ᠭᠦᠢᠯᠡᠰᠦᠨ ᠨᠠᠪᠴᠢ ᠰᠢᠷᠠᠯᠠᠬᠤ ᠡᠪᠡᠳᠴᠢᠨ
ᠨᠡᠶᠢᠲᠡᠯᠡᠭᠰᠡᠨ ᠴᠠᠭ᠄
2024/2/20
      1. ᠰᠢᠨᠵᠢ ᠲᠡᠮᠳᠡᠭ       ᠭᠤᠤᠯᠳᠠᠭᠤ ᠮᠤᠳᠤᠨ ᠤ ᠰᠢᠨ᠎ᠡ ᠮᠦᠴᠢᠷ᠂ ᠨᠠᠪᠴᠢᠨ ᠢᠯᠳᠠᠰᠤ ᠶᠢ ᠬᠦᠨᠦᠭᠡᠳᠡᠭ᠂ ᠪᠠᠰᠠ ᠴᠡᠴᠡᠭ ᠪᠤᠯᠤᠨ ᠦᠷ᠎ᠡ ᠵᠢᠮᠢᠰ ᠢ ᠬᠦᠨᠦᠭᠡᠨ᠎ᠡ᠃ ᠰᠢᠨ᠎ᠡ ᠮᠦᠴᠢᠷ ᠲᠤ ᠡᠪᠡᠳᠴᠢᠨ ᠬᠠᠯᠳᠠᠪᠤᠷᠢᠯᠠᠭᠰᠠᠨ ᠤ ᠳᠠᠷᠠᠭ᠎ᠠ᠂ ᠪᠦᠬᠦ ᠮᠤᠳᠤᠨ ᠤ ᠰᠢᠨ᠎ᠡ ᠮᠦᠴᠢᠷ ᠤᠨ ᠰᠠᠯᠠᠭ᠎ᠠ᠂ ᠨᠠᠪᠴᠢ ᠶᠢ ᠪᠦᠷ ᠡᠪᠡᠳᠴᠢᠯᠡᠭᠦᠯᠳᠡᠭ ᠶᠤᠮ᠃ ᠡᠪᠡᠳᠴᠢᠳᠠᠢ ᠰᠢᠨ᠎ᠡ ᠮᠦᠴᠢᠷ ᠤᠨ ᠤᠷᠭᠤᠴᠠ ᠨᠢ ᠠᠯᠭᠤᠷ ᠤᠳᠠᠭᠠᠨ᠂ ᠦᠶ᠎ᠡ ᠶᠢᠨ ᠬᠤᠭᠤᠷᠤᠨᠳᠤᠬᠢ ᠵᠠᠢ ᠨᠢ ᠤᠬᠤᠷ ᠮᠦᠷᠲᠡᠭᠡᠨ ᠪᠦᠲᠦᠭᠦᠨ᠂ ᠨᠠᠪᠴᠢ ᠨᠢ ᠪᠠᠭᠯᠠᠷᠠᠵᠤ ᠤᠷᠭᠤᠭᠰᠠᠨ ᠬᠡᠯᠪᠡᠷᠢᠳᠠᠢ᠃ ᠨᠠᠪᠴᠢᠨ ᠤ ᠦᠩᠭᠡᠨ ᠬᠠᠯᠢᠰᠤ ᠨᠢ ᠡᠬᠢᠯᠡᠭᠡᠳ ᠬᠦᠨ ᠤᠯᠠᠭᠠᠨ ᠦᠩᠭᠡᠳᠡᠢ᠂ ᠳᠠᠷᠠᠭ᠎ᠠ ᠪᠠᠷ ᠰᠢᠷ᠎ᠠ ᠨᠤᠭᠤᠭᠠᠨ ᠦᠩᠭᠡᠳᠡᠢ ᠬᠤᠪᠢᠷᠠᠭᠠᠳ ᠲᠡᠭᠡᠷ᠎ᠡ ᠨᠢ ᠰᠢᠷ᠎ᠠ ᠬᠦᠷᠡᠩ ᠦᠩᠭᠡ ᠶᠢᠨ ᠭᠦᠲᠦ᠋ᠢᠭᠰᠡᠨ ᠵᠢᠵᠢᠭ ᠲᠤᠰᠤᠯ ᠤᠷᠭᠤᠵᠤ ᠭᠠᠷᠳᠠᠭ᠃ ᠴᠡᠴᠡᠭ ᠨᠢ ᠬᠦᠨᠦᠭᠡᠭᠳᠡᠪᠡᠯ ᠴᠡᠴᠡᠭ ᠤᠨ ᠲᠤᠭᠲᠤᠢ ᠨᠢ ᠵᠤᠵᠠᠭᠠᠷᠠᠵᠤ᠂ ᠠᠮᠠᠷᠬᠠᠨ ᠴᠡᠴᠡᠭ ᠳᠡᠯᠭᠡᠷᠡᠬᠦ ᠦᠭᠡᠢ ᠮᠦᠷᠳᠡᠭᠡᠨ ᠴᠡᠴᠡᠭ ᠤᠨ ᠲᠤᠭᠲᠤᠢ᠂ ᠴᠡᠴᠡᠭ ᠤᠨ ᠬᠡᠯᠲᠡᠰ ᠨᠢ ᠵᠤᠯᠭᠠᠷᠠᠵᠤ ᠤᠨᠠᠳᠠᠭ ᠦᠭᠡᠢ᠃ ᠦᠷ᠎ᠡ ᠵᠢᠮᠢᠰ ᠲᠤ ᠡᠪᠡᠳᠴᠢᠨ ᠬᠠᠯᠳᠠᠪᠤᠷᠢᠯᠠᠪᠠᠯ ᠤᠷᠭᠤᠴᠠ ᠨᠢ ᠵᠤᠭᠰᠤᠵᠤ᠂ ᠦᠩᠭᠡᠨ ᠲᠠᠯ᠎ᠠ ᠳᠡᠭᠡᠷ᠎ᠡ ᠨᠢ ᠰᠢᠷᠠᠪᠲᠤᠷ ᠦᠩᠭᠡ ᠶᠢᠨ ᠡᠪᠡᠳᠴᠢᠨ ᠤ ᠲᠤᠯᠪᠤ ᠲᠠᠢ᠂ ᠡᠪᠡᠳᠴᠢᠨ ᠤ ᠲᠤᠯᠪᠤ ᠳᠡᠭᠡᠷ᠎ᠡ ᠤᠯᠠᠭᠠᠨ ᠬᠦᠷᠡᠩ ᠦᠩᠭᠡ ᠶᠢᠨ ᠵᠢᠵᠢᠭ ᠮᠦᠬᠦᠯᠢᠭᠲᠦ ᠲᠤᠰᠤᠯ ᠭᠠᠷᠴᠤ᠂ ᠰᠡᠭᠦᠯᠴᠢ ᠶᠢᠨ ᠬᠤᠭᠤᠴᠠᠭ᠎ᠠ ᠪᠤᠯᠪᠠᠯ ᠬᠠᠳᠠᠵᠤ ᠦᠬᠦᠰᠢᠷᠡᠭᠡᠳ ᠵᠤᠯᠭᠠᠷᠠᠵᠤ ᠤᠨᠠᠬᠤ ᠪᠤᠶᠤ ᠮᠦᠴᠢᠷ ᠳᠡᠭᠡᠷ᠎ᠡ ᠪᠠᠨ ᠡᠯᠭᠦᠭᠳᠡᠵᠦ ᠪᠠᠶᠢᠳᠠᠭ᠃       2. ᠰᠡᠷᠭᠡᠶᠢᠯᠡᠨ ᠵᠠᠰᠠᠬᠤ ᠠᠷᠭ᠎ᠠ       ︵1︶ ᠨᠠᠮᠤᠷ᠂ ᠡᠪᠦᠯ ᠤᠨ ᠤᠯᠠᠷᠢᠯ ᠳᠤ ᠡᠪᠡᠳᠴᠢᠳᠠᠢ ᠮᠦᠴᠢᠷ᠂ ᠡᠪᠡᠳᠴᠢᠳᠠᠢ ᠨᠠᠪᠴᠢ᠂ ᠡᠪᠡᠳᠴᠢᠳᠠᠢ ᠵᠢᠮᠢᠰ ᠢ ᠬᠠᠶᠢᠴᠢᠯᠠᠨ ᠠᠪᠴᠤ᠂ ᠭᠠᠵᠠᠷ ᠳᠡᠭᠡᠷ᠎ᠡ ᠤᠨᠠᠭᠰᠠᠨ ᠦᠬᠦᠰᠢᠷᠡᠵᠦ ᠬᠠᠲᠠᠭᠰᠠᠨ ᠨᠠᠪᠴᠢ᠂ ᠵᠢᠮᠢᠰ ᠢ ᠱᠦᠭᠦᠷᠳᠡᠵᠦ ᠴᠤᠭᠯᠠᠭᠤᠯᠤᠭᠠᠳ ᠲᠡᠷᠡ ᠲᠤᠤᠷ᠎ᠠ ᠨᠢ ᠰᠢᠲᠠᠭᠠᠬᠤ ᠬᠡᠷᠡᠭᠳᠡᠢ᠃       ︵2︶ ᠬᠠᠪᠤᠷ ᠤᠨ ᠤᠯᠠᠷᠢᠯ ᠳᠤ ᠡᠪᠡᠳᠴᠢᠳᠠᠢ ᠮᠦᠴᠢᠷ᠂ ᠨᠠᠪᠴᠢ ᠢᠯᠡᠷᠡᠪᠡᠯ ᠲᠡᠷᠡ ᠲᠤᠤᠷ᠎ᠠ ᠨᠢ ᠤᠭᠲᠤᠯᠵᠤ ᠠᠪᠤᠭᠠᠳ ᠰᠢᠲᠡᠭᠠᠬᠤ ᠬᠡᠷᠡᠭᠳᠡᠢ᠃       ︵3︶ ᠭᠦᠢᠯᠡᠰᠦᠨ ᠮᠤᠳᠤ ᠨᠠᠪᠴᠢ ᠪᠠᠨ ᠳᠡᠯᠭᠡᠬᠦ ᠦᠶ᠎ᠡ ᠳᠤ 1᠄ 1.5᠄ 200 ᠶᠢᠨ ᠪᠤᠷᠳ᠋ ᠰᠢᠩᠭᠡᠨ ᠢ 1~ 2 ᠤᠳᠠᠭ᠎ᠠ ᠰᠦᠷᠴᠢᠨ᠎ᠡ᠃ ᠡᠰᠡᠭᠦᠯ᠎ᠡ 50 % ᠶᠢᠨ ᠳ᠋ᠦᠸᠧ ᠵᠢᠶᠦ᠋ᠨ ᠯᠢᠩ 700 ᠳᠠᠬᠢᠨ ᠤ ᠠᠭᠤᠰᠤᠮᠠᠯ ᠢ ᠰᠦᠷᠴᠢᠨ᠎ᠡ᠃       ︵4︶ ᠪᠤᠷᠳ᠋ ᠰᠢᠩᠭᠡᠨ ᠢ ᠨᠠᠶᠢᠷᠠᠭᠤᠯᠬᠤ ᠠᠷᠭ᠎ᠠ᠄ 1 ᠺᠢᠯᠤᠭ᠍ᠷᠠᠮ ᠤᠨᠴᠠ ᠴᠢᠨᠠᠷᠲᠤ ᠬᠦᠬᠦᠷ ᠬᠦᠴᠢᠯ ᠤᠨ ᠵᠠᠰ ᠢ 100 ᠺᠢᠯᠤᠭ᠍ᠷᠠᠮ ᠤᠰᠤᠨ ᠳᠤ ᠠᠭᠤᠰᠬᠠᠨ᠎ᠠ᠃ ᠲᠠᠬᠢᠨ 1.5 ᠺᠢᠯᠤᠭ᠍ᠷᠠᠮ ᠤᠨᠴᠠ ᠴᠢᠨᠠᠷᠲᠤ ᠲᠦᠬᠦᠬᠡᠢ ᠴᠤᠬᠤᠢ ᠶᠢ 100 ᠺᠢᠯᠤᠭ᠍ᠷᠠᠮ ᠤᠰᠤᠨ ᠳᠤ ᠠᠭᠤᠰᠬᠠᠨ᠎ᠠ᠃ ᠡᠨᠡ ᠬᠤᠶᠠᠷ ᠠᠭᠤᠰᠤᠮᠠᠯ ᠢ ᠵᠡᠷᠭᠡ ᠪᠠᠷ ᠨᠢᠭᠡ ᠰᠠᠪᠠᠨ ᠳᠤ ᠬᠢᠬᠦ ᠶᠢᠨ ᠳᠠᠭᠠᠤ ᠬᠤᠳᠬᠤᠵᠤ ᠬᠤᠯᠢᠭᠠᠳ ᠡᠮ ᠤᠨ ᠠᠭᠤᠰᠤᠮᠠᠯ ᠨᠢ ᠴᠡᠩᠭᠡᠷ ᠬᠦᠬᠡ ᠦᠩᠭᠡᠳᠡᠢ ᠪᠤᠯᠪᠠᠯ ᠪᠤᠯᠴᠢᠬᠠᠨ᠎ᠠ᠃ ᠡᠮ ᠬᠡᠷᠡᠭᠯᠡᠬᠦ ᠨᠢ ᠪᠠᠭ᠎ᠠ ᠪᠤᠯ ᠲᠤᠰ ᠲᠤᠰ ᠤᠨ ᠪᠦᠷᠢᠯᠳᠦᠬᠦᠨ ᠤ ᠬᠠᠷᠢᠴᠠᠯ ᠢᠶᠠᠷ ᠨᠠᠶᠢᠷᠠᠭᠤᠯᠤᠨ᠎ᠠ᠃ ᠲᠤᠰ ᠡᠮ ᠢ ᠬᠡᠷᠡᠭᠯᠡᠬᠦ ᠦᠶ᠎ᠡ ᠳᠤ ᠨᠠᠶᠢᠷᠠᠭᠤᠯᠤᠨ᠎ᠠ᠃ ᠨᠠᠶᠢᠷᠠᠭᠤᠯᠤᠭᠰᠠᠨ ᠡᠮ ᠢ 10 ᠴᠠᠭ ᠲᠠᠯᠪᠢᠪᠠᠯ ᠡᠬᠢᠯᠡᠵᠦ ᠦᠢᠯᠡᠳᠦᠯ ᠢᠶᠠᠨ ᠠᠯᠳᠠᠳᠠᠭ ᠶᠤᠮ᠃
ᠢᠷᠡᠯᠲᠡ᠄ ᠦᠪᠦᠷ ᠮᠣᠩᠭᠤᠯ ᠤᠨ ᠦᠪᠡᠷᠲᠡᠭᠡᠨ ᠵᠠᠰᠠᠬᠤ ᠣᠷᠣᠨ ᠤ ᠣᠢ ᠰᠢᠭᠤᠢ ᠪᠠ ᠨᠤᠲᠤᠭ ᠪᠡᠯᠴᠢᠭᠡᠷ ᠤᠨ ᠲᠣᠪᠴᠢᠶ᠎ᠠ