ᠵᠠᠰᠠᠯ | ᠂ ᠰᠢᠨᠡᠬᠡᠨ ᠰᠣᠮᠣ ᠶᠢᠨ ᠨᠡᠷᠡᠲᠦ ᠬᠦᠮᠦᠰ ᠤᠨ ᠨᠠᠮᠲᠠᠷ ᠰᠡᠭᠦᠳᠡᠷ ᠢ ᠳᠡᠯᠭᠡᠨ ᠲᠠᠨᠢᠯᠴᠠᠭᠤᠯᠵᠤ ᠪᠠᠶᠢᠯ᠎ᠠ᠃ ᠳᠠᠭᠤᠴᠢᠨ ᠴᠡᠴᠡᠭᠮ᠎ᠡ ᠡᠨᠡ ᠨᠤᠲᠤᠭ ᠤᠨ ᠬᠦᠮᠦᠨ | ᠶᠣᠮᠰᠠᠨᠵᠠᠢ᠃ ᠲᠡᠨᠳᠡ ᠠᠴᠠ ᠪᠠᠨ ᠪᠢᠳᠡ ᠪᠠᠭᠠᠨ᠎ᠠ ᠭᠤᠸᠠᠢ ᠶᠢᠨ ᠵᠠᠯᠠᠯᠭ᠎ᠠ ᠪᠠᠷ ᠡᠸᠡᠩᠬᠢ ᠶᠢᠨ ᠬᠠᠮᠰᠠᠷᠠᠯ ᠵᠢᠭᠤᠯᠴᠢᠯᠠᠯ ᠤᠨ ᠭᠠᠵᠠᠷ ᠬᠦᠷᠴᠦ ᠪᠣᠷᠢᠶᠠᠳ ᠬᠤᠭᠤᠯᠠ | ᠵᠠᠭᠤᠰᠢ ᠶᠢᠨ ᠵᠣᠭᠤᠭ ᠪᠠᠷᠢᠯ᠎ᠠ᠃ | ᠰᠢᠨᠡᠬᠡᠨ ᠰᠣᠮᠣ ᠶᠢᠨ ᠪᠣᠷᠢᠶᠠᠳᠴᠤᠳ ᠴᠥᠭᠡᠨ ᠴᠤ ᠭᠡᠰᠡᠨ ᠬᠦᠮᠦᠨ ᠲᠥᠷᠦᠯᠬᠢᠲᠡᠨ ᠢᠶᠠᠨ ᠬᠠᠶᠢᠷᠠᠯᠠᠵᠤ ᠬᠦᠨᠳᠦᠯᠡᠬᠦ᠂ ᠠᠮᠢᠲᠠᠨ ᠪᠠᠶᠢᠭᠠᠯᠢ ᠪᠠᠨ ᠬᠠᠶᠢᠷᠠᠯᠠᠬᠤ | ᠂ ᠰᠣᠶᠣᠯ ᠢᠶᠠᠨ ᠬᠠᠶᠢᠷᠠᠯᠠᠬᠤ᠂ ᠨᠡᠶᠢᠭᠡᠮ ᠢᠶᠠᠨ ᠬᠠᠶᠢᠷᠠᠯᠠᠬᠤ ᠰᠡᠳᠭᠢᠯ᠂ ᠵᠠᠩ ᠠᠷᠠᠠᠰᠢᠨ ᠨᠢ ᠮᠥᠩᠬᠡᠲᠡ ᠬᠡᠪ ᠢᠶᠠᠷ ᠪᠠᠶᠢᠬᠤ ᠨᠢ ᠨᠢᠳᠦᠨ᠎ᠡ ᠢᠯᠡᠬᠡᠨ ᠪᠠᠶᠢᠯ᠎ᠠ᠃ | 27 ᠤ ᠦᠳᠡ ᠶᠢᠨ ᠬᠤᠶᠢᠨ᠎ᠠ ᠬᠦᠯᠦᠨ ᠪᠤᠶᠢᠷ ᠤᠨ ᠡᠳᠦᠷ ᠤᠨ ᠰᠣᠨᠢᠨ ᠤ ᠬᠤᠷᠢᠶᠠᠨ ᠤ ᠨᠠᠰᠤᠨᠴᠡᠴᠡᠭ ᠤᠨ ᠰᠤᠷᠪᠤᠯᠵᠢᠯᠠᠭ᠎ᠠ ᠶᠢ ᠬᠦᠯᠢᠶᠡᠯ᠎ᠡ᠃ | ᠨᠠᠰᠤᠨᠴᠡᠴᠡᠭ ᠭᠡᠭᠴᠢ ᠰᠤᠷᠪᠤᠯᠵᠢᠯᠠᠭ᠎ᠠ ᠶᠢᠨ ᠮᠡᠷᠭᠡᠵᠢᠯ ᠳᠡᠭᠡᠨ ᠴᠠᠭᠠᠷᠠᠭᠰᠠᠨ᠂ ᠬᠡᠯᠡ ᠶᠠᠷᠢᠶᠠᠨ ᠳᠠᠭᠠᠨ ᠠᠱᠢᠭᠦᠢ ᠰᠠᠶᠢᠨ᠂ ᠣᠢ ᠪᠢᠯᠢᠭ ᠬᠤᠷᠴᠠ ᠲᠣᠳᠣᠷᠬᠠᠢ᠂ | ᠰᠢᠨ᠎ᠡ ᠴᠠᠭ ᠦᠶ᠎ᠡ ᠶᠢᠨ ᠰᠣᠶᠣᠯ ᠰᠡᠳᠭᠢᠴᠡ ᠲᠠᠢ ᠠᠲᠠᠯ᠎ᠠ ᠪᠠᠨ ᠡᠭᠡᠯ ᠪᠣᠷᠣᠭᠵᠢᠭᠤᠨ ᠵᠠᠩ ᠲᠠᠢ ᠪᠦᠰᠡᠬᠦᠢ ᠪᠠᠶᠢᠯ᠎ᠠ᠃ ᠳ᠋᠊ · ᠪᠠᠭᠠᠲᠤᠷ᠂ ᠰᠤᠩᠳᠤᠢ ᠭᠤᠸᠠᠢ | ᠬᠤᠶᠠᠭᠤᠯᠠ ᠡᠷᠭᠦᠨ᠎ᠡ ᠳᠤ ᠶᠠᠪᠤᠭᠰᠠᠨ ᠪᠣᠯᠬᠤᠷ ᠪᠠᠭᠠᠨ᠎ᠠ ᠭᠤᠸᠠᠢ ᠪᠢᠳᠡ ᠬᠤᠶᠠᠷ ᠲᠡᠷᠡ ᠦᠳᠡ ᠶᠢᠨ ᠬᠤᠶᠢᠨ᠎ᠠ ᠪᠣᠷᠢᠶᠠᠳ ᠬᠤᠭᠤᠯᠠᠨ ᠭᠡᠷ ᠲᠤ ᠰᠢᠷ᠎ᠠ ᠲᠠᠶᠢᠯᠵᠤ | ᠰᠠᠭᠤᠯ᠎ᠠ᠃ | 28 ᠤ ᠥᠷᠯᠦᠭᠡ ᠰᠤᠩᠳᠤᠢ ᠭᠤᠸᠠᠢ ᠰᠧᠨᠳᠡᠮᠡ ᠪᠠᠭᠰᠢ᠂ ᠪᠠᠭᠠᠨ᠎ᠠ ᠭᠤᠸᠠᠢ᠂ ᠦᠪᠦᠷ ᠮᠤᠩᠭᠤᠯ ᠤᠨ ᠰᠤᠶᠤᠯ ᠤᠨ ᠬᠡᠪᠯᠡᠯ ᠤᠨ ᠬᠤᠷᠢᠶᠠᠨ ᠤ ᠳᠠᠷᠤᠭ᠎ᠠ ᠰ᠊ | · ᠲᠡᠷᠭᠡᠯ᠂ ᠭᠡᠷᠭᠡᠢ ᠨᠢ ᠬᠠᠰᠤᠨᠲᠤᠶᠠᠭ᠎ᠠ᠂ ᠰᠤᠶᠤᠯ ᠤᠨ ᠬᠡᠪᠯᠡᠯ ᠤᠨ ᠬᠤᠷᠢᠶᠠᠨ ᠤ ᠮᠣᠩᠭᠤᠯ ᠨᠠᠶᠢᠷᠠᠭᠤᠯᠬᠤ ᠬᠡᠯᠲᠡᠰ ᠤᠨ ᠡᠷᠬᠢᠯᠡᠭᠴᠢ ᠳᠣᠷᠵᠢ᠂ ᠭᠡᠷᠭᠡᠢ ᠨᠢ | ᠤᠶᠤᠩᠭᠤᠸ᠎ᠠ ᠨᠠᠷ ᠳ᠋᠊ · ᠪᠠᠭᠠᠲᠤᠷ ᠪᠢᠳᠡ ᠬᠤᠶᠠᠷ ᠢ ᠮᠡᠷᠭᠡᠯ ᠤᠨ ᠵᠤᠰᠠᠯᠠᠩ ᠢᠶᠠᠷ ᠲᠣᠭᠤᠷᠢᠭᠤᠯᠬᠤ ᠠᠶᠠᠯᠠᠯ ᠪᠣᠯᠣᠯ᠎ᠠ᠃ ᠪᠢᠳᠡ ᠬᠠᠭᠤᠴᠢᠨ ᠪᠠᠷᠭᠤ ᠶᠢᠨ | ᠠᠳᠠᠭᠠᠢ ᠶᠢᠨ ᠷᠠᠰᠢᠶᠠᠨ ᠠᠴᠠ ᠬᠦᠷᠲᠡᠵᠦ᠂ ᠣᠪᠤᠭᠠᠨ ᠳᠤᠨᠢ ᠴᠢᠯᠠᠭᠤ ᠨᠡᠮᠡᠭᠡᠳ᠂ ᠵᠡᠭᠦᠨ ᠤᠷᠤᠭᠰᠢ ᠪᠠᠨ ᠪᠠᠭᠤᠵᠤ᠂ ᠮᠡᠷᠭᠡᠯ ᠳᠤ ᠤᠶᠢᠷᠠᠳᠤᠬᠤ ᠳᠤ ᠵᠣᠰᠠᠯᠠᠩ ᠤᠨ | ᠠᠶᠢᠯ ᠤᠳ ᠤᠨ ᠪᠠᠷ᠎ᠠ ᠴᠠᠶᠢᠯᠵᠠᠨ ᠬᠠᠷᠠᠭᠳᠠᠨ᠎ᠠ᠃ ᠮᠡᠷᠭᠡᠯ ᠤᠨ ᠬᠥᠨᠳᠡᠢ ᠶᠡᠭᠡ ᠥᠷᠭᠡᠨ ᠳᠡᠭᠡᠷ᠎ᠡ ᠪᠠᠨ ᠨᠠᠮᠤᠭ ᠲᠠᠢ᠃ ᠪᠢᠳᠡ ᠵᠠᠮ ᠳᠠᠭᠠᠵᠤ ᠶᠠᠪᠤᠵᠤ ᠪᠠᠶᠢᠲᠠᠯ᠎ᠠ | ᠭᠡᠨᠡᠳᠲᠡ ᠯᠡ ᠰ᠊ · ᠲᠡᠷᠭᠡᠯ ᠤᠨ ᠲᠡᠷᠭᠡ ᠨᠠᠮᠤᠭ ᠲᠤ ᠰᠠᠭᠤᠴᠢᠬᠠᠪᠠ᠃ ᠲᠡᠷᠭᠡ ᠪᠠᠨ ᠭᠠᠷᠭᠠᠬᠤ ᠭᠡᠵᠦ ᠣᠷᠣᠯᠳᠤᠬᠤ ᠳᠤᠳᠤᠮ ᠤᠯᠠᠮ ᠰᠢᠭᠢᠳᠴᠦ᠂ ᠭᠠᠷᠭᠠᠬᠤ | ᠠᠷᠭ᠎ᠠ ᠦᠭᠡᠢ ᠪᠣᠯᠣᠯ᠎ᠠ᠃ ᠰᠤᠩᠳᠤᠢ ᠭᠤᠸᠠᠢ ᠨᠥᠭᠦᠭᠡ ᠬᠡᠳᠦ ᠪᠠᠨ ᠠᠪᠤᠭᠠᠳ ᠵᠣᠷᠢᠭᠰᠠᠨ ᠭᠠᠵᠠᠷ ᠲᠠᠭᠠᠨ ᠬᠦᠷᠭᠡᠵᠦ᠂ ᠲᠷᠠᠺᠲ᠋ᠣᠷ ᠳᠠᠭᠤᠳᠠᠬᠤ ᠪᠠᠷ ᠪᠣᠯᠣᠯ᠎ᠠ᠃ | ᠰ᠊ · ᠲᠡᠷᠭᠡᠯ ᠪᠢᠳᠡ ᠬᠤᠶᠠᠷ ᠦᠯᠡᠳᠡᠪᠡ᠃ ᠳᠥᠴᠢᠭᠡᠳ ᠮᠢᠨᠦ᠋ᠲ ᠤᠨ ᠳᠠᠷᠠᠭ᠎ᠠ ᠪᠠᠭᠠᠨ᠎ᠠ ᠭᠤᠸᠠᠢ ᠨᠢᠭᠡ ᠣᠷᠣᠰᠬᠤᠤ ᠴᠢᠷᠠᠢ ᠲᠠᠢ ᠬᠦᠮᠦᠨ ᠤ ᠲᠷᠠᠺᠲ᠋ᠣᠷ ᠢᠶᠠᠷ | ᠢᠷᠡᠵᠦ ᠲᠡᠷᠭᠡ ᠶᠢ ᠲᠠᠲᠠᠵᠤ ᠭᠠᠷᠭᠠᠯ᠎ᠠ᠃ ᠮᠡᠷᠭᠡᠯ ᠤᠨ ᠨᠠᠮᠤᠭ ᠲᠤ ᠪᠠᠷᠤᠭ ᠭᠤᠷᠪᠠᠨ ᠴᠠᠭ ᠰᠢᠬᠠᠮ ᠰᠠᠭᠠᠳᠠᠪᠠ᠃ ᠰ᠊ · ᠲᠡᠷᠭᠡᠯ ᠪᠢᠳᠡᠨ ᠢ ᠢᠷᠡᠬᠦ ᠳᠤ ᠰᠤᠩᠳᠤᠢ | ᠭᠤᠸᠠᠢ ᠲᠡᠳᠡᠨᠦᠰ ᠮᠡᠷᠭᠡᠯ ᠤᠨ ᠴᠡᠯ ᠨᠣᠭᠤᠭᠠᠨ ᠵᠦᠯᠭᠡ ᠲᠠᠢ ᠠᠭᠤᠵᠢᠮᠬᠠᠨ ᠲᠣᠬᠤᠢ ᠳᠤ ᠠᠶᠠᠨ ᠤ ᠲᠤᠯᠭ᠎ᠠ ᠪᠠᠨ ᠲᠤᠯᠵᠤ᠂ ᠴᠠᠢ ᠪᠠᠨ ᠴᠢᠨᠠᠵᠤ ᠪᠠᠶᠢᠯ᠎ᠠ᠃ | ᠰᠧᠨᠳᠡᠮᠡ ᠪᠠᠭᠰᠢ᠂ ᠴᠠᠢ ᠢᠳᠡᠭᠡᠨ ᠤ ᠳᠡᠭᠡᠵᠢ ᠪᠠᠨ ᠭᠤᠷᠪᠠᠨ ᠰᠣᠪᠤᠭᠤᠷ ᠠᠭᠤᠯᠠ ᠶᠢᠨ ᠲᠡᠭᠷᠢ᠂ ᠭᠠᠵᠠᠷ ᠤᠰᠤᠨ ᠳᠠᠭᠠᠨ ᠡᠷᠭᠦᠵᠦ᠂ ᠪᠢᠳᠡ ᠬᠡᠭᠡᠷ᠎ᠡ ᠶᠢᠨ | ᠴᠠᠢ ᠠᠮᠰᠠᠯ᠎ᠠ᠃ | ᠣᠶᠣᠩᠭᠤᠸ᠎ᠠ᠂ ᠬᠠᠰᠤᠨᠲᠤᠶᠠᠭ᠎ᠠ᠂ ᠳᠣᠷᠵᠢ ᠠᠬ᠎ᠠ ᠱᠣᠷᠤᠯᠠᠭ ᠰᠢᠷᠠᠨ᠎ᠠ᠃ ᠰᠧᠨᠳᠡᠮᠡ ᠪᠠᠭᠰᠢ᠂ ᠰ᠊ · ᠲᠡᠷᠭᠡᠯ ᠬᠤᠶᠠᠷ ᠢᠳᠡᠭᠡ ᠵᠠᠭᠤᠰᠢ ᠪᠠᠨ ᠲᠠᠪᠠᠭᠯᠠᠨᠠ᠃ | ᠮᠡᠷᠭᠡᠯ ᠤᠨ ᠬᠦᠨᠳᠡᠢ ᠬᠥᠬᠡ ᠤᠨᠢᠶᠠᠷ ᠲᠤ ᠬᠥᠯᠪᠡᠷᠢᠵᠦ᠂ ᠲᠡᠭᠷᠢ ᠶᠢᠨ ᠬᠠᠶᠠᠭᠠᠨ ᠳᠤ ᠡᠭᠦᠯᠡᠨ ᠤ ᠲᠣᠯᠣᠭᠠᠢ᠂ ᠠᠭᠤᠯᠠᠰ ᠤᠨ ᠣᠷᠣᠢ ᠬᠤᠶᠠᠷ ᠢᠯᠭᠠᠭᠳᠠᠮ᠎ᠠ ᠦᠭᠡᠢ | ᠰᠥᠮᠡᠯᠵᠡᠩᠬᠡᠨ ᠬᠠᠷᠠᠭᠳᠠᠨ᠎ᠠ᠃ ᠮᠡᠷᠭᠡᠯ ᠲᠤᠪ ᠲᠤᠩᠭᠠᠯᠠᠭ ᠨᠠᠮ ᠨᠠᠮᠤᠭᠤᠬᠠᠨ ᠤᠷᠤᠰᠤᠨ᠎ᠠ᠃ ᠰᠡᠷᠢᠭᠦᠨ ᠰᠠᠯᠬᠢ ᠰᠡᠪᠡᠯᠵᠡᠵᠦ᠂ ᠤᠰᠤᠨ ᠤ ᠦᠨᠦᠷ ᠬᠠᠩᠬᠤᠯᠵᠤ᠂ | ᠮᠡᠷᠭᠡᠯ ᠤᠨ ᠳᠡᠨᠵᠢᠨᠡ ᠵᠣᠰᠠᠯᠠᠩ ᠤᠨ ᠠᠶᠢᠯ ᠡᠷᠲᠡ ᠪᠤᠯᠵᠤ ᠥᠩᠭᠡᠷᠡᠭᠰᠡᠨ ᠬᠡᠯᠡᠵᠦ ᠳᠡᠶᠢᠯᠦᠰᠢ ᠦᠭᠡᠢ ᠨᠢᠭᠡᠨ ᠵᠦᠢᠯ ᠤᠨ ᠵᠢᠷᠭᠠᠯᠠᠩ ᠮᠡᠲᠦ ᠬᠠᠷᠠᠭᠳᠠᠨ᠎ᠠ᠃ ︽ | ᠮᠠᠨ ᠤ ᠡᠪᠦᠯᠵᠢᠶ᠎ᠡ ᠡᠨᠡᠦᠬᠡᠨ ᠳᠣᠣᠷ᠎ᠠ ᠪᠠᠶᠢᠭᠰᠠᠨ︾ ᠭᠡᠵᠦ ᠰᠧᠨᠳᠡᠮᠡ ᠪᠠᠭᠰᠢ ᠶᠠᠷᠢᠨ᠎ᠠ᠃ ᠬᠠᠭᠤᠴᠢᠨ ᠪᠠᠷᠭᠤ ᠶᠢᠨ ᠡᠨᠡ ᠡᠸᠡᠩᠬᠢ ᠰᠣᠮᠣ ᠶᠢᠨ ᠨᠤᠲᠤᠭ ᠰᠧᠨᠳᠡᠮᠡ | ᠪᠠᠭᠰᠢ ᠶᠢᠨ ᠲᠥᠷᠦᠭᠰᠡᠨ ᠨᠤᠲᠤᠭ ᠶᠣᠮᠰᠠᠨᠵᠠᠢ᠃ | ᠰ᠊ · ᠲᠡᠷᠭᠡᠯ ᠭᠡᠭᠴᠢ ᠬᠦᠳᠡᠷ ᠪᠦᠳᠦᠭᠦᠨ ᠪᠡᠶ᠎ᠡ ᠲᠠᠢ ᠲᠠᠷᠭᠤᠨ ᠰᠢᠷ᠎ᠠ ᠡᠷ᠎ᠡ᠂ ᠬᠥᠭᠡᠷᠴᠦ ᠨᠠᠷᠭᠢᠬᠤ ᠳᠤᠷ᠎ᠠ ᠲᠠᠢ ᠠᠲᠠᠯ᠎ᠠ ᠪᠠᠨ ᠠᠬᠠᠮᠠᠳ ᠳᠡᠭᠡᠷ᠎ᠡ ᠦᠶ᠎ᠡ ᠪᠠᠨ | ᠬᠦᠨᠳᠦᠯᠡᠳᠡᠭ ᠬᠤᠷᠴᠢᠨ ᠬᠦᠮᠦᠰ ᠤᠨ ᠶᠣᠰᠤ ᠵᠠᠩᠰᠢᠯ ᠢᠶᠠᠨ ᠪᠠᠷᠢᠵᠤ ᠰᠤᠷᠤᠭᠰᠠᠨ ᠬᠦᠮᠦᠨ ᠪᠠᠶᠢᠯ᠎ᠠ᠃ ︽ᠣᠳᠤ ᠰᠢᠯᠦᠭ ᠤᠨ ᠨᠣᠮ ᠠᠷᠪᠢᠳᠴᠤ ᠪᠠᠶᠢᠨ᠎ᠠ᠂ | ᠰᠢᠯᠦᠭ ᠤᠨ ᠨᠣᠮ ᠣᠩᠰᠢᠳᠠᠭ ᠬᠦᠮᠦᠨ ᠴᠥᠭᠡᠷᠡᠵᠦ᠂ ᠰᠢᠯᠦᠭ ᠤᠨ ᠨᠣᠮ ᠤᠨ ᠲᠠᠷᠬᠠᠭᠠᠯᠲᠠ ᠴᠤ ᠲᠤᠩ ᠪᠠᠭ᠎ᠠ᠂ ᠬᠡᠪᠯᠡᠯ ᠤᠨ ᠬᠤᠷᠢᠶᠠᠨ ᠳᠤ ᠳᠠᠷᠤᠭᠠᠰᠤ | ᠲᠤᠯᠭᠠᠷᠠᠵᠤ ᠪᠠᠶᠢᠨ᠎ᠠ ᠰᠢᠦ︾ ᠭᠡᠵᠦ ᠬᠡᠪᠯᠡᠯ ᠤᠨ ᠠᠵᠢᠯ ᠬᠢᠳᠡᠭ ᠬᠦᠮᠦᠨ ᠤ ᠬᠤᠪᠢ ᠠᠴᠠ ᠨᠣᠮ ᠬᠡᠪᠯᠡᠯ᠂ ᠤᠩᠰᠢᠭᠴᠢ᠂ ᠰᠤᠶᠤᠯ᠂ ᠵᠠᠬ᠎ᠠ ᠳᠡᠯᠭᠡᠭᠦᠷ ᠤᠨ | ᠬᠠᠷᠢᠴᠠᠭᠠᠨ ᠤ ᠲᠠᠯ᠎ᠠ ᠪᠠᠷ ᠪᠠᠶᠢᠴᠠᠭᠠᠵᠤ ᠰᠤᠳᠤᠯᠤᠭᠰᠠᠨ ᠦᠵᠡᠯᠲᠡ ᠪᠠᠨ ᠳᠡᠯᠭᠡᠵᠦ᠂ ᠥᠪᠡᠷ ᠢᠶᠠᠨ ᠴᠤ ᠣᠳᠤ ᠶᠠᠮᠠᠷ ᠵᠣᠬᠢᠶᠠᠯ ᠪᠢᠴᠢᠬᠦ ᠲᠤᠬᠠᠢ ᠰᠠᠨᠠᠭ᠎ᠠ ᠵᠣᠪᠠᠵᠤ | ᠪᠠᠶᠢᠬᠤ ᠪᠠᠨ ᠶᠠᠷᠢᠵᠤ ᠰᠠᠭᠤᠨ᠎ᠠ᠃ | ᠳᠣᠷᠵᠢ ᠠᠬ᠎ᠠ ᠪᠣᠯ ᠥᠪᠦᠷ ᠮᠣᠩᠭᠤᠯ ᠤᠨ ᠶᠡᠭᠡ ᠰᠤᠷᠭᠠᠭᠤᠯᠢ ᠳᠤ ᠨᠠᠳᠠ ᠠᠴᠠ ᠨᠢᠭᠡ ᠳᠡᠭᠡᠷ᠎ᠡ ᠠᠩᠭᠢ ᠳᠤ ᠪᠠᠶᠢᠭᠰᠠᠨ ᠮᠢᠨᠤ ᠨᠣᠮ ᠤᠨ ᠠᠬ᠎ᠠ᠂ ᠠᠷᠤ | ᠬᠤᠷᠴᠢᠨ ᠨᠤᠲᠤᠭ ᠲᠠᠢ ᠬᠦᠮᠦᠨ᠃ ᠦᠭᠡ ᠳᠠᠭᠤ ᠴᠥᠭᠡᠨ ᠲᠠᠢ ᠴᠤ ᠬᠤᠱᠣᠩ ᠱᠤᠭ ᠦᠭᠡ ᠬᠡᠯᠡᠵᠦ ᠢᠨᠢᠶᠡᠬᠦ ᠳᠤᠷᠠᠲᠠᠢ ᠶᠢᠨ ᠨᠢᠭᠡᠨ ᠠᠵᠢ᠃ | ᠠᠯᠳᠠ ᠬᠢᠷᠢᠲᠠᠢ ᠨᠠᠷᠠ ᠲᠠᠢ ᠪᠠᠶᠢᠬᠤ ᠳᠤ ᠪᠢᠳᠡ ᠲᠡᠨᠳᠡ ᠠᠴᠠ ᠬᠥᠳᠡᠯᠵᠦ᠂ ᠵᠣᠰᠠᠯᠠᠩ ᠤᠨ ᠵᠢᠭᠤᠯᠴᠢᠯᠠᠯ ᠤᠨ ᠨᠢᠭᠡᠨ ᠠᠶᠢᠯ ᠳᠤ ᠬᠦᠷᠴᠦ᠂ ᠣᠷᠤᠢ ᠶᠢᠨ | ᠵᠣᠭᠤᠭ ᠪᠠᠷᠢᠬᠤ ᠪᠠᠷ ᠪᠣᠯᠣᠯ᠎ᠠ᠃ ᠣᠴᠢᠭᠰᠠᠨ ᠴᠢᠨᠢ ᠬᠠᠷᠢᠨ ᠲᠦᠷᠦᠭᠦᠬᠡᠨ ᠮᠠᠨ ᠤ ᠲᠡᠷᠭᠡ ᠶᠢ ᠨᠠᠮᠤᠭ ᠠᠴᠠ ᠲᠠᠳᠠᠵᠤ ᠭᠠᠷᠭᠠᠭᠰᠠᠨ ᠥᠨᠦ ᠰᠢᠷ᠎ᠠ ᠨᠢᠳᠦ ᠲᠠᠢ ᠰᠢᠷ᠎ᠠ | ᠰᠠᠬᠠᠯ ᠲᠠᠢ ᠡᠷ᠎ᠡ ᠶᠢᠨ ᠬᠢ ᠪᠠᠶᠢᠯ᠎ᠠ᠃ ᠪᠠᠲᠤᠵᠢᠷᠭᠠᠯ ᠭᠡᠳᠡᠭ ᠬᠠᠮᠨᠢᠭᠠᠨ ᠡᠸᠡᠩᠬᠢ ᠬᠦᠮᠦᠨ᠂ ᠪᠠᠭᠠᠨ᠎ᠠ ᠭᠤᠸᠠᠢ ᠶᠢᠨ ᠬᠠᠮᠲᠤ ᠰᠤᠷᠤᠯᠭᠠᠲᠠᠨ ᠭᠡᠨ᠎ᠡ᠃ ᠰᠧᠨᠳᠡᠮᠡ | ᠪᠠᠭᠰᠢ ᠶᠢ ᠳᠠᠭᠠᠵᠤ ᠪᠢᠳᠡ ᠬᠡᠳᠦ ᠴᠤ ᠪᠠᠳᠣᠵᠢᠷᠭᠠᠯ ᠭᠤᠸᠠᠢ ᠶᠢᠨ ᠳᠤ ᠳᠥᠷᠬᠦᠮ ᠳᠡᠭᠡᠨ ᠢᠷᠡᠭᠰᠡᠨ ᠬᠡᠦᠬᠡᠨ ᠰᠢᠭ ᠡᠵᠡᠨ ᠮᠡᠳᠡᠵᠦ ᠡᠷᠬᠡᠯᠡᠩᠬᠡᠨ᠂ ᠯᠠᠪᠳᠠᠭᠤᠨ | ᠰᠠᠭᠤᠯ᠎ᠠ᠃ ᠪᠠᠲᠣᠵᠢᠷᠭᠠᠯ ᠴᠤ ᠬᠠᠯᠠᠭᠤᠨ ᠰᠠᠶᠢᠬᠠᠨ ᠰᠡᠳᠭᠢᠯ ᠲᠠᠢ᠂ ᠶᠠᠷᠢᠶ᠎ᠠ ᠬᠥᠭᠡᠷᠦᠭᠡ ᠲᠠᠢ᠂ ᠶᠠᠭᠠᠬᠢᠬᠤ ᠠᠷᠭ᠎ᠠ ᠦᠭᠡᠢ ᠬᠥᠳᠡᠭᠡ ᠶᠢᠨ ᠮᠠᠯᠴᠢᠨ ᠬᠦᠮᠦᠨ᠂ | ᠪᠢᠳᠡᠨ ᠢ ᠪᠠᠭ᠎ᠠ ᠪᠠᠭ᠎ᠠ ᠪᠠᠷ ᠱᠠᠯᠠᠵᠤ ᠪᠠᠶᠢᠭᠰᠠᠭᠠᠷ ᠰᠦᠨᠢ ᠣᠷᠣᠢ ᠪᠣᠯᠣᠯ᠎ᠠ᠃ ᠪᠠᠲᠤᠵᠢᠷᠭᠠᠯ ᠤᠨ ᠬᠢᠨ ᠲᠠᠢ ᠰᠠᠯᠬᠤ ᠶᠣᠰᠤ ᠪᠠᠨ ᠬᠦᠢᠴᠡᠳᠭᠡᠵᠦ᠂ ᠰᠥᠨᠢ | ᠬᠠᠶᠢᠯᠠᠷ ᠲᠤ ᠢᠷᠡᠬᠦ ᠳᠤ ᠨᠢᠭᠡᠨᠲᠡ ᠰᠥᠨᠢ ᠶᠢᠨ 12 ᠴᠠᠭ ᠪᠣᠯᠵᠠᠢ᠃ | 29 ᠤ ᠥᠷᠯᠦᠭᠡ ᠰ᠊ · ᠲᠡᠷᠭᠡᠯ ᠳᠡᠭᠦᠦ ᠪᠢᠳᠡᠨ ᠢ ᠲᠣᠰᠴᠤ ᠴᠠᠢ ᠤᠤᠭᠤᠯᠭᠠᠵᠤ᠂ ᠡᠸᠡᠩᠬᠢ ᠶᠢᠨ ᠨᠠᠶᠢᠷ ᠲᠤ ᠵᠠᠯᠠᠯ᠎ᠠ᠃ ᠠᠯᠠᠱᠠ ᠠᠴᠠ ᠯ᠊ · ᠡᠩᠬᠡᠬᠠᠳᠠ | ᠤᠲᠠᠰᠤ ᠢᠷᠡᠭᠦᠯᠵᠦ᠂ 7 ᠰᠠᠷ᠎ᠠ ᠶᠢᠨ 1 ᠳᠤ ᠵᠡᠭᠦᠨ ᠦᠵᠦᠮᠦᠴᠢᠨ ᠳᠤ᠂ ︽ᠲᠡᠭᠷᠢ ᠶᠢᠨ ᠪᠣᠲᠤᠭᠤ︾ ᠶᠢᠨ ᠠᠩᠬᠠᠨ ᠤ ᠰᠢᠯᠭᠠᠷᠠᠭᠤᠯᠤᠯᠲᠠ ᠳᠤ ᠢᠷᠠᠵᠤ | ᠣᠷᠣᠯᠴᠠᠬᠤ ᠶᠢ ᠨᠠᠶᠢᠳᠠᠭᠰᠠᠨ ᠪᠣᠯᠬᠤᠷ ᠳ᠋᠊ · ᠪᠠᠭᠠᠲᠤᠷ᠂ ᠵᠠᠯᠮ᠎ᠠ ᠪᠢᠳᠡ ᠭᠤᠷᠪᠠ ᠡᠸᠡᠩᠬᠢ ᠶᠢᠨ ᠨᠠᠶᠢᠷ ᠲᠤ ᠣᠴᠢᠵᠤ ᠴᠢᠳᠠᠭᠰᠠᠨ ᠦᠭᠡᠢ ᠠᠶᠠᠨ ᠤ ᠠᠯᠲᠠᠨ | ᠪᠤᠭᠤᠯᠭ᠎ᠠ ᠡᠷᠭᠢᠭᠦᠯᠵᠦ᠂ ᠬᠠᠶᠢᠯᠠᠷ ᠠᠴᠠ ᠮᠤᠷᠳᠠᠨ᠂ ᠣᠷᠤᠢ 9 ᠴᠠᠭ ᠥᠩᠭᠡᠷᠡᠭᠡᠳ ᠵᠠᠷᠤᠳ ᠤᠨ ᠯᠦᠪᠸᠢ ᠳᠤ ᠬᠦᠷᠴᠦ ᠬᠤᠨᠣᠭᠠᠳ᠂ ᠮᠠᠷᠭᠠᠰᠢ ᠨᠢ ᠵᠡᠭᠦᠨ | ᠦᠵᠦᠮᠦᠴᠢᠨ ᠳᠤ ᠬᠦᠷᠦᠭᠰᠡᠨ ᠪᠢᠯᠡ᠃ | | |