ᠠᠯᠮᠤᠷᠠᠳ ᠤᠨ ᠮᠤᠳᠤ ᠪᠠ ᠠᠯᠢᠮ᠎ᠠ ᠶᠢᠨ ᠮᠤᠳᠤᠨ ᠤ ᠢᠯᠵᠠᠷᠠᠬᠤ ᠡᠪᠡᠳᠴᠢᠨ
ᠨᠡᠶᠢᠲᠡᠯᠡᠭᠰᠡᠨ ᠴᠠᠭ᠄
2024/2/20
      ᠠᠯᠮᠤᠷᠠᠳ ᠤᠨ ᠮᠤᠳᠤ ᠪᠠ ᠠᠯᠢᠮ᠎ᠠ ᠶᠢᠨ ᠮᠤᠳᠤᠨ ᠤ ᠢᠯᠵᠠᠷᠠᠬᠤ ᠡᠪᠡᠳᠴᠢᠨ ᠨᠢ ᠮᠤᠳᠤᠨ ᠤ ᠮᠦᠴᠢᠷ ᠡᠰᠢ ᠳᠡᠭᠡᠷ᠎ᠡ ᠡᠭᠦᠰᠳᠡᠭ᠃ ᠡᠪᠡᠳᠴᠢᠨ ᠡᠭᠦᠰᠭᠡᠭᠴᠢ ᠪᠠᠺᠲ᠋ᠧᠷᠢ ᠨᠢ ᠠᠳᠠᠯᠢ ᠦᠭᠡᠢ ᠪᠤᠯᠪᠠᠴᠤ ᠰᠢᠨᠵᠢ ᠲᠡᠮᠳᠡᠭ ᠪᠤᠯᠤᠨ ᠰᠡᠷᠭᠡᠶᠢᠯᠡᠨ ᠵᠠᠰᠠᠬᠤ ᠠᠷᠭ᠎ᠠ ᠨᠢ ᠠᠳᠠᠯᠢ ᠪᠠᠶᠢᠳᠠᠭ᠃       1. ᠰᠢᠨᠵᠢ ᠲᠡᠮᠳᠡᠭ       ︵1︶ ᠰᠢᠷᠬᠠᠯᠠᠭ᠎ᠠ ᠶᠢᠨ ᠬᠡᠯᠪᠡᠷᠢ᠄ ᠡᠬᠢᠨ ᠤ ᠬᠤᠭᠤᠴᠠᠭᠠᠨ ᠳᠤ ᠡᠪᠡᠳᠴᠢᠨ ᠤ ᠬᠡᠰᠡᠭ ᠨᠢ ᠤᠯᠠᠭᠠᠨ ᠬᠦᠷᠡᠩ ᠦᠩᠭᠡᠳᠡᠢ᠂ ᠪᠠᠭ᠎ᠠ ᠰᠢᠭ᠋ ᠬᠦᠳᠦ᠋ᠢᠵᠦ᠂ ᠤᠰᠤᠳᠤᠭᠰᠠᠨ ᠮᠠᠶ᠋ᠢᠭᠳᠠᠢ᠂ ᠨᠡᠬᠡᠳᠡᠰᠦ ᠨᠢ ᠵᠦᠭᠡᠯᠡᠨ᠂ ᠡᠪᠡᠳᠴᠢᠳᠠᠢ ᠬᠠᠯᠢᠰᠤ ᠨᠢ ᠠᠮᠠᠷᠬᠠᠨ ᠬᠠᠭᠤᠯᠤᠭᠳᠠᠨ᠎ᠠ᠂ ᠲᠤᠳᠤᠷ᠎ᠠ ᠬᠡᠰᠡᠭ ᠤᠨ ᠨᠡᠬᠡᠳᠡᠰᠦ ᠨᠢ ᠬᠦᠨ ᠤᠯᠠᠭᠠᠨ ᠬᠦᠷᠡᠩ ᠦᠩᠭᠡᠳᠡᠢ᠂ ᠠᠷᠢᠬᠢᠨ ᠪᠠᠵᠠᠮᠠᠭ ᠤᠨ ᠦᠨᠦᠷ ᠲᠠᠢ᠂ ᠵᠠᠷᠢᠮ ᠳᠠᠭᠠᠨ ᠡᠪᠡᠳᠴᠢᠳᠠᠢ ᠬᠡᠰᠡᠭ ᠠᠴᠠ ᠨᠢ ᠰᠢᠷ᠎ᠠ ᠬᠦᠷᠡᠩ ᠦᠩᠭᠡ ᠶᠢᠨ ᠰᠢᠩᠭᠡᠨ ᠪᠡᠶᠡᠲᠦ ᠭᠤᠭᠤᠵᠢᠳᠠᠭ᠃ ᠰᠡᠭᠦᠯᠴᠢ ᠶᠢᠨ ᠬᠤᠭᠤᠴᠠᠭᠠᠨ ᠳᠤ ᠡᠪᠡᠳᠴᠢᠳᠡᠢ ᠬᠡᠰᠡᠭ ᠨᠢ ᠬᠠᠳᠠᠵᠤ ᠠᠪᠴᠢᠭᠠᠳ᠂ ᠬᠤᠲᠦ᠋ᠢᠬᠤ ᠪᠠ ᠬᠠᠲᠠᠭᠤᠷᠠᠭᠠᠳ ᠬᠠᠷ᠎ᠠ ᠬᠦᠷᠡᠩ ᠦᠩᠭᠡᠳᠡᠢ ᠪᠤᠯᠵᠤ ᠬᠤᠪᠢᠷᠠᠨ᠂ ᠡᠪᠡᠳᠴᠢᠳᠠᠢ ᠬᠡᠰᠡᠭ ᠤᠨ ᠦᠩᠭᠡᠨ ᠬᠡᠰᠡᠭ ᠲᠤ ᠬᠠᠷ᠎ᠠ ᠦᠩᠭᠡ ᠶᠢᠨ ᠵᠢᠵᠢᠭ ᠲᠤᠯᠪᠤ ᠲᠤᠰᠤᠯ ᠢᠯᠡᠷᠡᠳᠡᠭ᠃ ᠡᠪᠡᠳᠴᠢᠨ ᠤ ᠲᠤᠯᠪᠤ ᠨᠢ ᠡᠬᠢᠨ ᠤ ᠦᠶ᠎ᠡ ᠳᠤ ᠪᠠᠨ ᠲᠠᠷᠬᠠᠵᠤ ᠳᠡᠯᠭᠡᠷᠡᠬᠦ ᠨᠢ ᠬᠤᠷᠳᠤᠨ ᠪᠠᠶᠢᠵᠤ᠂ ᠤᠬᠤᠷ ᠬᠤᠭᠤᠴᠠᠭᠠᠨ ᠤ ᠲᠤᠳᠤᠷ᠎ᠠ ᠬᠦᠭᠵᠢᠭᠡᠳ ᠲᠤᠮᠤ ᠬᠡᠯᠪᠡᠷᠢ ᠶᠢᠨ ᠡᠪᠡᠳᠴᠢᠨ ᠤ ᠲᠤᠯᠪᠤ ᠪᠤᠯᠵᠤ᠂ ᠮᠤᠳᠤᠨ ᠤ ᠮᠦᠴᠢᠷ ᠡᠰᠢ ᠶᠢ ᠲᠤᠭᠤᠷᠢᠭᠠᠳ ᠴᠠᠭᠠᠷᠢᠭᠯᠠᠨ ᠬᠠᠯᠢᠰᠤᠯᠠᠭᠰᠠᠨ ᠪᠠᠶᠢᠳᠠᠯ ᠡᠭᠦᠰᠴᠦ᠂ ᠳᠡᠭᠡᠷ᠎ᠡ ᠲᠠᠯ᠎ᠠ ᠶᠢᠨ ᠮᠦᠴᠢᠷ ᠡᠰᠢ ᠶᠢ ᠨᠢ ᠬᠠᠲᠠᠭᠠᠵᠤ ᠦᠬᠦᠬᠦᠯᠳᠡᠭ ᠲᠤᠯᠠ ᠬᠤᠤᠷ ᠬᠦᠨᠦᠭᠡᠯ ᠢᠶᠠᠷ ᠲᠦᠢᠯ ᠤᠨ ᠶᠡᠭᠡ ᠪᠠᠶᠢᠳᠠᠭ᠃       ︵2︶ ᠮᠦᠴᠢᠷ ᠬᠠᠳᠠᠬᠤ ᠬᠡᠯᠪᠡᠷᠢ᠄ ᠤᠯᠠᠩᠬᠢ ᠳᠠᠭᠠᠨ ᠬᠤᠶᠠᠷ ᠠᠴᠠ ᠭᠤᠷᠪᠠᠨ ᠨᠠᠰᠤᠨ ᠤ ᠮᠦᠴᠢᠷ ᠲᠤ ᠡᠭᠦᠰᠳᠡᠭ᠂ ᠪᠠᠰᠠ ᠳᠦᠷᠪᠠ ᠠᠴᠠ ᠲᠠᠪᠤᠨ ᠨᠠᠰᠤᠲᠦ ᠮᠦᠴᠢᠷ ᠪᠤᠶᠤ ᠵᠢᠮᠢᠰᠯᠡᠬᠦ ᠰᠠᠭᠤᠳᠠᠯ ᠳᠡᠭᠡᠷ᠎ᠡ ᠬᠠᠯᠳᠠᠪᠤᠷᠢᠯᠠᠬᠤ ᠴᠤ ᠪᠤᠢ᠂ ᠡᠨᠡ ᠨᠢ ᠲᠤᠷᠤᠢ ᠮᠤᠳᠤᠨ ᠳᠡᠭᠡᠷ᠎ᠡ ᠡᠭᠦᠰᠬᠦ ᠨᠢ ᠢᠯᠡᠷᠬᠡᠢ ᠪᠠᠶᠢᠳᠠᠭ᠃ ᠡᠪᠡᠳᠴᠢᠳᠠᠢ ᠬᠡᠰᠡᠭ ᠨᠢ ᠤᠯᠠᠭᠠᠨ ᠬᠦᠷᠡᠩ ᠦᠩᠭᠡᠳᠡᠢ᠂ ᠤᠰᠤᠳᠤᠭᠰᠠᠨ ᠮᠠᠶ᠋ᠢᠭᠳᠠᠢ᠂ ᠬᠡᠯᠪᠡᠷᠢ ᠨᠢ ᠡᠮᠬᠢ ᠵᠢᠷᠤᠮ ᠦᠭᠡᠢ ᠪᠦᠭᠡᠳ ᠮᠠᠰᠢ ᠲᠦᠷᠬᠡᠨ ᠢᠶᠠᠷ ᠪᠦᠬᠦ ᠮᠦᠴᠢᠷ ᠲᠤ ᠲᠠᠷᠬᠠᠵᠤ᠂ ᠡᠴᠦᠰ ᠲᠤ ᠪᠠᠨ ᠮᠦᠴᠢᠷ ᠰᠠᠯᠠᠭ᠎ᠠ ᠨᠢ ᠬᠠᠳᠠᠵᠤ ᠦᠬᠦᠳᠡᠭ ᠪᠠᠶᠢᠨ᠎ᠠ᠃ ᠵᠢᠮᠢᠰ ᠤᠨ ᠬᠦᠷᠢᠶᠡᠯᠡᠩ ᠤᠨ ᠰᠠᠯᠠᠭ᠎ᠠ ᠮᠦᠴᠢᠷ ᠳᠡᠭᠡᠷᠡᠬᠢ ᠨᠠᠪᠴᠢ ᠨᠢ ᠰᠢᠷᠠᠯᠠᠭᠰᠠᠨ ᠪᠤᠯ ᠤᠯᠠᠩᠬᠢ ᠳᠤ ᠪᠠᠨ ᠲᠤᠰ ᠡᠪᠡᠳᠴᠢᠨ ᠪᠤᠯᠳᠠᠭ᠃       2. ᠰᠡᠷᠭᠡᠶᠢᠯᠡᠨ ᠵᠠᠰᠠᠬᠤ ᠠᠷᠭ᠎ᠠ ᠤᠰᠤ ᠪᠤᠷᠳᠤᠭᠤᠷ ᠤᠨ ᠬᠠᠮᠢᠶᠠᠷᠤᠯᠳᠠ ᠶᠢ ᠴᠢᠩᠭᠠᠳᠬᠠᠵᠤ ᠮᠤᠳᠤᠨ ᠤ ᠤᠷᠭᠤᠴᠠ ᠶᠢ ᠰᠠᠶᠢᠵᠢᠷᠠᠭᠤᠯᠬᠤ ᠪᠤᠯ ᠢᠯᠵᠠᠷᠠᠬᠤ ᠡᠪᠡᠳᠴᠢᠨ ᠢ ᠰᠡᠷᠭᠡᠶᠢᠯᠡᠨ ᠵᠠᠰᠠᠬᠤ ᠶᠢᠨ ᠦᠨᠳᠦᠰᠦᠨ ᠠᠷᠭ᠎ᠠ ᠬᠡᠮᠵᠢᠶ᠎ᠡ ᠪᠤᠯᠤᠨ᠎ᠠ᠃ ᠪᠠᠰᠠ ᠡᠮ ᠢᠶᠠᠷ ᠰᠡᠷᠭᠡᠶᠢᠯᠡᠨ ᠵᠠᠰᠠᠬᠤ ᠶᠢ ᠬᠠᠪᠰᠤᠷᠭᠠᠵᠤ ᠪᠤᠯᠤᠨ᠎ᠠ᠃       ︵1︶ ᠮᠦᠴᠢᠷ ᠡᠰᠢ ᠳᠡᠭᠡᠷ᠎ᠡ ᠡᠮ ᠲᠦᠷᠬᠢᠬᠦ᠄ 40 % ᠶᠢᠨ ᠹᠧᠷᠮᠠ ᠠᠷᠰᠢᠨ ᠤ ᠴᠢᠭᠢᠭᠳᠦᠮᠡᠬᠡᠢ ᠲᠠᠯᠬ᠎ᠠ 100 ᠲᠠᠬᠢᠨ ᠤ ᠠᠭᠤᠰᠤᠮᠠᠯ ᠢ ᠮᠦᠴᠢᠷ ᠡᠰᠢᠨ ᠳᠡᠭᠡᠷ᠎ᠡ ᠲᠦᠷᠬᠢᠨ᠎ᠡ᠃ ᠡᠮ ᠲᠦᠷᠬᠢᠬᠦ ᠠᠴᠠ ᠡᠮᠦᠨ᠎ᠡ ᠡᠪᠡᠳᠴᠢᠨ ᠤ ᠲᠤᠯᠪᠤ ᠪᠤᠯᠤᠨ ᠭᠠᠳᠠᠨᠠᠬᠢ ᠠᠷᠵᠠᠭᠠᠷ ᠬᠠᠯᠢᠰᠤ ᠶᠢ ᠨᠢ ᠬᠤᠰᠤᠵᠤ ᠠᠷᠢᠯᠭᠠᠬᠤ ᠬᠡᠷᠡᠭᠳᠡᠢ᠂ ᠢᠩᠬᠢᠭᠡᠳ 3 ᠰᠠᠷ᠎ᠠ ᠶᠢᠨ ᠰᠡᠭᠦᠯᠴᠢ ᠠᠴᠠ 4 ᠰᠠᠷ᠎ᠠ ᠶᠢᠨ ᠡᠬᠢ ᠪᠠᠷ ᠳ᠋ᠢᠶᠠᠮᠧᠳ᠋ᠷ ᠨᠢ 3~4 cm ᠠᠴᠠ ᠳᠡᠭᠡᠭᠰᠢᠬᠢ ᠮᠦᠴᠢᠷ ᠡᠰᠢᠨ ᠳᠡᠭᠡᠷ᠎ᠡ ᠡᠮ ᠰᠦᠷᠴᠢᠨ᠎ᠠ᠃ 6 ᠰᠠᠷ᠎ᠠ ᠶᠢᠨ ᠰᠡᠭᠦᠯᠴᠢ ᠠᠴᠠ 7 ᠰᠠᠷ᠎ᠠ ᠶᠢᠨ ᠡᠬᠢ ᠪᠠᠷ ᠭᠤᠤᠯ ᠡᠰᠢ᠂ ᠲᠦᠪ ᠡᠰᠢ ᠪᠤᠯᠤᠨ ᠡᠯ᠎ᠡ ᠲᠤᠮᠤ ᠭᠤᠤᠯ ᠮᠦᠴᠢᠷ ᠤᠨ ᠤᠵᠤᠭᠤᠷ ᠤᠨ ᠬᠡᠰᠡᠭ ᠲᠤᠨᠢ ᠡᠮ ᠲᠦᠷᠬᠢᠵᠤ ᠱᠤᠸᠠᠰᠠᠳᠠᠨ᠎ᠠ᠃ ᠡᠨᠡ ᠮᠡᠲᠦ ᠪᠠᠷ ᠵᠢᠯ ᠪᠤᠯᠭᠠᠨ ᠡᠮ ᠲᠦᠷᠬᠢᠪᠡᠯ ᠰᠡᠷᠭᠡᠶᠢᠯᠡᠨ ᠵᠠᠰᠠᠬᠤ ᠦᠷ᠎ᠡ ᠳ᠋ᠦᠩ ᠢ ᠶᠡᠭᠡ ᠪᠠᠷ ᠳᠡᠭᠡᠭᠰᠢᠯᠡᠭᠦᠯᠳᠡᠭ ᠪᠠᠶᠢᠨ᠎ᠠ᠃       ︵2︶ ᠡᠪᠡᠳᠴᠢᠨ ᠤ ᠲᠤᠯᠪᠤ ᠶᠢ ᠡᠮᠨᠡᠨ ᠵᠠᠰᠠᠬᠤ᠄ ᠵᠢᠯ ᠪᠦᠷᠢ ᠶᠢᠨ 3~4 ᠰᠠᠷ᠎ᠠ ᠳᠤ᠂ ᠬᠤᠷᠴᠠ ᠬᠢᠲᠤᠭ᠎ᠠ ᠪᠠᠷ ᠡᠪᠡᠳᠴᠢᠨ ᠤ ᠲᠤᠯᠪᠤ ᠶᠢ ᠲᠦᠢᠯᠪᠤᠷᠢᠳᠠᠢ ᠬᠤᠰᠤᠵᠤ ᠠᠷᠢᠯᠭᠠᠨ᠎ᠠ᠂ ᠲᠡᠷᠡᠴᠢᠯᠠᠨ ᠨᠡᠭᠡᠳᠡᠰᠦᠨ ᠠᠴᠠ 0. 5mm ᠬᠢᠷᠢᠳᠡᠢ ᠬᠤᠰᠤᠵᠤ ᠠᠪᠬᠤ ᠬᠡᠷᠡᠭᠳᠡᠢ᠃ ᠡᠮᠨᠡᠨ ᠵᠠᠰᠠᠬᠤ ᠲᠠᠯ᠎ᠠ ᠨᠢ ᠤᠷᠬᠢᠴᠠ ᠬᠡᠯᠪᠡᠷᠢᠳᠠᠢ ᠪᠠᠶᠢᠵᠤ᠂ ᠦᠩᠭᠡᠨ ᠲᠠᠯ᠎ᠠ ᠨᠢ ᠬᠦᠯᠢᠭᠡᠷ᠂ ᠦᠨᠴᠦᠭ ᠦᠯᠡᠳᠡᠭᠡᠬᠦ ᠦᠭᠡᠢ᠂ ᠦᠵᠦᠬᠦᠷ ᠶᠤᠵᠤᠭᠤᠷ ᠭᠠᠷᠭᠠᠬᠤ ᠦᠭᠡᠢ᠃ ᠡᠭᠦᠨ ᠤ ᠳᠠᠷᠠᠭ᠎ᠠ ᠪᠠᠷ ᠡᠮᠨᠡᠨ ᠵᠠᠰᠠᠬᠤ ᠬᠡᠰᠡᠭ ᠲᠤᠨᠢ ᠡᠮ ᠳᠦᠷᠬᠢᠨ᠎ᠡ᠃ ᠡᠬᠦᠨ ᠳᠤ ᠲᠤᠤᠷᠠᠬᠢ ᠡᠮ ᠤᠳ ᠢ ᠬᠡᠷᠡᠭᠯᠡᠨ᠎ᠡ᠃       ① ᠪᠤᠮᠸᠢ 10 ᠨᠢᠭᠡᠴᠢᠯᠡᠯ ᠤᠨ ᠴᠤᠬᠤᠢ ᠬᠦᠬᠦᠷᠲᠤ ᠨᠡᠶᠢᠯᠡᠮᠡᠯ ᠡᠮ᠃       ② 40 % ᠶᠢᠨ ᠹᠧᠷᠮᠠ ᠠᠷᠰᠢᠨ 50 ᠲᠠᠬᠢᠨ ᠤ ᠠᠭᠤᠰᠤᠮᠠᠯ᠃       ③ 40 % ᠶᠢᠨ ᠲᠦᠢ ᠵᠢᠶᠦ᠋ᠨ ᠲᠧ 50 ᠲᠠᠬᠢᠨ ᠤ ᠠᠭᠤᠰᠤᠮᠠᠯ᠃       ④ 50 % ᠶᠢᠨ ᠲᠢᠶᠠᠨ ᠠᠨ ᠤᠰᠤᠨ ᠡᠮ 5 ᠲᠠᠬᠢᠨ ᠤ ᠠᠭᠤᠰᠤᠮᠠᠯ᠃      ⑤ S~ 921 ᠢᠰᠭᠡᠬᠦ ᠰᠢᠩᠭᠡᠨ᠃       ⑥5 % ᠶᠢᠨ ᠠᠨ ᠰᠦᠸᠧ ᠵᠢᠶᠦ᠋ᠨ ᠳ᠋ᠦ᠋ ᠴᠢᠩ 50~ 100 ᠲᠠᠬᠢᠨ ᠤ ᠠᠭᠤᠰᠤᠮᠠᠯ᠃       ⑦RBF ᠡᠮᠲᠦ ᠪᠦᠷᠬᠦᠪᠴᠢ ︵药膜剂︶ 200 ᠲᠠᠬᠢᠨ ᠤ ᠠᠭᠤᠰᠤᠮᠠᠯ᠃ ᠳᠡᠭᠡᠷᠡᠬᠢ ᠡᠮ ᠤᠳ ᠠᠴᠠ ᠠᠯᠢ ᠶᠢ ᠨᠢ ᠰᠤᠩᠭᠤᠪᠠᠴᠤ ᠪᠦᠷ ᠪᠤᠯᠤᠨ᠎ᠠ᠃ ᠬᠡᠷᠪᠡ ᠡᠪᠡᠳᠴᠢᠨ ᠤ ᠲᠤᠯᠪᠤ ᠨᠢ ᠲᠠᠬᠢᠭᠰᠠᠨ ᠪᠠᠶᠢᠳᠠᠯ ᠢᠯᠡᠷᠡᠪᠡᠯ ᠨᠢᠭᠡ ᠰᠠᠷ᠎ᠠ ᠳᠤ ᠨᠢᠭᠡ ᠤᠳᠠᠭ᠎ᠠ ᠡᠮ ᠲᠦᠷᠬᠢᠵᠤ᠂ ᠦᠷᠬᠦᠯᠵᠢᠯᠡᠨ 4~ 5 ᠤᠳᠠᠭ᠎ᠠ ᠲᠦᠷᠬᠢᠪᠡᠯ ᠰᠠᠶᠢᠨ ᠦᠷ᠎ᠡ ᠳ᠋ᠦᠩ ᠤᠯᠬᠤ ᠶᠤᠮ᠃
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠣᠢ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶ᠎ᠠ