ᠢᠳᠡᠭᠡᠨ ᠤᠮᠳᠠᠭᠠᠨ ᠢᠳᠡᠵᠦ ᠤᠤᠭᠤᠬᠤ ᠡᠷᠡᠭᠦᠯ ᠪᠤᠰᠤ 7 ᠳᠠᠳᠬᠠᠯ ᠨᠢ ᠠᠮᠠᠷᠬᠠᠨ ᠥᠮᠡᠨ ᠤᠯᠤᠭᠤᠯᠳᠠᠭ ᠬᠡᠨ᠎ᠡ ᠤᠤ︖ ᠲᠠ ᠣᠨᠣᠭᠳᠠᠭᠰᠠᠨ ᠡᠰᠡᠬᠦ  ᠪᠠᠨ ᠬᠤᠷᠳᠤᠨ ᠦᠵᠡ︕
ᠨᠡᠶᠢᠲᠡᠯᠡᠭᠰᠡᠨ ᠴᠠᠭ᠄
2024/2/26
      1. ᠠᠷᠢᠬᠢ ᠲᠠᠮᠠᠬᠢ ᠪᠣᠯ ᠴᠥᠮ ᠥᠮᠡᠨ ᠡᠭᠦᠰᠭᠡᠳᠡᠭ 1 ᠳ᠋ᠤᠭᠡᠷ ᠲᠥᠷᠥᠯ ᠤᠨ ᠪᠣᠳᠠᠰ ᠪᠣᠯᠤᠨ᠎ᠠ      ᠠᠷᠢᠬᠢ ᠲᠠᠮᠠᠬᠢ ᠨᠢ ᠴᠥᠮ ᠥᠮᠡᠨ ᠡᠭᠦᠰᠭᠡᠳᠡᠭ 1 ᠳ᠋ᠤᠭᠡᠷ ᠲᠥᠷᠥᠯ ᠤᠨ ᠪᠣᠳᠠᠰ ᠪᠣᠯᠤᠨ᠎ᠠ᠃  ᠲᠠᠮᠠᠬᠢ ᠳᠤ ᠲᠠᠮᠠᠬᠢ ᠲᠠᠲᠠᠬᠤ᠂ ᠭᠠᠷ ᠲᠠᠮᠵᠢᠬᠰᠠᠨ ᠲᠠᠮᠠᠬᠢ ᠲᠠᠲᠠᠬᠤ᠂ ᠤᠳᠤᠭ᠎ᠠ ᠦᠭᠡᠢ ᠲᠠᠮᠠᠬᠢ ᠵᠢᠴᠢ ᠡᠯ᠎ᠡ ᠵᠦᠢᠯ ᠤᠨ ᠲᠠᠮᠠᠬᠢᠨ  ᠪᠦᠲᠦᠭᠡᠭᠳᠡᠬᠦᠨ ᠵᠡᠷᠭᠡ ᠪᠠᠭᠲᠠᠨ᠎ᠠ︔ ᠠᠷᠢᠬᠢ ᠳᠤ ᠠᠯᠢᠪᠠ ᠰᠫᠢᠷᠲ ᠠᠭᠤᠯᠤᠭᠰᠠᠨ ᠤᠮᠳᠠᠭᠠᠨ ᠪᠠᠭᠲᠠᠨ᠎ᠠ᠃      2. ᠤᠯᠠᠭᠠᠨ ᠮᠢᠬ᠎ᠠ ︵ᠢᠳᠡᠬᠦ︶ ᠪᠣᠯ 2 ᠳ᠋ᠤᠭᠠᠷ A ᠲᠥᠷᠥᠯ ᠤᠨ  ᠥᠮᠡᠨ  ᠡᠭᠦᠰᠭᠡᠳᠡᠭ 2 ᠳ᠋ᠤᠭᠠᠷ A ᠲᠥᠷᠥᠯ ᠤᠨ ᠪᠣᠳᠠᠰ ᠪᠣᠯᠤᠨ᠎ᠠ︔ ᠡᠳ᠋ᠰᠢᠬᠦᠯᠦᠨ ᠪᠣᠯᠪᠠᠰᠤᠷᠠᠭᠤᠯᠤᠭᠰᠠᠨ ᠮᠢᠬᠠᠨ ᠤ ᠵᠦᠢᠯ ︵ᠢᠳᠡᠬᠦ︶ ᠨᠢ ᠥᠮᠡᠨ ᠡᠭᠦᠰᠭᠡᠳᠡᠭ 1 ᠳ᠋ᠤᠭᠡᠷ ᠲᠥᠷᠥᠯ ᠤᠨ ᠪᠣᠳᠠᠰ ᠪᠣᠯᠤᠨ᠎ᠠ᠃      ᠤᠯᠠᠭᠠᠨ ᠢᠳᠡᠭᠡ ᠭᠡᠳᠡᠭ ᠨᠢ ᠬᠤᠭᠤᠯᠠ ᠬᠢᠬᠦ ᠠᠴᠠ ᠡᠮᠦᠨ᠎ᠡ ᠤᠯᠠᠭᠠᠨ ᠥᠩᠭᠡ ᠲᠠᠢ ᠮᠢᠬ᠎ᠠ ᠶᠢ ᠵᠢᠭᠠᠵᠤ ᠪᠠᠶᠢᠨ᠎ᠠ᠃ ᠳᠡᠯᠡᠬᠡᠶ ᠶᠢᠨ ᠡᠷᠡᠭᠦᠯ ᠬᠠᠮᠠᠭᠠᠯᠠᠯ ᠤᠨ ᠵᠣᠬᠢᠶᠠᠨ ᠪᠠᠶᠢᠭᠤᠯᠤᠯᠲᠠ ᠶᠢᠨ ᠬᠠᠷᠢᠶᠠᠳᠤ ᠥᠮᠡᠨ ᠡᠪᠡᠳᠴᠢᠨ ᠤ ᠰᠤᠳᠤᠯᠭᠠᠨ ᠤ ᠪᠠᠶᠢᠭᠤᠯᠤᠮᠵᠢ ᠨᠢ ᠤᠯᠠᠭᠠᠨ ᠢᠳᠡᠭᠡ ᠶᠢ ᠥᠮᠡᠨ ᠡᠭᠦᠰᠭᠡᠬᠦ 2 ᠳ᠋ᠤᠭᠠᠷ A ᠲᠥᠷᠥᠯ ᠤᠨ ᠪᠣᠳᠠᠰ ᠤᠨ ᠨᠠᠷᠢᠨ ᠬᠠᠭᠤᠳᠠᠰᠤᠨ ᠳᠤ ᠣᠷᠣᠭᠤᠯᠵᠤ᠂ ᠤᠯᠠᠭᠠᠨ ᠢᠳᠡᠭᠡ ᠢᠳᠡᠬᠦ ᠨᠢ ᠪᠦᠳᠦᠭᠦᠨ ᠭᠡᠳᠡᠰᠦᠨ ᠤ ᠥᠮᠡᠨ ᠵᠡᠷᠭᠡ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠳᠡᠭ᠃ ᠡᠳ᠋ᠰᠢᠬᠦᠯᠦᠨ ᠪᠣᠯᠪᠠᠰᠤᠷᠠᠭᠤᠯᠤᠭᠰᠠᠨ ᠮᠢᠬ᠎ᠠ ᠭᠡᠳᠡᠭ ᠨᠢ ᠡᠳ᠋ᠰᠢᠬᠦᠯᠦᠨ ᠪᠣᠯᠪᠠᠰᠤᠷᠠᠭᠤᠯᠤᠭᠰᠠᠨ ᠮᠢᠬ᠎ᠠ ᠶᠢ ᠵᠢᠭᠠᠵᠤ ᠪᠠᠶᠢᠨ᠎ᠠ᠂ ᠡᠳ᠋ᠰᠢᠬᠦᠯᠦᠨ ᠪᠣᠯᠪᠠᠰᠤᠷᠠᠭᠤᠯᠤᠭᠰᠠᠨ ᠮᠢᠬ᠎ᠠ ᠪᠠᠷ ᠬᠢᠭᠰᠡᠨ ᠮᠢᠬᠠᠨ ᠤ ᠪᠦᠲᠦᠭᠡᠭᠳᠡᠬᠦᠨ ᠨᠢ ᠪᠦᠳᠦᠭᠦᠨ ᠭᠡᠳᠡᠰᠦᠨ ᠤ ᠥᠮᠡᠨ ᠳᠤ ᠨᠡᠷᠪᠡᠭᠳᠡᠬᠦ ᠲᠦᠭᠰᠢᠭᠦᠷᠢ ᠶᠢ ᠢᠯᠡᠳᠲᠡ ᠨᠡᠮᠡᠭᠳᠡᠭᠦᠯᠳᠡᠭ᠂ ᠡᠶᠢᠮᠦ ᠠᠴᠠ ᠰᠢᠨ᠎ᠡ ᠰᠣᠷᠭᠤᠭ ᠮᠢᠬ᠎ᠠ ᠢᠳᠡᠬᠦ ᠶᠢ ᠰᠠᠨᠠᠭᠤᠯᠵᠤ ᠪᠠᠶᠢᠨ᠎ᠠ ᠬᠡᠪᠡ᠃      3. ᠲᠣᠰᠣᠨ ᠳᠤ ᠪᠤᠴᠠᠯᠭᠠᠬᠰᠠᠨ ᠪᠤᠶᠤ ᠰᠢᠷᠠᠭᠰᠠᠨ ᠳᠠᠪᠤᠰᠤᠯᠠᠬᠰᠠᠨ ︽ᠠᠩᠬᠢᠯᠤᠮ᠎ᠠ︾ ᠦᠨᠦᠷ ᠲᠠᠢ ᠢᠳᠡᠭᠡᠨ ᠨᠢ ᠥᠮᠡᠨ ᠡᠭᠦᠰᠭᠡᠳᠡᠭ      ᠲᠣᠰᠣᠨ ᠳᠤ ᠪᠤᠴᠠᠯᠭᠠᠬᠰᠠᠨ ᠪᠤᠶᠤ ᠰᠢᠷᠠᠭᠰᠠᠨ ᠢᠳᠡᠭᠡᠨ ᠨᠢ ᠪᠦᠷᠢᠨ ᠪᠤᠰᠤ ᠰᠢᠲᠠᠯᠲᠠ ᠠᠴᠠ ᠪᠤᠯᠵᠤ ᠡᠭᠦᠰᠦᠭᠰᠡᠨ ᠬᠢᠮᠢ ᠶᠢᠨ ᠪᠣᠳᠠᠰ ᠵᠢᠱᠢᠶᠡᠯᠡᠪᠡᠯ ᠹᠧᠨᠢᠯ ᠫᠷᠣᠫᠠᠨᠤᠯ ︵α︶ ᠫᠢᠷᠤᠨ ᠪᠣᠯ ᠥᠮᠡᠨ ᠡᠭᠦᠰᠭᠡᠬᠦ 1 ᠳ᠋ᠤᠭᠡᠷ ᠲᠥᠷᠥᠯ ᠤᠨ ᠪᠣᠳᠠᠰ ᠪᠣᠯᠤᠨ᠎ᠠ︔ ᠳᠤᠮᠳᠠᠳᠤ ᠤᠯᠤᠰ ᠤᠨ ᠮᠠᠶ᠋ᠢᠭ ᠤᠨ ᠱᠣᠷᠪᠣᠭ ᠵᠢᠭᠠᠰᠤ ᠪᠣᠯ ᠥᠮᠡᠨ ᠡᠭᠦᠰᠭᠡᠬᠦ 1 ᠳ᠋ᠤᠭᠡᠷ ᠲᠥᠷᠥᠯ ᠤᠨ ᠪᠣᠳᠠᠰ ᠪᠣᠯᠤᠨ᠎ᠠ︔ ᠲᠣᠰᠣᠨ ᠳᠤ ᠪᠤᠴᠠᠯᠭᠠᠭᠰᠠᠨ᠂ ᠥᠨᠳᠥᠷ ᠬᠠᠯᠠᠭᠤᠨ ᠢᠶᠠᠷ ᠰᠢᠷᠠᠬᠰᠠᠨ ᠢᠳᠡᠭᠡᠨ ᠨᠢ ᠥᠮᠡᠨ ᠡᠭᠦᠰᠭᠡᠬᠦ 2 ᠳ᠋ᠤᠭᠠᠷ A ᠲᠥᠷᠥᠯ ᠤᠨ ᠪᠣᠳᠠᠰ ᠪᠣᠯᠤᠨ᠎ᠠ︔ ᠠᠽᠢᠶ᠎ᠠ ᠲᠢᠪ ᠤᠨ ᠤᠯᠠᠮᠵᠢᠯᠠᠯᠲᠤ ᠳᠠᠪᠤᠰᠤᠯᠠᠭᠰᠠᠨ ᠨᠣᠭᠤᠭ᠎ᠠ ᠨᠢ ᠥᠮᠡᠨ ᠡᠭᠦᠰᠭᠡᠬᠦ 2 ᠳ᠋ᠤᠭᠠᠷ A ᠲᠥᠷᠥᠯ ᠤᠨ ᠪᠣᠳᠠᠰ ᠪᠣᠯᠤᠨ᠎ᠠ᠃ ᠣᠨᠴᠠᠭᠠᠶᠢᠯᠠᠨ ᠰᠢᠩᠭᠡᠭᠡᠯᠲᠡ ᠶᠢᠨ ᠵᠠᠮ ᠤᠨ ᠥᠮᠡᠨ᠂ ᠬᠤᠳᠣᠭᠤᠳᠣᠨ ᠥᠮᠡᠨ ᠵᠡᠷᠭᠡ ᠳᠤ ᠨᠡᠷᠪᠡᠭᠳᠡᠬᠦ ᠲᠦᠭᠰᠢᠭᠦᠷᠢ ᠲᠠᠢ ᠪᠠᠶᠢᠳᠠᠭ᠃      4. ᠬᠤᠭᠤᠴᠠᠭ᠎ᠠ ᠨᠢ ᠬᠡᠲᠦᠷᠡᠭᠰᠡᠨ ᠪᠤᠶᠤ ᠸᠠᠯᠠᠬᠰᠠᠨ ᠢᠳᠡᠭᠡᠨ ᠤ ︽ᠬᠤᠣᠷᠲᠤ ᠡᠳ᠋︾ ᠨᠢ ᠥᠮᠡᠨ ᠡᠭᠦᠰᠭᠡᠳᠡᠭ      ᠰᠢᠷ᠎ᠠ ᠬᠥᠷᠥᠩᠭᠡ ᠶᠢᠨ ᠬᠥᠭᠡᠴᠦ ᠶᠢᠨ ᠬᠤᠣᠷᠲᠤ ᠡᠳ᠋ ᠨᠢ ᠥᠮᠡᠨ ᠡᠭᠦᠰᠭᠡᠳᠡᠭ ᠨᠢᠭᠡ ᠲᠥᠷᠥᠯ ᠤᠨ  ᠪᠣᠳᠠᠰ ᠪᠣᠯᠤᠨ᠎ᠠ᠃ ᠸᠠᠯᠠᠬᠰᠠᠨ ᠪᠤᠶᠤ ᠬᠤᠭᠤᠴᠠᠭ᠎ᠠ ᠨᠢ ᠬᠡᠲᠦᠷᠡᠭᠰᠡᠨ ᠢᠳᠡᠭᠡᠨ ᠨᠢ ᠥᠮᠡᠨ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠳᠡᠭ᠂ ᠵᠢᠱᠢᠶᠡᠯᠡᠪᠡᠯ ᠡᠯᠢᠭᠡᠨ ᠤ ᠥᠮᠡᠨ ᠳᠤ ᠨᠡᠷᠪᠡᠭᠳᠡᠭᠦᠯᠳᠡᠭ᠃      5. ᠬᠠᠯᠠᠭᠤᠨ ᠢᠳᠡᠭᠡᠨ ᠤᠮᠳᠠᠭᠠᠨ ᠢ ︽ᠬᠠᠯᠠᠭᠤᠨ ᠢᠶᠠᠷ ᠤᠤᠭᠤᠵᠤ ᠢᠳᠡᠬᠦ︾ ᠨᠢ ᠥᠮᠡᠨ ᠡᠪᠡᠳᠴᠢᠨ ᠡᠭᠦᠰᠭᠡᠳᠡᠭ      65 ℃ ᠠᠴᠠ ᠳᠡᠭᠡᠭᠰᠢᠬᠢ ᠬᠠᠯᠠᠭᠤᠨ ᠤᠮᠳᠠᠭᠠᠨ ︵ᠤᠤᠭᠤᠬᠤ︶ ᠨᠢ  2 ᠳ᠋ᠤᠭᠠᠷ A ᠲᠥᠷᠥᠯ ᠤᠨ ᠥᠮᠡᠨ ᠡᠭᠦᠰᠭᠡᠳᠡᠭ᠃ ᠬᠠᠯᠠᠭᠤᠨ ᠢᠳᠡᠭᠡᠨ ︵65℃ ᠠᠴᠠ ᠳᠡᠭᠡᠭᠰᠢ︶᠂ ᠤᠳᠠᠭᠠᠨ ᠴᠢᠨᠠᠷᠲᠠᠶ ᠤᠯᠠᠭᠠᠨ ᠬᠤᠭᠤᠯᠠᠶ ᠶᠢᠨ ᠦᠷᠪᠢᠰᠦᠯ ᠡᠭᠦᠰᠴᠦ᠂ ᠡᠴᠦᠰ ᠲᠡᠭᠡᠨ ᠤᠯᠠᠭᠠᠨ ᠬᠤᠭᠤᠯᠠᠶ ᠶᠢᠨ ᠥᠮᠡᠨ ᠵᠡᠷᠭᠡ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠳᠡᠭ᠃      6. ᠪᠢᠩᠯᠠᠩ ᠤᠨ ︽ᠵᠠᠵᠢᠯᠤᠭᠤᠷ︾ ᠢᠳᠡᠭᠡᠨ ᠨᠢ ᠥᠮᠡᠨ ᠡᠭᠦᠰᠭᠡᠳᠡᠭ      ᠪᠢᠩᠯᠠᠩ ︵ᠪᠢᠩᠯᠠᠩ ᠵᠢᠮᠢᠰ᠂ ᠲᠠᠮᠠᠬᠢ ᠠᠭᠤᠯᠬᠤ ᠪᠤᠶᠤ ᠲᠠᠮᠠᠬᠢ ᠠᠭᠤᠯᠬᠤ ᠥᠬᠡᠶ ᠪᠢᠩᠯᠠᠩ ᠵᠠᠵᠢᠯᠤᠭᠤᠷ ᠢᠳᠡᠭᠡᠨ︶ ᠨᠢ 1 ᠳ᠋ᠤᠭᠡᠷ ᠲᠥᠷᠥᠯ ᠤᠨ ᠥᠮᠡᠨ ᠡᠭᠦᠰᠭᠡᠳᠡᠭ 1 ᠳ᠋ᠤᠭᠡᠷ ᠲᠥᠷᠥᠯ ᠤᠨ ᠪᠣᠳᠠᠰ ᠪᠣᠯᠤᠨ᠎ᠠ᠃ ᠪᠢᠩᠯᠠᠩ ᠨᠢ ᠠᠮᠠᠨ ᠬᠥᠨᠳᠡᠶ ᠶᠢᠨ ᠥᠮᠡᠨ ᠤᠯᠤᠭᠤᠯᠳᠠᠭ︔ ᠡᠭᠦᠨ ᠠᠴᠠ ᠭᠠᠳᠠᠨ᠎ᠠ ᠪᠠᠰᠠ ᠵᠠᠯᠭᠢᠭᠤᠷ ᠤᠨ ᠥᠮᠡᠨ᠂ ᠲᠥᠪᠣᠩᠬᠡᠶ ᠶᠢᠨ ᠥᠮᠡᠨ᠂ ᠤᠯᠠᠭᠠᠨ ᠬᠤᠭᠤᠯᠠᠶ ᠶᠢᠨ ᠥᠮᠡᠨ ᠵᠡᠷᠭᠡ ᠶᠢ ᠡᠭᠦᠰᠭᠡᠬᠦ ᠲᠠᠢ ᠵᠣᠬᠢᠬᠤ ᠬᠡᠮᠵᠢᠶᠡᠨ ᠤ ᠬᠤᠯᠪᠣᠭ᠎ᠠ ᠲᠠᠢ ᠪᠠᠶᠢᠳᠠᠭ᠃      7. ᠢᠳᠡᠭᠡᠨ ᠤᠮᠳᠠᠭᠠᠨ ᠢᠳᠡᠵᠦ ᠤᠤᠭᠤᠬᠤ ᠡᠷᠡᠭᠦᠯ ᠪᠤᠰᠤ ᠳᠠᠳᠬᠠᠯ ᠨᠢ ᠥᠮᠡᠨ ᠡᠭᠦᠰᠭᠡᠳᠡᠭ      ᠵᠠᠷᠢᠮ ᠬᠥᠮᠦᠨ ᠶᠠᠭᠤᠮ᠎ᠠ ᠢᠳᠡᠬᠦ ᠳᠡᠭᠡᠨ ᠪᠦᠬᠦᠯᠢ ᠬᠠᠭ᠋ᠤᠯᠢ ᠪᠠᠷ ᠨᠢ ᠵᠠᠯᠭᠢᠵᠤ᠂ ᠬᠡᠲᠦᠷᠡᠲᠡᠯ᠎ᠡ ᠢᠳᠡᠵᠦ ᠤᠤᠭᠤᠵᠤ᠂ ᠰᠠᠶᠢᠳᠤᠷ ᠵᠠᠵᠢᠯᠵᠤ ᠤᠳᠠᠭᠠᠨ ᠵᠠᠯᠭᠢᠳᠠᠭ ᠦᠭᠡᠢ᠂ ᠢᠳᠡᠭᠡᠨ ᠤᠮᠳᠠᠭᠠᠨ ᠢᠳᠡᠵᠦ ᠤᠤᠭᠤᠬᠤ ᠨᠢ ᠵᠢᠮ᠎ᠡ ᠬᠠᠤᠯᠢ ᠦᠭᠡᠢ᠂ ᠭᠤᠷᠪᠠᠨ ᠡᠷᠡᠨ ᠤ ᠬᠤᠭᠤᠯᠠ ᠪᠠᠨ ᠲᠤᠬᠳᠠᠬᠰᠠᠨ ᠴᠠᠭ ᠲᠠᠭᠠᠨ ᠢᠳᠡᠬᠦ ᠦᠭᠡᠢ᠂ ᠬᠠᠶᠠ ᠦᠯᠦᠰᠬᠦᠯᠡᠩ ᠬᠠᠶᠠ ᠴᠠᠳᠬᠤᠯᠠᠩ᠂ ᠬᠤᠭᠤᠯᠠ ᠢᠳᠡᠪᠡᠯ ᠭᠡᠳᠦᠷᠡᠳᠡᠯ᠎ᠡ ᠢᠳᠡᠳᠡᠭ᠂ ᠲᠡᠶᠢᠨ ᠬᠦ ᠤᠯᠠᠭᠠᠨ ᠬᠤᠭᠤᠯᠠᠢ ᠪᠠ ᠬᠤᠳᠣᠭᠤᠳᠣ ᠨᠢ ᠤᠷᠲᠤ ᠬᠤᠭᠤᠴᠠᠭ᠎ᠠ ᠪᠠᠷ ᠲᠠᠷᠴᠢᠯᠠᠭᠠᠭᠳᠠᠳᠠᠭ ᠢᠶᠠᠷ ᠢᠶᠠᠨ ᠠᠳᠠᠯᠢᠬᠠᠨ ᠥᠮᠡᠨ ᠳᠤ ᠨᠡᠷᠪᠡᠭᠳᠡᠬᠦ ᠨᠤᠷᠮ᠎ᠠ ᠨᠢ ᠨᠡᠩ ᠥᠨᠳᠥᠷ ᠪᠠᠶᠢᠳᠠᠭ᠃ ᠵᠠᠷᠢᠮ ᠬᠥᠮᠦᠨ ᠨᠢ ᠬᠤᠭᠤᠯᠠ ᠭᠤᠯᠣᠳᠠᠭ ᠠᠴᠠ ᠰᠢᠮ᠎ᠡ ᠲᠡᠵᠢᠭᠡᠯ ᠨᠢ ᠲᠡᠩᠴᠡᠭᠦᠷᠢ ᠥᠬᠡᠶ ᠪᠤᠯᠵᠤ᠂ ᠰᠢᠮ᠎ᠡ ᠲᠡᠵᠢᠭᠡᠯ ᠨᠢ ᠬᠦᠷᠦᠯᠴᠡᠬᠦ ᠥᠬᠡᠶ ᠪᠤᠶᠤ ᠢᠯᠡᠭᠦᠳᠡᠵᠦ᠂ ᠢᠳᠡᠵᠦ ᠤᠤᠭᠤᠬᠤ ᠪᠠᠨ ᠵᠤᠬᠢᠰᠳᠠᠢ ᠲᠣᠬᠢᠷᠠᠭᠤᠯᠬᠤ ᠥᠬᠡᠶ ᠪᠠᠶᠢᠳᠠᠭ ᠪᠤᠯᠬᠤᠷ ᠥᠮᠡᠨ ᠳᠤ  ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠵᠦ ᠮᠡᠳᠡᠨ᠎ᠡ᠃ ᠪᠠᠰᠠ ᠵᠠᠷᠢᠮ ᠬᠥᠮᠦᠨ ᠨᠢ ᠰᠢᠬᠢᠷ ᠶᠡᠬᠡᠳᠡᠢ ᠪᠠ ᠥᠨᠳᠥᠷ ᠡᠨᠧᠷᠭᠢᠲᠦ ᠢᠳᠡᠭᠡᠨ ᠤᠮᠳᠠᠭᠠᠨ ᠢᠳᠡᠬᠦ ᠲᠤᠷᠠᠳᠠᠢ ᠪᠠᠶᠢᠳᠠᠭ ᠠᠴᠠ ᠪᠡᠶ᠎ᠡ ᠶᠢᠨ ᠬᠦᠨᠳᠦ ᠨᠢ ᠪᠠᠷᠢᠮᠵᠢᠶ᠎ᠠ ᠠᠴᠠ ᠬᠡᠲᠦᠷᠡᠳᠡᠯ᠎ᠡ ᠮᠠᠷᠢᠶᠠᠯᠠᠳᠠᠭ᠂ ᠡᠶᠢᠮᠦ ᠪᠠᠶᠢᠳᠠᠯ ᠨᠢ ᠮᠦᠨ ᠠᠳᠠᠯᠢᠬᠠᠨ ᠥᠮᠡᠨ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠳᠡᠭ᠃ 
ᠢᠷᠡᠯᠲᠡ᠄ ᠠᠷᠠᠳ ᠤᠨ ᠮᠣᠩᠭᠤᠯ ᠰᠦᠯᠵᠢᠶ᠎ᠡ