ᠬᠠᠷ᠎ᠠ ᠮᠢᠬᠠᠨ ᠬᠠᠨᠳᠠ ᠲᠠᠢ ᠭᠠᠭ᠋ᠠᠢ ᠶᠢᠨ ᠮᠢᠬ᠎ᠠ ᠶᠢ ᠢᠯᠭᠠᠬᠤ ᠠᠷᠭ᠎ᠠ
ᠨᠡᠶᠢᠲᠡᠯᠡᠭᠰᠡᠨ ᠴᠠᠭ᠄
2024/3/11
      ᠬᠠᠷ᠎ᠠ ᠮᠢᠬᠠᠨ ᠬᠠᠨᠳᠠ ᠲᠠᠢ ᠭᠠᠭ᠋ᠠᠢ ᠶᠢᠨ ᠮᠢᠬ᠎ᠠ ᠪᠣᠯᠣᠨ ᠡᠩ ᠤᠨ ᠭᠠᠭ᠋ᠠᠢ ᠶᠢᠨ ᠮᠢᠬ᠎ᠠ ᠶᠠᠮᠠᠷ ᠶᠠᠮᠠᠷ ᠢᠯᠭᠠᠭ᠎ᠠ ᠲᠠᠢ ᠪᠤᠢ︖ ᠭᠤᠣᠯᠳᠠᠭᠤ ᠳᠣᠣᠷᠠᠬᠢ ᠬᠡᠳᠦᠨ ᠲᠠᠯ᠎ᠠ ᠠᠴᠠ ᠦᠵᠡᠵᠦ ᠪᠤᠯᠤᠨ᠎ᠠ᠄       ᠨᠢᠭᠡ ᠳᠤ ᠦᠵᠡᠬᠦ᠄ ᠭᠠᠭ᠋ᠠᠢ ᠶᠢᠨ ᠥᠭᠡᠬᠦ ︵ᠭᠠᠭ᠋ᠠᠢ ᠶᠢᠨ ᠲᠣᠰᠣ︶ ᠶᠢ ᠦᠵᠡᠨ᠎ᠡ᠃ ᠶᠡᠷᠦ ᠳᠡᠭᠡᠨ ᠬᠠᠷ᠎ᠠ ᠮᠢᠬᠠᠨ ᠤ ᠬᠠᠨᠳᠠ ᠠᠭᠤᠯᠤᠭᠰᠠᠨ ᠭᠠᠭ᠋ᠠᠢ ᠶᠢᠨ ᠮᠢᠬᠠᠨ ᠤ ᠥᠩᠭᠡ ᠨᠢ ᠣᠨᠴᠠᠭᠠᠶ ᠰᠣᠷᠭᠤᠭ ᠪᠠᠶᠢᠳᠠᠭ︔ ᠭᠠᠭ᠋ᠠᠢ ︽ᠡᠮ︾ ᠢᠳᠡᠭᠡᠳ ᠪᠤᠶᠢᠵᠢᠭᠰᠠᠨ ᠤ ᠳᠠᠷᠠᠭ᠎ᠠ᠂ ᠲᠡᠭᠦᠨ ᠤ ᠠᠷᠠᠰᠤᠨ ᠤ ᠳᠣᠣᠷᠠᠬᠢ ᠥᠭᠡᠬᠦ ᠶᠢᠨ ᠳᠠᠪᠬᠤᠷᠭ᠎ᠠ ᠨᠢ ᠢᠯᠡᠷᠬᠡᠢ ᠨᠢᠮᠭᠡᠨ ᠪᠠᠶᠢᠵᠤ᠂ ᠶᠡᠷᠦ ᠳᠡᠭᠡᠨ 1 ᠰᠠᠨᠲ᠋ᠢᠮᠧᠳ᠋ᠷ ᠬᠦᠷᠬᠦ ᠦᠭᠡᠢ᠂ ᠬᠤᠶᠠᠷ ᠭᠤᠷᠪᠠᠨ ᠬᠤᠷᠤᠭᠤ ᠥᠷᠭᠡᠨ ᠢᠶᠠᠷ ᠬᠡᠷᠴᠢᠭᠰᠡᠨ ᠭᠠᠭ᠋ᠠᠢ ᠶᠢᠨ ᠮᠢᠬ᠎ᠠ ᠨᠢ ᠨᠡᠯᠢᠶᠡᠳ ᠵᠥᠭᠡᠯᠡᠨ ᠪᠠᠶᠢᠵᠤ᠂ ᠠᠮᠪᠠᠨ ᠳᠤ ᠲᠣᠭᠲᠠᠵᠤ ᠳᠡᠶᠢᠯᠬᠦ ᠦᠭᠡᠢ ᠪᠠᠶᠢᠳᠠᠭ︔ ᠬᠠᠷ᠎ᠠ ᠮᠢᠬ᠎ᠠ ᠪᠣᠯᠣᠨ ᠥᠭᠡᠬᠦ ᠶᠢᠨ ᠬᠤᠭᠤᠷᠣᠨᠳᠤ ᠠᠴᠠ ᠰᠢᠷ᠎ᠠ ᠥᠩᠭᠡ ᠲᠠᠢ ᠰᠢᠩᠭᠡᠨ ᠪᠡᠶᠡᠲᠦ ᠤᠷᠤᠰᠤᠨ ᠭᠠᠷᠴᠤ᠂ ᠥᠭᠡᠬᠦ ᠨᠢ ᠣᠨᠴᠠᠭᠠᠶ ᠨᠢᠮᠭᠡᠨ ᠪᠠᠶᠢᠳᠠᠭ ︽ᠬᠠᠷ᠎ᠠ ᠮᠢᠬᠠᠨ ᠬᠠᠨᠳᠠ︾ ᠲᠠᠢ ᠭᠠᠭ᠋ᠠᠢ ᠶᠢᠨ ᠮᠢᠬᠠᠨ ᠤ ᠥᠭᠡᠵᠡᠭ ᠤᠨ ᠪᠤᠯᠴᠢᠩ ᠨᠢ ᠳᠦᠭᠦᠷᠴᠦ᠂ ᠥᠭᠡᠬᠦᠨ ᠤ ᠳᠠᠪᠬᠤᠷᠭ᠎ᠠ ᠨᠢ ᠮᠠᠰᠢ ᠨᠢᠮᠭᠡᠨ᠂ ᠬᠤᠶᠠᠷ ᠲᠠᠯ᠎ᠠ ᠶᠢᠨ ᠴᠠᠪᠢ ᠶᠢᠨ ᠥᠭᠡᠬᠦᠨ ᠤ ᠳᠠᠪᠬᠤᠷᠭ᠎ᠠ ᠶᠢᠨ ᠳᠣᠲᠣᠷᠠᠬᠢ ᠬᠢᠯᠭᠠᠰᠤᠨ ᠰᠤᠳᠠᠯ ᠤᠨ ᠲᠠᠷᠬᠠᠯᠲᠠ ᠨᠢ ᠨᠡᠯᠢᠶᠡᠳ ᠨᠢᠭᠲᠠ ᠪᠥᠭᠡᠳ ᠴᠢᠨᠠᠭᠰᠢᠯᠠᠪᠠᠯ ᠴᠢᠰᠤ ᠬᠤᠷᠠᠳᠠᠭ᠃       ᠬᠤᠶᠠᠷ ᠲᠤ ᠪᠠᠶᠢᠴᠠᠭᠠᠬᠤ᠄ ᠬᠠᠷ᠎ᠠ ᠮᠢᠬᠠᠨ ᠤ ᠥᠩᠭᠡ ᠶᠢ ᠠᠵᠢᠭᠯᠠᠨ᠎ᠠ᠃ ︽ᠬᠠᠷ᠎ᠠ ᠮᠢᠬᠠᠨ ᠬᠠᠨᠳᠠ︾ ᠠᠭᠤᠯᠤᠭᠰᠠᠨ ᠭᠠᠭ᠋ᠠᠢ ᠶᠢᠨ ᠮᠢᠬᠠᠨ ᠤ ᠥᠩᠭᠡ ᠨᠢ ᠨᠡᠯᠢᠶᠡᠳ ᠭᠦᠨ᠂ ᠮᠢᠬ᠎ᠠ ᠨᠢ ᠰᠣᠷᠭᠤᠭ᠂ ᠥᠩᠭᠡ ᠨᠢ ᠰᠣᠷᠭᠤᠭ ᠤᠯᠠᠭᠠᠨ᠂ ᠰᠢᠷᠬᠡᠭ ᠨᠢ ᠨᠡᠯᠢᠶᠡᠳ ᠰᠡᠶᠢᠷᠡᠭ᠂ ᠵᠠᠷᠢᠮ ᠳᠠᠭᠠᠨ ᠮᠢᠬᠠᠨ ᠤ ᠦᠩᠭᠡᠨ ᠳᠠᠯ᠎ᠠ ᠲᠡᠭᠡᠷ᠎ᠡ ᠪᠠᠭ᠎ᠠ ᠬᠡᠮᠵᠢᠶᠡᠨ ᠤ ︽ᠬᠥᠯᠥᠰᠦ︾ ᠳᠠᠭᠠᠪᠤᠷᠢᠯᠠᠳᠠᠭ᠃ ᠬᠠᠷᠢᠨ ᠡᠩ ᠤᠨ ᠡᠷᠡᠭᠦᠯ ᠲᠤᠷᠠᠩᠬᠠᠢ ᠭᠠᠭ᠋ᠠᠢ ᠶᠢᠨ ᠮᠢᠬ᠎ᠠ ᠪᠣᠯ ᠭᠦᠢᠬᠡᠨ ᠤᠯᠠᠭᠠᠨ ᠥᠩᠭᠡ ᠲᠠᠢ᠂ ᠮᠢᠬᠠᠨ ᠤ ᠬᠠᠷᠢᠮᠠᠬᠠᠢ ᠴᠢᠨᠠᠷ ᠨᠢ ᠰᠠᠶᠢᠨ᠂ ᠮᠢᠬᠠᠨ ᠤ ᠦᠩᠭᠡᠨ ᠳᠠᠯ᠎ᠠ ᠳᠡᠭᠡᠷ᠎ᠡ ︽ᠬᠥᠯᠥᠰᠦ ᠭᠠᠷᠬᠤ︾ ᠦᠵᠡᠭᠳᠡᠯ ᠪᠠᠶᠢᠬᠤ ᠦᠭᠡᠢ᠃       ᠭᠤᠷᠪᠠ ᠳᠤ ᠬᠡᠮᠵᠢᠬᠦ᠄ pH ᠬᠡᠮᠵᠢᠭᠳᠡᠯ ᠤᠨ ᠲᠤᠷᠰᠢᠯᠲᠠ ᠶᠢᠨ ᠴᠠᠭᠠᠰᠤ ᠪᠠᠷ ᠪᠠᠶᠢᠴᠠᠭᠠᠨ ᠰᠢᠯᠭᠠᠨ᠎ᠠ᠃ ᠡᠩ ᠤᠨ ᠰᠢᠨ᠎ᠡ ᠰᠣᠷᠭᠤᠭ ᠮᠢᠬ᠎ᠠ ᠶᠢᠨ ᠣᠯᠠᠩᠬᠢ ᠨᠢ ᠰᠠᠭᠠᠷᠮᠠᠭ ᠴᠢᠨᠠᠷ ᠪᠠ ᠰᠤᠯᠠ ᠱᠦᠯᠲᠦᠯᠢᠭ ᠴᠢᠨᠠᠷ ᠲᠠᠢ᠂ ᠨᠢᠲᠤᠯᠤᠭᠰᠠᠨ ᠤ ᠳᠠᠷᠠᠭᠠᠬᠢ 1 ᠴᠠᠭ ᠤᠨ pH ᠬᠡᠮᠵᠢᠭᠳᠡᠯ ᠨᠢ 6.2-6.3 ᠪᠣᠯᠣᠨ᠎ᠠ︔ ᠪᠠᠶᠢᠭᠠᠯᠢ ᠶᠢᠨ ᠨᠥᠬᠦᠴᠡᠯ ᠳᠣᠣᠷ᠎ᠠ 6 ᠴᠠᠭ ᠠᠴᠠ ᠳᠡᠭᠡᠭᠰᠢ ᠬᠦᠷᠦᠭᠡᠪᠡᠯ pH ᠬᠡᠮᠵᠢᠭᠳᠡᠯ ᠨᠢ 5.6-6.0 ᠪᠠᠶᠢᠵᠤ᠂ ᠬᠠᠷᠢᠨ ︽ᠬᠠᠷ᠎ᠠ ᠮᠢᠬᠠᠨ ᠬᠠᠨᠳᠠ︾ ᠠᠭᠤᠯᠤᠭᠰᠠᠨ ᠭᠠᠭ᠋ᠠᠢ ᠶᠢᠨ ᠮᠢᠬ᠎ᠠ ᠬᠠᠷᠢᠨ ᠬᠦᠴᠢᠯᠯᠢᠭ ᠴᠢᠨᠠᠷᠲᠠᠢ ᠪᠠᠶᠢᠵᠤ᠂ pH ᠬᠡᠮᠵᠢᠭᠳᠡᠯ ᠨᠢ ᠬᠡᠪ ᠤᠨ ᠬᠡᠪᠴᠢᠶᠡᠨ ᠠᠴᠠ ᠢᠯᠡᠳᠲᠡ ᠪᠠᠭ᠎ᠠ ᠪᠠᠶᠢᠳᠠᠭ᠃       ᠬᠤᠳᠠᠯᠳᠤᠨ ᠠᠪᠬᠤ ᠳᠠᠭᠠᠨ ᠲᠤᠰ ᠭᠠᠭ᠋ᠠᠢ ᠶᠢᠨ ᠮᠢᠬᠠᠨ ᠳᠤ ᠬᠢᠵᠢᠭ ᠤᠨ ᠪᠠᠶᠢᠴᠠᠭᠠᠯᠲᠠ ᠶᠢᠨ ᠲᠠᠮᠠᠭ᠎ᠠ ᠪᠠ ᠬᠢᠵᠢᠭ ᠤᠨ ᠪᠠᠶᠢᠴᠠᠭᠠᠯᠲᠠ ᠳᠤ ᠬᠢᠷᠢ ᠲᠡᠩᠴᠡᠭᠰᠡᠨ ᠭᠡᠷᠡᠴᠢ ᠪᠠᠶᠢᠬᠤ ᠡᠰᠡᠬᠦ ᠶᠢ ᠵᠠᠪᠠᠯ ᠲᠣᠳᠣᠷᠬᠠᠢ ᠦᠵᠡᠬᠦ ᠬᠡᠷᠡᠭᠲᠡᠢ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