3 ᠰᠠᠷ᠎ᠠ ᠶᠢᠨ 25 ᠤ ᠦᠳᠡ ᠶᠢᠨ ᠬᠤᠶᠢᠨ᠎ᠠ᠂ ᠤᠯᠤᠰ ᠤᠨ ᠲᠡᠷᠢᠭᠦᠯᠡᠭᠴᠢ ᠰᠢ ᠶᠢᠨ ᠫᠢᠩ ᠠᠷᠠᠳ ᠤᠨ ᠶᠡᠭᠡ ᠬᠤᠷᠠᠯ ᠤᠨ ᠲᠠᠩᠬᠢᠮ ᠳᠤ ᠳᠤᠮᠳᠠᠳᠤ | ᠤᠯᠤᠰ ᠲᠤ ᠠᠯᠪᠠᠨ ᠶᠣᠰᠣᠨ ᠤ ᠠᠶᠢᠯᠴᠢᠯᠠᠯᠲᠠ ᠬᠢᠬᠦ ᠪᠠᠷ ᠢᠷᠡᠭᠰᠡᠨ ᠳ᠋ᠤᠮᠢᠨᠢᠺᠠ ᠶᠢᠨ ᠶᠡᠷᠦᠩᠬᠡᠢ ᠰᠠᠶᠢᠳ ᠰᠺᠸᠢᠢᠯᠢᠲ᠋ᠧ ᠲᠠᠢ ᠠᠭᠤᠯᠵᠠᠪᠠ᠃ | ᠰᠢ ᠶᠢᠨ ᠫᠢᠩ᠂ ᠳ᠋ᠤᠮᠢᠨᠢᠺᠠ ᠪᠣᠯ ᠺᠠᠷᠢᠪᠧ ᠣᠷᠣᠨ ᠤ ᠴᠢᠬᠤᠯᠠ ᠤᠯᠤᠰ ᠮᠥᠨ᠂ ᠪᠠᠰᠠ ᠴᠤ ᠳᠤᠮᠳᠠᠳᠤ ᠤᠯᠤᠰ ᠤᠨ ᠲᠣᠰ ᠭᠠᠵᠠᠷ ᠣᠷᠣᠨ ᠳᠠᠬᠢ | ᠨᠠᠶᠢᠳᠠᠪᠤᠷᠢᠲᠠᠢ ᠰᠠᠶᠢᠨ ᠨᠠᠶᠢᠵᠠ᠂ ᠰᠠᠶᠢᠨ ᠬᠠᠨᠢᠲᠠᠨ ᠮᠥᠨ᠃ ᠬᠠᠷᠢᠯᠴᠠᠭ᠎ᠠ ᠪᠠᠶᠢᠭᠤᠯᠤᠭᠰᠠᠨ 20 ᠵᠢᠯ ᠤᠨ ᠲᠤᠷᠰᠢ᠂ ᠳᠤᠮᠳᠠᠳᠤ ᠳ᠋ᠤᠮᠢᠨᠢᠺᠠ ᠢᠮᠠᠭᠲᠠ ᠬᠠᠷᠢᠯᠴᠠᠨ | ᠭᠦᠨᠳᠦᠳᠭᠡᠵᠦ᠂ ᠡᠷᠬᠡ ᠲᠡᠭᠰᠢ ᠪᠠᠷ ᠬᠠᠨᠳᠤᠯᠴᠠᠵᠤ᠂ ᠤᠯᠤᠰ ᠲᠥᠷᠥ ᠶᠢᠨ ᠢᠲᠡᠭᠡᠯᠴᠡᠭᠡ ᠪᠠᠨ ᠲᠠᠰᠤᠷᠠᠯᠲᠠ ᠦᠭᠡᠢ ᠴᠢᠩᠭᠠᠳᠬᠠᠵᠤ᠂ ᠡᠯ᠎ᠡ ᠬᠦᠷᠢᠶᠡᠨ ᠤ | ᠰᠣᠯᠢᠯᠴᠠᠭ᠎ᠠ ᠬᠠᠮᠲᠤᠷᠠᠯᠴᠠᠭ᠎ᠠ ᠥᠷᠨᠢᠨ ᠬᠥᠭᠵᠢᠵᠦ᠂ ᠠᠷᠠᠳ ᠲᠦᠮᠡᠨ ᠤ ᠨᠥᠬᠦᠷᠯᠡᠯ ᠡᠳᠦᠷ ᠢᠷᠡᠬᠦᠶ᠎ᠡ ᠵᠤᠵᠠᠭᠠᠷᠠᠵᠤ᠂ ᠳᠤᠮᠳᠠᠳᠤ ᠳ᠋ᠤᠮᠢᠨᠢᠺᠠ ᠶᠢᠨ ᠬᠠᠷᠢᠯᠴᠠᠭ᠎ᠠ | ᠨᠢᠭᠡᠨᠲᠡ ᠬᠥᠭᠵᠢᠵᠦ ᠪᠠᠶᠢᠭ᠎ᠠ ᠤᠯᠤᠰ ᠤᠳ ᠤᠨ ᠬᠠᠮᠲᠤᠷᠠᠯᠴᠠᠭᠠᠨ ᠤ ᠥᠯᠢᠭᠡᠷ ᠳᠠᠭᠤᠷᠢᠶᠠᠯ ᠪᠣᠯᠵᠠᠢ᠃ ᠳᠤᠮᠳᠠᠳᠤ ᠤᠯᠤᠰ ᠳ᠋ᠤᠮᠢᠨᠢᠺᠠ ᠶᠢᠨ ᠬᠢᠨ ᠤ ᠳᠤᠮᠳᠠᠳᠤ | ᠤᠯᠤᠰ ᠯᠤᠭ᠎ᠠ ᠢᠮᠠᠭᠲᠠ ᠡᠷᠡᠰ ᠪᠠᠲᠤ ᠨᠥᠭᠦᠷᠰᠡᠭ ᠪᠠᠶᠢᠬᠤ ᠶᠢ ᠳᠡᠭᠡᠳᠦ ᠬᠡᠮᠵᠢᠶ᠎ᠡ ᠪᠠᠷ ᠮᠠᠭᠲᠠᠨ ᠰᠠᠶᠢᠰᠢᠶᠠᠵᠤ᠂ ᠳᠤᠷᠠᠲᠠᠶ᠎ᠠ ᠳ᠋ᠤᠮᠢᠨᠢᠺᠠ ᠶᠢᠨ ᠬᠢᠨ ᠲᠠᠢ ᠬᠠᠮᠲᠤ ᠪᠠᠷ | ᠥᠩᠭᠡᠷᠡᠭᠰᠡᠨ 20 ᠵᠢᠯ ᠤᠨ ᠬᠤᠶᠠᠷ ᠤᠯᠤᠰ ᠤᠨ ᠬᠠᠷᠢᠯᠴᠠᠭᠠᠨ ᠤ ᠬᠥᠭᠵᠢᠯᠲᠡ ᠶᠢᠨ ᠠᠮᠵᠢᠯᠲᠠ ᠲᠠᠢ ᠲᠤᠷᠰᠢᠯᠭ᠎ᠠ ᠶᠢ ᠳ᠋ᠦᠩᠨᠡᠵᠦ᠂ ᠬᠥᠭᠵᠢᠯᠲᠡ ᠶᠢᠨ ᠪᠠᠶᠢᠯᠳᠤᠬᠤ | ᠪᠣᠳᠣᠯᠭ᠎ᠠ ᠶᠢᠨ ᠵᠣᠯᠭᠠᠯᠴᠠᠭ᠎ᠠ ᠪᠠᠨ ᠴᠢᠩᠭᠠᠳᠬᠠᠵᠤ᠂ ᠨᠥᠭᠦᠷᠰᠡᠭ ᠬᠠᠷᠢᠯᠴᠠᠭ᠎ᠠ ᠪᠠᠨ ᠬᠠᠮᠲᠤᠷᠠᠯᠴᠠᠭ᠎ᠠ ᠬᠢᠵᠦ ᠬᠠᠮᠲᠤ ᠪᠠᠷ ᠠᠰᠢᠭ ᠭᠦᠷᠳᠡᠭᠦ ᠬᠥᠳᠡᠯᠭᠡᠬᠦ ᠬᠦᠴᠦᠨ | ᠪᠣᠯᠭᠠᠨ ᠬᠤᠪᠢᠷᠠᠭᠤᠯᠵᠤ᠂ ᠳᠤᠮᠳᠠᠳᠤ ᠳ᠋ᠤᠮᠢᠨᠢᠺᠠ ᠶᠢᠨ ᠬᠠᠷᠢᠯᠴᠠᠭ᠎ᠠ ᠶᠢᠨ ᠨᠡᠩ ᠤᠯᠠᠨ ᠦᠷ᠎ᠡ ᠪᠦᠲᠦᠭᠡᠯ ᠣᠯᠬᠤ ᠶᠢ ᠠᠬᠢᠭᠤᠯᠵᠤ᠂ ᠬᠤᠶᠠᠷ ᠤᠯᠤᠰ ᠤᠨ ᠠᠷᠠᠳ | ᠲᠦᠮᠡᠨ ᠳᠤ ᠨᠡᠩ ᠰᠠᠶᠢᠨ ᠪᠤᠶᠠᠨ ᠦᠢᠯᠡᠳᠦᠨ᠎ᠡ ᠭᠡᠵᠦ ᠵᠢᠭᠠᠵᠤ ᠭᠠᠷᠭᠠᠪᠠ᠃ | ᠰᠢ ᠶᠢᠨ ᠫᠢᠩ᠂ ᠳᠤᠮᠳᠠᠳᠤ ᠳ᠋ᠤᠮᠢᠨᠢᠺᠠ ᠶᠢᠨ ᠬᠠᠷᠢᠯᠴᠠᠭ᠎ᠠ ᠤᠷᠤᠭᠰᠢᠲᠠᠢ ᠬᠥᠭᠵᠢᠵᠦ ᠪᠠᠶᠢᠭ᠎ᠠ ᠶᠢᠨ ᠵᠠᠩᠭᠢᠯᠠᠭ᠎ᠠ ᠨᠢ ᠬᠤᠶᠠᠷ ᠤᠯᠤᠰ ᠢᠶᠠᠷ ᠢᠶᠠᠨ ᠥᠨᠳᠥᠷ | ᠲᠦᠪᠰᠢᠨ ᠪᠦᠬᠦᠢ ᠤᠯᠤᠰ ᠲᠦᠷᠦ ᠶᠢᠨ ᠢᠲᠡᠭᠡᠯᠴᠡᠭᠡ ᠳᠤ ᠪᠠᠶᠢᠵᠤ᠂ ᠲᠤᠰ ᠲᠤᠰ ᠤᠨ ᠭᠤᠣᠯᠯᠠᠭᠴᠢ ᠠᠰᠢᠭ ᠲᠤᠰᠠ ᠪᠣᠯᠣᠨ ᠠᠩᠬᠠᠷᠴᠤ ᠪᠠᠶᠢᠭ᠎ᠠ ᠴᠢᠬᠤᠯᠠ ᠶᠡᠭᠡ | ᠠᠰᠠᠭᠤᠳᠠᠯ ᠤᠨ ᠲᠠᠯ᠎ᠠ ᠪᠠᠷ ᠬᠠᠷᠢᠯᠴᠠᠨ ᠣᠶᠢᠯᠠᠭᠠᠯᠴᠠᠵᠤ᠂ ᠬᠠᠷᠢᠯᠴᠠᠨ ᠳᠡᠮᠵᠢᠬᠦ ᠳᠤ ᠪᠠᠶᠢᠨ᠎ᠠ᠃ ᠳ᠋ᠤᠮᠢᠨᠢᠺᠠ ᠶᠢᠨ ᠠᠷᠠᠳ ᠲᠦᠮᠡᠨ ᠤ ᠲᠤᠰ ᠤᠯᠤᠰ ᠤᠨ ᠢᠶᠠᠨ | ᠪᠠᠶᠢᠳᠠᠯ ᠳᠤ ᠨᠡᠶᠢᠴᠡᠭᠰᠡᠨ ᠬᠥᠭᠵᠢᠯᠲᠡ ᠶᠢᠨ ᠵᠠᠮ ᠢᠶᠠᠷ ᠵᠠᠮᠨᠠᠬᠤ ᠶᠢ ᠳᠤᠮᠳᠠᠳᠤ ᠤᠯᠤᠰ ᠡᠷᠡᠰ ᠳᠡᠮᠵᠢᠵᠦ᠂ ᠳᠤᠷᠠᠲᠠᠶ᠎ᠠ ᠳ᠋ᠤᠮᠢᠨᠢᠺᠠ ᠶᠢᠨ ᠬᠢᠨ ᠯᠤᠭ᠎ᠠ ᠨᠥᠭᠦᠷᠰᠡᠭ | ᠶᠠᠪᠤᠯᠴᠠᠭ᠎ᠠ ᠪᠠᠨ ᠨᠢᠭᠲᠠᠷᠠᠭᠤᠯᠵᠤ᠂ ᠲᠦᠷᠦ ᠶᠢ ᠵᠠᠰᠠᠵᠤ ᠵᠠᠰᠠᠭ ᠢ ᠡᠷᠭᠢᠯᠡᠭᠦ ᠲᠤᠷᠰᠢᠯᠭ᠎ᠠ ᠶᠢᠨ ᠰᠣᠯᠢᠯᠴᠠᠭ᠎ᠠ ᠪᠠᠨ ᠴᠢᠩᠭᠠᠳᠬᠠᠨ᠎ᠠ᠃ ᠳ᠋ᠤᠮᠢᠨᠢᠺᠠ ᠶᠢᠨ ᠬᠢᠨ | ᠳᠤᠮᠳᠠᠳᠤ ᠤᠯᠤᠰ ᠤᠨ ᠮᠠᠶ᠋ᠢᠭ ᠤᠨ ᠣᠳᠣᠬᠢᠴᠢᠯᠠᠯᠲᠠ ᠶᠢᠨ ᠲᠦᠷᠭᠡᠨ ᠲᠡᠷᠭᠡᠨ ᠳᠤ ᠰᠠᠭᠤᠵᠤ᠂ ᠬᠤᠶᠠᠷ ᠤᠯᠤᠰ ᠤᠨ ᠠᠵᠤ ᠠᠬᠤᠢ ᠠᠷᠠᠯᠵᠢᠶ᠎ᠠ᠂ ᠰᠠᠭᠤᠷᠢ | ᠲᠥᠬᠦᠭᠡᠷᠦᠮᠵᠢ ᠶᠢᠨ ᠪᠦᠲᠦᠭᠡᠨ ᠪᠠᠶᠢᠭᠤᠯᠤᠯᠲᠠ᠂ ᠬᠥᠳᠡᠭᠡ ᠠᠵᠤ ᠠᠬᠤᠢ᠂ ᠡᠮ ᠡᠮᠨᠡᠯᠭᠡ ᠡᠷᠡᠭᠦᠯ ᠬᠠᠮᠠᠭᠠᠯᠠᠯ ᠵᠡᠷᠭᠡ ᠬᠦᠷᠢᠶᠡᠨ ᠤ ᠬᠠᠮᠲᠤᠷᠠᠯᠴᠠᠭ᠎ᠠ ᠪᠠᠨ | ᠥᠷᠭᠡᠳᠬᠡᠬᠦ ᠶᠢ ᠪᠠᠶᠠᠷᠯᠠᠨ ᠤᠭᠲᠤᠵᠤ ᠪᠠᠶᠢᠨ᠎ᠠ᠃ ᠳᠤᠮᠳᠠᠳᠤ ᠤᠯᠤᠰ ᠳᠤᠷᠠᠲᠠᠶ᠎ᠠ ᠳ᠋ᠤᠮᠢᠨᠢᠺᠠ ᠶᠢᠨ ᠠᠵᠤ ᠠᠬᠤᠢ ᠨᠡᠶᠢᠭᠡᠮ ᠤᠨ ᠬᠥᠭᠵᠢᠯᠲᠡ ᠳᠤ ᠴᠢᠳᠠᠯ ᠤᠨ | ᠬᠢᠷᠢ ᠪᠠᠷ ᠢᠶᠠᠨ ᠬᠠᠪᠰᠤᠷᠤᠯᠭ᠎ᠠ ᠦᠵᠡᠭᠦᠯᠦᠨ᠎ᠡ᠃ ᠳᠤᠮᠳᠠᠳᠤ ᠶᠢᠨ ᠬᠢᠨ ᠳᠤᠷᠠᠲᠠᠶ᠎ᠠ ᠳ᠋ᠤᠮᠢᠨᠢᠺᠠ ᠯᠤᠭ᠎ᠠ ᠰᠣᠶᠣᠯ ᠢᠷᠭᠡᠨᠰᠢᠯ ᠤᠨ ᠰᠣᠯᠢᠯᠴᠠᠭ᠎ᠠ ᠪᠠᠨ ᠥᠷᠭᠡᠳᠬᠡᠵᠦ᠂ | ᠨᠡᠩ ᠤᠯᠠᠨ ᠵᠠᠯᠠᠭᠤᠴᠤᠳ ᠳᠤᠮᠳᠠᠳᠤ ᠤᠯᠤᠰ ᠲᠤ ᠢᠷᠡᠵᠤ ᠰᠤᠳᠤᠯᠤᠨ ᠰᠤᠷᠤᠯᠴᠠᠬᠤ ᠶᠢ ᠪᠠᠶᠠᠷᠯᠠᠨ ᠤᠭᠲᠤᠵᠤ᠂ ᠳ᠋ᠤᠮᠢᠨᠢᠺᠠ ᠶᠢᠨ ᠬᠢᠨ ᠳᠤ ᠦᠷᠭᠦᠯᠵᠢᠯᠡᠨ | ᠰᠤᠷᠤᠯᠭ᠎ᠠ ᠶᠢᠨ ᠱᠠᠩᠨᠠᠯ ᠤᠨ ᠮᠥᠩᠭᠦ ᠪᠣᠯᠣᠨ ᠪᠣᠯᠪᠠᠰᠤᠷᠠᠯ ᠬᠦᠷᠲᠡᠭᠡᠬᠦ ᠵᠡᠷᠭᠡ ᠠᠵᠠ ᠲᠣᠭᠢᠶᠠᠯ ᠬᠠᠩᠭᠠᠨ᠎ᠠ᠃ ᠬᠤᠶᠠᠷ ᠲᠠᠯ᠎ᠠ ᠪᠠᠷ ᠢᠶᠠᠨ ᠳ᠋ᠤᠮᠢᠨᠢᠺᠠ ᠤᠯᠤᠰ ᠤᠨ | ᠶᠡᠭᠡ ᠰᠤᠷᠭᠠᠭᠤᠯᠢ ᠶᠢᠨ ᠺᠦᠩᠽᠢ ᠶᠢᠨ ᠬᠢᠴᠢᠶᠡᠯ ᠤᠨ ᠲᠠᠩᠬᠢᠮ ᠢ ᠬᠠᠮᠲᠤ ᠪᠠᠷ ᠰᠠᠶᠢᠲᠤᠷ ᠪᠦᠲᠦᠭᠡᠨ ᠪᠠᠶᠢᠭᠤᠯᠵᠤ᠂ ᠠᠵᠢᠯ ᠮᠡᠷᠭᠡᠵᠢᠯ ᠤᠨ ᠪᠣᠯᠪᠠᠰᠤᠷᠠᠯ ᠤᠨ | ᠬᠠᠮᠲᠤᠷᠠᠯᠴᠠᠭ᠎ᠠ ᠶᠢ ᠢᠯᠡᠭᠦᠬᠡᠨ ᠥᠷᠨᠢᠭᠦᠯᠬᠦ ᠲᠤᠬᠠᠢ ᠰᠤᠳᠤᠯᠤᠨ ᠶᠠᠷᠢᠯᠴᠠᠶ᠎ᠠ ᠭᠡᠵᠦ ᠴᠢᠬᠤᠯᠠᠴᠢᠯᠠᠪᠠ᠃ | ᠰᠢ ᠶᠢᠨ ᠫᠢᠩ᠂ ᠳᠤᠮᠳᠠᠳᠤ ᠤᠯᠤᠰ ᠡᠷᠬᠡ ᠲᠡᠭᠰᠢ ᠡᠮᠬᠢ ᠵᠢᠷᠤᠮ ᠲᠠᠢ ᠳᠡᠯᠡᠬᠡᠢ ᠶᠢᠨ ᠤᠯᠠᠨ ᠲᠤᠶᠢᠯᠵᠢᠯ ᠪᠠ ᠲᠦᠭᠡᠮᠡᠯ ᠬᠠᠷᠠᠭᠠᠯᠵᠠᠯ ᠲᠠᠢ ᠪᠠᠭᠲᠠᠭᠠᠮᠵᠢᠲᠠᠢ | ᠠᠵᠤ ᠠᠬᠤᠢ ᠶᠢᠨ ᠳᠡᠯᠡᠬᠡᠶᠢᠵᠢᠯᠲᠡ ᠶᠢ ᠰᠠᠨᠠᠭᠠᠴᠢᠯᠠᠵᠤ᠂ ᠤᠯᠤᠰ ᠢ ᠶᠡᠭᠡ ᠪᠠᠭ᠎ᠠ᠂ ᠬᠦᠴᠦᠷᠬᠡᠭ ᠪᠠᠭᠤᠷᠠᠢ ᠭᠡᠵᠦ ᠢᠯᠭᠠᠬᠤ ᠦᠭᠡᠢ᠂ ᠴᠥᠮ ᠳᠡᠯᠡᠬᠡᠢ ᠨᠡᠶᠢᠭᠡᠮ ᠤᠨ | ᠡᠷᠬᠡ ᠲᠡᠭᠰᠢ ᠪᠦᠷᠢᠯᠳᠦᠭᠦᠨ ᠪᠤᠯᠬᠤ ᠶᠢ ᠰᠠᠨᠠᠭᠠᠴᠢᠯᠠᠨ᠎ᠠ᠃ ᠳᠤᠮᠳᠠᠳᠤ ᠤᠯᠤᠰ ᠵᠢᠵᠢᠭ ᠠᠷᠠᠯᠲᠤ ᠬᠥᠭᠵᠢᠵᠦ ᠪᠠᠶᠢᠭ᠎ᠠ ᠤᠯᠤᠰ ᠤᠳ ᠤᠨ ᠠᠭᠤᠷ ᠠᠮᠢᠰᠬᠤᠯ ᠤᠨ | ᠬᠤᠪᠢᠷᠠᠯᠲᠠ ᠶᠢᠨ ᠬᠦᠷᠢᠶᠡᠨ ᠳᠠᠬᠢ ᠠᠩᠬᠠᠷᠤᠯ ᠪᠠ ᠬᠦᠰᠡᠯ ᠱᠠᠭᠠᠷᠳᠠᠯᠭ᠎ᠠ ᠶᠢ ᠴᠢᠬᠤᠯᠠᠴᠢᠯᠠᠵᠤ᠂ ᠳ᠋ᠤᠮᠢᠨᠢᠺᠠ ᠶᠢᠨ ᠳᠡᠯᠡᠬᠡᠢ ᠶᠢᠨ ᠪᠠ ᠭᠠᠵᠠᠷ ᠣᠷᠣᠨ ᠤ ᠬᠡᠷᠡᠭ | ᠶᠠᠪᠤᠳᠠᠯ ᠳᠤᠮᠳᠠ ᠢᠳᠡᠪᠬᠢᠲᠡᠢ ᠦᠢᠯᠡᠳᠦᠯ ᠦᠵᠡᠭᠦᠯᠭᠦ ᠶᠢ ᠳᠡᠮᠵᠢᠵᠦ᠂ ᠳᠤᠷᠠᠲᠠᠶ᠎ᠠ ᠳ᠋ᠤᠮᠢᠨᠢᠺᠠ ᠶᠢᠨ ᠬᠢᠨ ᠲᠠᠢ ᠵᠣᠬᠢᠴᠠᠭᠤᠯᠭ᠎ᠠ ᠬᠠᠮᠵᠢᠯᠴᠠᠭ᠎ᠠ ᠪᠠᠨ ᠴᠢᠩᠭᠠᠳᠬᠠᠵᠤ᠂ | ᠡᠮᠦᠨᠡᠲᠦ ᠡᠮᠦᠨᠡᠲᠦ ᠶᠢᠨ ᠬᠠᠮᠲᠤᠷᠠᠯᠴᠠᠭ᠎ᠠ ᠶᠢ ᠭᠦᠨᠵᠡᠭᠡᠶᠢᠷᠡᠭᠦᠯᠵᠦ᠂ ᠬᠥᠭᠵᠢᠵᠦ ᠪᠠᠶᠢᠭ᠎ᠠ ᠤᠯᠤᠰ ᠤᠳ ᠤᠨ ᠬᠠᠮᠲᠤ ᠶᠢᠨ ᠠᠰᠢᠭ ᠲᠤᠰᠠ ᠶᠢ ᠬᠠᠮᠠᠭᠠᠯᠠᠵᠤ᠂ ᠬᠥᠮᠥᠨ | ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢᠨ ᠪᠠᠶᠢᠭᠤᠯᠤᠯᠲᠠ ᠶᠢ ᠠᠬᠢᠭᠤᠯᠤᠨ᠎ᠠ᠃ ᠳᠤᠮᠳᠠᠳᠤ ᠤᠯᠤᠰ ᠺᠠᠷᠢᠪᠧ ᠶᠢᠨ ᠤᠯᠤᠰ ᠤᠳ ᠯᠤᠭ᠎ᠠ ᠶᠢᠨ | ᠬᠠᠷᠢᠯᠴᠠᠭ᠎ᠠ ᠶᠢ ᠳᠡᠭᠡᠳᠦ ᠬᠡᠮᠵᠢᠶ᠎ᠡ ᠪᠠᠷ ᠴᠢᠬᠤᠯᠠᠴᠢᠯᠠᠵᠤ᠂ ᠳ᠋ᠤᠮᠢᠨᠢᠺᠠ ᠶᠢᠨ ᠬᠢᠨ ᠤ ᠺᠠᠷᠢᠪᠧ ᠶᠢᠨ ᠬᠠᠮᠲᠤ ᠶᠢᠨ ᠴᠣᠭᠴᠠ ᠶᠢᠨ ᠵᠢᠵᠢᠭᠦᠷ ᠲᠡᠷᠢᠭᠦᠯᠡᠭᠴᠢ ᠶᠢᠨ | ᠲᠤᠰᠢᠶᠠᠯ ᠢ ᠡᠭᠦᠷᠭᠡᠯᠡᠵᠦ ᠪᠠᠶᠢᠭᠰᠠᠨ ᠬᠤᠭᠤᠴᠠᠭᠠᠨ ᠳᠤ ᠳᠤᠮᠳᠠᠳᠤ ᠺᠠᠷᠢᠪᠧ ᠶᠢᠨ ᠬᠠᠮᠲᠤᠷᠠᠯᠴᠠᠭ᠎ᠠ ᠶᠢ ᠠᠬᠢᠭᠤᠯᠬᠤ ᠳᠤ ᠴᠢᠬᠤᠯᠠ ᠦᠢᠯᠡᠳᠦᠯ ᠦᠵᠡᠭᠦᠯᠦᠭᠰᠡᠨ ᠢ | ᠮᠠᠭᠲᠠᠨ ᠰᠠᠶᠢᠰᠢᠶᠠᠵᠤ᠂ ᠳᠤᠷᠠᠲᠠᠶ᠎ᠠ ᠺᠠᠷᠢᠪᠧ ᠶᠢᠨ ᠭᠠᠵᠠᠷ ᠣᠷᠣᠨ ᠤ ᠤᠯᠤᠰ ᠤᠳ ᠤᠨ ᠤᠯᠤᠰ ᠤᠨ ᠢᠶᠠᠨ ᠬᠥᠭᠵᠢᠯ ᠴᠡᠴᠡᠭᠯᠡᠯ ᠢ ᠡᠷᠢᠯᠬᠢᠯᠡᠬᠦ᠂ ᠠᠷᠠᠳ ᠣᠯᠠᠨ ᠤ | ᠪᠤᠶᠠᠨ ᠵᠢᠷᠭᠠᠯ ᠢ ᠨᠡᠮᠡᠭᠳᠡᠭᠦᠯᠬᠦ ᠶᠢ ᠦᠷᠭᠦᠯᠵᠢᠯᠡᠨ ᠳᠡᠮᠵᠢᠨ᠎ᠡ ᠭᠡᠵᠦ ᠴᠢᠬᠤᠯᠠᠴᠢᠯᠠᠪᠠ᠃ | ᠰᠺᠸᠢᠢᠯᠢᠲ᠋ᠧ᠂ 20 ᠵᠢᠯ ᠤᠨ ᠡᠮᠦᠨ᠎ᠡ ᠪᠢ ᠳᠤᠮᠳᠠᠳᠤ ᠤᠯᠤᠰ ᠯᠤᠭ᠎ᠠ ᠭᠠᠳᠠᠭᠠᠳᠤ ᠬᠠᠷᠢᠯᠴᠠᠭ᠎ᠠ ᠪᠠᠶᠢᠭᠤᠯᠬᠤ ᠵᠥᠪ ᠰᠢᠢᠳᠪᠦᠷᠢᠲᠦ ᠪᠣᠳᠣᠯᠭ᠎ᠠ ᠭᠠᠷᠭᠠᠵᠤ᠂ | ᠳ᠋ᠤᠮᠢᠨᠢᠺᠠ ᠳᠤᠮᠳᠠᠳᠤ ᠶᠢᠨ ᠬᠠᠷᠢᠯᠴᠠᠭ᠎ᠠ ᠪᠠᠶᠢᠭᠤᠯᠤᠭᠰᠠᠨ 