ᠮᠣᠩᠭᠤᠯ ᠭᠡᠷ
ᠨᠡᠶᠢᠲᠡᠯᠡᠭᠰᠡᠨ ᠴᠠᠭ᠄
2024/2/1
                       ᠠᠯᠠᠭᠤᠢ ᠮᠠᠨᠳᠤᠬᠤ     ᠲᠠᠯ᠎ᠠ ᠪᠠᠨ ᠴᠢᠮᠡᠭᠰᠡᠨ     ᠲᠠᠨᠠᠨ ᠴᠠᠭᠠᠨ ᠮᠥᠭᠦ ᠭᠡᠯᠲᠡᠢ     ᠲᠡᠭᠡᠭᠡᠵᠦ ᠠᠴᠢᠶᠠᠯᠠᠵᠤ ᠨᠡᠭᠦᠬᠦ ᠳᠤ     ᠲᠡᠦᠬᠡ ᠬᠦᠦᠷᠨᠢᠭᠰᠡᠨ ᠠᠴᠢᠶ᠎ᠠ     ᠲᠣᠭᠤᠨᠣ᠂ ᠣᠨᠢ᠂ ᠬᠠᠨ᠎ᠠ᠂ ᠬᠠᠭᠠᠯᠭ᠎ᠠ     ᠳᠡᠭᠡᠪᠦᠷ᠂ ᠲᠤᠭᠤᠷᠭ᠎ᠠ᠂ ᠬᠠᠶᠠᠭᠠᠪᠴᠢ     ᠣᠭᠤᠰᠣᠷ᠂ ᠵᠡᠭᠡᠭ᠂ ᠪᠦᠰᠡᠯᠡᠭᠦᠷ     ᠣᠨᠴᠠ ᠤᠬᠠᠭᠠᠯᠢᠭ ᠪᠠᠷᠢᠯᠭ᠎ᠠ     ᠬᠢᠷᠢ ᠪᠠᠷᠤᠭ ᠤᠨ ᠰᠠᠯᠬᠢ ᠰᠢᠭᠤᠷᠭᠠᠨ ᠳᠤ     ᠬᠡᠶᠢᠰᠬᠦ ᠦᠭᠡᠢ ᠪᠠᠲᠤ ᠪᠠᠶᠢᠷᠢ ᠲᠠᠢ     ᠭᠠᠵᠠᠷ ᠬᠦᠳᠡᠯᠵᠦ ᠳᠣᠷᠭᠢᠭᠰᠠᠨ ᠴᠤ     ᠭᠠᠩᠬᠤᠵᠤ ᠨᠤᠷᠠᠬᠤ ᠦᠭᠡᠢ ᠲᠠᠶᠢᠪᠤᠩ     ᠬᠠᠯᠠᠭᠤᠨ ᠵᠤᠨ ᠤ ᠨᠠᠷᠠᠨ ᠳᠤ     ᠬᠠᠶᠠᠭ᠎ᠠ ᠪᠠᠷ ᠰᠡᠷᠢᠭᠦᠨ ᠰᠠᠯᠬᠢ ᠲᠠᠢ     ᠬᠠᠬᠢᠷ ᠡᠪᠦᠯ ᠤᠨ ᠬᠦᠢᠲᠡᠨ ᠳᠤ     ᠬᠠᠯᠠᠭᠤ ᠲᠦᠭᠡᠨᠡᠬᠦ ᠲᠤᠯᠭ᠎ᠠ ᠲᠠᠢ     ᠤᠳᠤᠮᠲᠤ ᠮᠣᠩᠭᠤᠯ ᠤᠨ ᠰᠤᠤ ᠪᠢᠯᠢᠭ ᠢ     ᠦᠪᠯᠡᠵᠦ ᠦᠯᠡᠳᠡᠭᠰᠡᠨ ᠤᠷᠠᠯᠠᠯ ᠦᠷᠭᠦᠭᠡ     ᠬᠠᠭᠠᠰ ᠪᠦᠮᠪᠦᠷᠴᠡᠭ ᠢ ᠡᠷᠬᠡᠰᠢᠶᠡᠭᠰᠡᠨ     ᠬᠠᠭᠠᠨ ᠰᠠᠭᠤᠳᠠᠯ ᠲᠠᠢ ᠣᠷᠳᠣᠨ     ᠮᠣᠩᠭᠤᠯ ᠭᠡᠷ ᠦᠷᠯᠦᠭ ᠦᠨᠳᠦᠰᠦᠲᠡᠨ ᠤ ᠦᠶ᠎ᠡ ᠵᠠᠯᠭᠠᠭᠰᠠᠨ ᠡᠷᠳᠡᠨᠢ     ᠮᠣᠩᠭᠤᠯ ᠭᠡᠷ ᠣᠶᠤᠨ ᠲᠡᠭᠦᠰ ᠳᠡᠭᠡᠳᠦᠰ ᠤᠨ ᠤᠷ᠎ᠠ ᠰᠢᠩᠭᠡᠭᠰᠡᠨ ᠦᠯᠦᠭᠡᠢ     ᠮᠣᠩᠭᠤᠯ ᠭᠡᠷ ᠣᠯᠠᠨ ᠵᠠᠭᠤᠨ ᠤ ᠦᠯᠢᠭᠡᠷ ᠴᠢᠨᠳᠢᠭᠯᠠᠭᠰᠠᠨ ᠠᠯᠲᠠᠨ ᠰᠤᠳᠤᠷ     ᠮᠣᠩᠭᠤᠯ ᠭᠡᠷ ᠣᠷᠴᠢᠯᠠᠩ ᠳᠤ ᠮᠦᠩᠬᠡ ᠤᠭᠰᠠᠭ᠎ᠠ ᠶᠢᠨ ᠭᠠᠵᠠᠷ ᠤᠨ ᠲᠠᠮᠠᠭ᠎ᠠ᠃ 
ᠢᠷᠡᠯᠲᠡ᠄ ᠦᠪᠦᠷ ᠮᠣᠩᠭᠤᠯ ᠤᠨ ᠠᠷᠠᠳ ᠤᠨ ᠵᠠᠰᠠᠭ ᠤᠨ ᠣᠷᠳᠣᠨ