20 ᠵᠢᠯ ᠤᠨ ᠤᠢ ᠶᠢ ᠪᠡᠯᠭᠡᠯᠡᠬᠦ ᠲᠠᠰᠢᠷᠠᠮ ᠢᠶᠠᠷ ᠳᠤᠮᠳᠠᠳᠤ ᠤᠯᠤᠰ ᠲᠤ ᠳᠠᠬᠢᠨᠲᠠ | ᠠᠶᠢᠯᠴᠢᠯᠠᠬᠰᠠᠨ ᠳᠠᠭᠠᠨ ᠮᠠᠰᠢ ᠪᠠᠶᠠᠷ ᠲᠠᠢ ᠪᠠᠶᠢᠨ᠎ᠠ᠃ ᠳ᠋ᠤᠮᠢᠨᠢᠺᠠ ᠳᠤᠮᠳᠠᠳᠤ ᠶᠢᠨ ᠬᠠᠷᠢᠯᠴᠠᠭ᠎ᠠ ᠬᠠᠷᠢᠯᠴᠠᠨ ᠢᠲᠡᠭᠡᠯᠴᠡᠬᠦ᠂ ᠬᠠᠷᠢᠯᠴᠠᠨ ᠬᠦᠨᠳᠦᠳᠬᠡᠬᠦ᠂ ᠬᠠᠷᠢᠯᠴᠠᠨ | ᠳᠡᠮᠵᠢᠬᠦ ᠳᠤ ᠰᠠᠭᠤᠷᠢᠯᠠᠪᠠ᠃ 20 ᠵᠢᠯ ᠤᠨ ᠲᠤᠷᠰᠢ ᠳ᠋ᠤᠮᠢᠨᠢᠺᠠ ᠳᠤᠮᠳᠠᠳᠤ ᠶᠢᠨ ᠬᠠᠷᠢᠯᠴᠠᠭᠠᠨ ᠤ ᠠᠭᠤᠯᠤᠭᠳᠠᠬᠤᠨ ᠳᠠᠰᠤᠷᠠᠯᠳᠠ ᠦᠭᠡᠢ ᠪᠠᠶᠠᠯᠢᠭᠵᠢᠵᠤ᠂ ᠡᠯᠪᠡᠭ | ᠪᠠᠶᠠᠯᠢᠭ ᠦᠷ᠎ᠡ ᠪᠦᠲᠦᠭᠡᠯ ᠣᠯᠪᠠ᠃ ᠳᠤᠮᠳᠠᠳᠤ ᠤᠯᠤᠰ ᠠᠭᠤᠤ ᠶᠡᠭᠡ ᠤᠯᠤᠰ ᠪᠣᠯᠤᠭᠰᠠᠨ ᠤ ᠬᠤᠪᠢ ᠳᠤ᠂ ᠶᠠᠳᠠᠭᠤ ᠶᠢ ᠲᠡᠳᠬᠦᠬᠦ᠂ ᠬᠥᠭᠵᠢᠯᠲᠡ ᠵᠡᠷᠭᠡ | ᠬᠦᠷᠢᠶᠡᠨ ᠳᠤ ᠳᠡᠯᠡᠬᠡᠢ ᠳ᠋ᠠᠬᠢᠨ ᠤ ᠠᠩᠬᠠᠷᠤᠯ ᠢ ᠲᠠᠲᠠᠭᠰᠠᠨ ᠠᠮᠵᠢᠯᠲᠠ ᠪᠦᠲᠦᠮᠵᠢ ᠣᠯᠣᠭᠰᠠᠨ ᠢᠶᠠᠷ ᠪᠠᠷᠠᠬᠤ ᠦᠭᠡᠢ ᠳ᠋ᠤᠮᠢᠨᠢᠺᠠ ᠵᠡᠷᠭᠡ ᠯᠠᠲ᠋ᠢᠨ ᠠᠮᠧᠷᠢᠺᠠ ᠲᠢᠪ ᠤᠨ | ᠤᠯᠤᠰ ᠤᠳ ᠪᠠ ᠳᠡᠯᠡᠬᠡᠢ ᠶᠢᠨ ᠡᠩᠬᠡ ᠲᠠᠶᠢᠪᠤᠩ ᠬᠢᠭᠡᠳ ᠬᠥᠭᠵᠢᠯᠲᠡ ᠳᠤ ᠴᠢᠬᠤᠯᠠ ᠬᠤᠪᠢ ᠨᠡᠮᠡᠷᠢ ᠦᠵᠡᠭᠦᠯᠦᠭᠰᠡᠨ ᠪᠠᠶᠢᠨ᠎ᠠ᠃ ᠳ᠋ᠤᠮᠢᠨᠢᠺᠠ ᠶᠢᠨ ᠠᠷᠠᠳ ᠲᠦᠮᠡᠨ | ᠪᠠᠶᠢᠭᠠᠯᠢ ᠶᠢᠨ ᠭᠠᠮᠰᠢᠭ ᠪᠣᠯᠣᠨ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠳᠤ ᠲᠤᠯᠭᠠᠷᠠᠭᠰᠠᠨ ᠦᠶ᠎ᠡ ᠳᠤ ᠳ᠋ᠤᠮᠢᠨᠢᠺᠠ ᠶᠢᠨ ᠠᠷᠠᠳ | ᠲᠦᠮᠡᠨ ᠲᠠᠢ ᠳᠤᠮᠳᠠᠳᠤ ᠤᠯᠤᠰ ᠭᠤᠶᠢᠪᠢᠰᠢ ᠦᠭᠡᠢ ᠬᠠᠮᠲᠤ ᠵᠣᠭᠰᠣᠵᠤ᠂ ᠲᠡᠷᠡ ᠳᠠᠷᠤᠢ ᠳᠤᠨᠢ ᠡᠷᠬᠢᠮ ᠨᠠᠨᠳᠢᠨ ᠬᠠᠪᠰᠤᠷᠤᠯᠭ᠎ᠠ ᠳᠡᠮᠵᠢᠯᠭᠡ ᠦᠵᠡᠭᠦᠯᠦᠭᠰᠡᠨ ᠳᠤ | ᠲᠠᠯᠠᠷᠬᠠᠵᠤ ᠪᠠᠶᠢᠨ᠎ᠠ᠃ ᠳᠤᠮᠳᠠᠳᠤ ᠤᠯᠤᠰ ᠤᠨ ᠳᠡᠮᠵᠢᠯᠭᠡ ᠪᠣᠯᠣᠨ ᠬᠠᠮᠲᠤᠷᠠᠯᠴᠠᠭ᠎ᠠ ᠳ᠋ᠤᠮᠢᠨᠢᠺᠠ ᠶᠢᠨ ᠭᠠᠵᠠᠷ ᠪᠣᠯᠭᠠᠨ ᠳᠤ ᠬᠠᠷᠠᠭᠳᠠᠵᠤ᠂ ᠳ᠋ᠤᠮᠢᠨᠢᠺᠠ ᠶᠢᠨ ᠲᠤᠰ | ᠤᠯᠤᠰ ᠤᠨ ᠢᠶᠠᠨ ᠲᠤᠰᠠᠭᠠᠷ ᠲᠣᠭᠲᠠᠨᠢᠯ ᠪᠣᠯᠣᠨ ᠬᠥᠭᠵᠢᠯᠲᠡ ᠶᠢ ᠬᠠᠮᠠᠭᠠᠯᠠᠬᠤ ᠳᠤ ᠲᠤᠶᠢᠯ ᠤᠨ ᠶᠡᠭᠡ ᠬᠦᠴᠦᠨ ᠨᠡᠮᠡᠷᠢᠯᠡᠭᠰᠡᠨ ᠪᠠᠶᠢᠨ᠎ᠠ᠃ ᠳ᠋ᠤᠮᠢᠨᠢᠺᠠ ᠶᠢᠨ ᠬᠢᠨ | ᠲᠡᠷᠢᠭᠦᠯᠡᠭᠴᠢ ᠰᠢ ᠶᠢᠨ ᠫᠢᠩ ᠤᠨ ᠳᠤᠷᠠᠳᠤᠭᠰᠠᠨ ᠬᠥᠮᠥᠨ ᠲᠥᠷᠥᠯᠬᠢᠲᠡᠨ ᠤ ᠬᠤᠪᠢ ᠵᠠᠶᠠᠭᠠᠨ ᠤ ᠬᠠᠮᠲᠤ ᠶᠢᠨ ᠴᠣᠭᠴᠠ ᠶᠢ ᠪᠠᠶᠢᠭᠤᠯᠬᠤ ᠣᠶᠢᠯᠠᠭᠠᠭᠳᠠᠬᠤᠨ | ᠪᠣᠯᠣᠨ ᠪᠦᠭᠦ ᠪᠥᠮᠪᠥᠷᠴᠡᠭ ᠤᠨ ᠰᠢᠷᠢᠰ ᠰᠠᠨᠠᠭᠠᠴᠢᠯᠠᠭ᠎ᠠ ᠶᠢ ᠳᠡᠭᠡᠳᠦ ᠬᠡᠮᠵᠢᠶ᠎ᠡ ᠪᠠᠷ ᠮᠠᠭᠲᠠᠨ ᠰᠠᠶᠢᠰᠢᠶᠠᠵᠤ ᠪᠠᠶᠢᠬᠤ ᠪᠥᠭᠡᠳ ᠪᠢᠰᠢᠷᠡᠵᠦ ᠪᠠᠶᠢᠨ᠎ᠠ᠂ ᠡᠨᠡ ᠨᠢ | ᠣᠳᠣᠬᠠᠨ ᠤ ᠳᠡᠯᠡᠬᠡᠢ ᠶᠢᠷᠲᠢᠨᠴᠦ ᠶᠢᠨ ᠪᠦᠯᠬᠦᠮᠳᠡᠯ ᠬᠠᠮᠲᠤᠷᠠᠯᠴᠠᠭ᠎ᠠ ᠪᠠᠨ ᠴᠢᠩᠭᠠᠳᠬᠠᠬᠤ᠂ ᠬᠥᠭᠵᠢᠯ ᠴᠡᠴᠡᠭᠯᠡᠯ ᠢ ᠬᠠᠮᠲᠤ ᠪᠠᠷ ᠠᠬᠢᠭᠤᠯᠬᠤ ᠳᠤ ᠲᠤᠶᠢᠯ ᠤᠨ | ᠴᠢᠬᠤᠯᠠ ᠶᠤᠮ᠃ ᠳ᠋ᠤᠮᠢᠨᠢᠺᠠ ᠶᠢᠨ ᠬᠢᠨ ᠨᠢᠭᠡ ᠳᠤᠮᠳᠠᠳᠤ ᠤᠯᠤᠰ ᠪᠠᠶᠢᠬᠤ ᠵᠠᠷᠴᠢᠮ ᠢ ᠭᠤᠶᠢᠪᠢᠰᠢ ᠦᠭᠡᠢ ᠵᠢᠷᠤᠮᠯᠠᠵᠤ᠂ ᠳᠤᠮᠳᠠᠳᠤ ᠤᠯᠤᠰ ᠤᠨ ᠪᠦᠷᠢᠮᠦᠰᠦᠨ | ᠨᠢᠭᠡᠳᠦᠭᠰᠡᠨ ᠰᠢᠳᠤᠷᠭᠤ ᠶᠣᠰᠣᠨ ᠤ ᠦᠢᠯᠡᠰ ᠢ ᠪᠡᠶᠡᠯᠡᠭᠦᠯᠬᠦ ᠶᠢ ᠳᠡᠮᠵᠢᠵᠦ᠂ ᠳᠤᠮᠳᠠᠳᠤ ᠤᠯᠤᠰ ᠤᠨ ᠳᠣᠲᠣᠭᠠᠳᠤ ᠶᠠᠪᠤᠳᠠᠯ ᠳᠤ ᠭᠠᠷ ᠲᠦᠷᠦᠭᠦ ᠠᠯᠢᠪᠠ | ᠠᠵᠢᠯᠯᠠᠭ᠎ᠠ ᠶᠢ ᠡᠰᠡᠷᠭᠦᠴᠡᠨ᠎ᠡ᠃ ᠳ᠋ᠤᠮᠢᠨᠢᠺᠠ ᠶᠢᠨ ᠬᠢᠨ ᠳᠤᠷᠠᠲᠠᠶ᠎ᠠ ᠳᠤᠮᠳᠠᠳᠤ ᠤᠯᠤᠰ ᠯᠤᠭ᠎ᠠ ᠪᠠᠶᠢᠯᠳᠤᠬᠤ ᠪᠣᠳᠣᠯᠭ᠎ᠠ ᠶᠢᠨ ᠣᠯᠣᠯᠴᠠᠭ᠎ᠠ ᠪᠠᠨ ᠴᠢᠩᠭᠠᠳᠬᠠᠵᠤ᠂ | ᠠᠷᠠᠳ ᠲᠦᠮᠡᠨ ᠤ ᠨᠥᠬᠦᠷᠯᠡᠯ ᠢᠶᠠᠨ ᠭᠦᠨᠵᠡᠭᠡᠶᠢᠷᠡᠭᠦᠯᠵᠦ᠂ ᠪᠦᠭᠦ ᠲᠠᠯ᠎ᠠ ᠶᠢᠨ ᠬᠠᠮᠲᠤᠷᠠᠯᠴᠠᠭ᠎ᠠ ᠪᠠᠨ ᠴᠢᠩᠭᠠᠳᠬᠠᠵᠤ᠂ ᠳ᠋ᠤᠮᠢᠨᠢᠺᠠ ᠳᠤᠮᠳᠠᠳᠤ ᠶᠢᠨ ᠬᠠᠷᠢᠯᠴᠠᠭ᠎ᠠ ᠶᠢ | ᠨᠡᠩ ᠥᠨᠳᠥᠷ ᠲᠦᠪᠰᠢᠨ ᠳᠤ ᠬᠦᠷᠭᠡᠨ᠎ᠡ᠃ ᠳ᠋ᠤᠮᠢᠨᠢᠺᠠ ᠶᠢᠨ ᠬᠢᠨ ᠳᠤᠷᠠᠲᠠᠶ᠎ᠠ ᠺᠠᠷᠢᠪᠧ ᠶᠢᠨ ᠤᠯᠤᠰ ᠤᠳ ᠤᠨ ᠳᠤᠮᠳᠠᠳᠤ ᠤᠯᠤᠰ ᠯᠤᠭ᠎ᠠ ᠶᠢᠨ ᠬᠠᠷᠢᠯᠴᠠᠭᠠᠨ ᠤ | ᠬᠥᠭᠵᠢᠯᠲᠡ ᠶᠢ ᠠᠬᠢᠭᠤᠯᠬᠤ ᠳᠤ ᠦᠷᠭᠦᠯᠵᠢᠯᠡᠨ ᠢᠳᠡᠪᠬᠢᠲᠡᠢ ᠦᠢᠯᠡᠳᠦᠯ ᠦᠵᠡᠭᠦᠯᠦᠨ᠎ᠡ᠃ ᠳ᠋ᠤᠮᠢᠨᠢᠺᠠ ᠶᠢᠨ ᠬᠢᠨ ᠳᠤᠮᠳᠠᠳᠤ ᠤᠯᠤᠰ ᠯᠤᠭ᠎ᠠ ᠳᠡᠯᠡᠬᠡᠢ ᠶᠢᠨ ᠬᠡᠷᠡᠭ | ᠶᠠᠪᠤᠳᠠᠯ ᠳᠠᠬᠢ ᠣᠯᠣᠯᠴᠠᠭ᠎ᠠ ᠵᠣᠬᠢᠴᠠᠭᠤᠯᠭ᠎ᠠ ᠪᠠᠨ ᠨᠢᠭᠲᠠᠷᠠᠭᠤᠯᠵᠤ᠂ ᠪᠦᠭᠦ ᠪᠥᠮᠪᠥᠷᠴᠡᠭ ᠤᠨ ᠰᠢᠷᠢᠰ ᠰᠠᠨᠠᠭᠠᠴᠢᠯᠠᠭ᠎ᠠ ᠶᠢ ᠢᠳᠡᠪᠬᠢᠲᠡᠢ ᠨᠠᠶᠢᠳᠠᠪᠤᠷᠢᠵᠢᠭᠤᠯᠵᠤ᠂ | ᠳᠡᠯᠡᠬᠡᠢ ᠶᠢᠨ ᠲᠥᠪ ᠭᠤᠣᠯᠴᠢ ᠰᠢᠳᠤᠷᠭᠤ ᠶᠣᠰᠣ ᠶᠢ ᠬᠠᠮᠲᠤ ᠪᠠᠷ ᠬᠠᠮᠠᠭᠠᠯᠠᠵᠤ᠂ ᠳᠡᠯᠡᠬᠡᠢ ᠶᠢᠨ ᠡᠩᠬᠡ ᠲᠠᠶᠢᠪᠤᠩ ᠪᠣᠯᠣᠨ ᠬᠥᠭᠵᠢᠯᠲᠡ ᠶᠢ ᠠᠬᠢᠭᠤᠯᠬᠤ ᠳᠤ | ᠢᠳᠡᠪᠬᠢᠲᠡᠢ ᠬᠤᠪᠢ ᠨᠡᠮᠡᠷᠢ ᠦᠵᠡᠭᠦᠯᠭᠦ ᠶᠢ ᠬᠦᠰᠡᠵᠦ ᠪᠠᠶᠢᠨ᠎ᠠ ᠭᠡᠵᠦ ᠢᠯᠡᠳᠬᠡᠪᠡ᠃ | ᠸᠠᠩ ᠢ ᠠᠭᠤᠯᠵᠠᠯᠲᠠ ᠳᠤ ᠣᠷᠣᠯᠴᠠᠵᠠᠢ᠃ | |