ᠲᠣᠰᠣᠨ ᠤ ᠦᠨ᠎ᠡ ᠥᠰᠴᠦ ᠮᠡᠳᠡᠨ᠎ᠡ︕
ᠨᠡᠶᠢᠲᠡᠯᠡᠭᠰᠡᠨ ᠴᠠᠭ᠄
2024/3/27
        2024 ᠣᠨ ᠤ ᠲᠤᠯᠤᠳᠡᠬᠢ ᠤᠳᠠᠭ᠎ᠠ ᠶᠢᠨ ᠴᠢᠯᠠᠭᠤᠨ ᠲᠣᠰᠣᠨ ᠤ ᠦᠨ᠎ᠡ ᠶᠢᠨ ᠲᠣᠬᠢᠷᠠᠭᠤᠯᠤᠯᠲᠠ ︵4 ᠰᠠᠷ᠎ᠠ ᠶᠢᠨ 1 ᠤ ᠣᠷᠣᠶ︶ ᠡᠬᠢᠯᠡᠬᠦ ᠪᠣᠯᠤᠨ᠎ᠠ᠂ ᠵᠢᠱᠢᠯᠲᠡ ᠪᠠᠷ ᠲᠣᠰ ᠡᠭᠡᠯᠵᠢ ᠶᠢᠨ ᠴᠢᠯᠠᠭᠤᠨ ᠲᠣᠰᠣᠨ ᠤ ᠦᠨ᠎ᠡ ᠶᠡᠭᠡ ᠪᠠᠷ ᠥᠰᠴᠦ᠂ 92 ᠳ᠋ᠤᠭᠠᠷ ᠨᠣᠮᠧᠷᠲᠤ ᠴᠢᠶ᠋ᠢᠦ ᠲᠣᠰᠣ ᠪᠠᠷᠤᠭ ᠯᠢᠲᠷ ᠪᠦᠷᠢ ᠳᠡᠭᠡᠨ 8 ᠲᠥᠭᠦᠷᠢᠭ ᠢ ᠳᠠᠪᠠᠭ᠋ᠤ  ᠪᠣᠯᠤᠨ᠎ᠠ︕  3 ᠰᠠᠷ᠎ᠠ ᠶᠢᠨ 23 ᠤ ᠡᠳᠦᠷ᠂ ᠤᠯᠤᠰ ᠤᠨ ᠳᠣᠲᠣᠭᠠᠳᠤ ᠶᠢᠨ 4 ᠳ᠋ᠤᠭᠡᠷ ᠠᠵᠢᠯᠯᠠᠬᠤ ᠡᠳᠦᠷ ᠲᠤ ᠲᠦᠭᠦᠬᠡᠶ ᠲᠣᠰᠣᠨ ᠤ ᠬᠤᠪᠢᠷᠠᠯᠲᠠ ᠶᠢᠨ 4.12% ᠤᠨ ᠨᠣᠷᠮ᠎ᠠ ᠪᠠᠷ ᠯᠠᠪᠯᠠᠯᠲᠠ ᠪᠣᠯᠭᠠᠪᠠᠯ᠂ ᠵᠢᠱᠢᠯᠳᠡ ᠪᠠᠷ ᠴᠢᠶ᠋ᠢᠦ ᠲᠤᠰᠤ ᠪᠠ ᠴᠠᠶᠢᠶ᠋ᠢᠦ ᠲᠣᠰᠣ ᠶᠢ ᠲᠣᠨ ᠪᠦᠷᠢ ᠳᠡᠭᠡᠨ 180 ᠲᠥᠭᠦᠷᠢᠭ ᠪᠤᠯᠭᠠᠨ ᠦᠰᠭᠡᠨ᠎ᠡ᠂ ᠡᠭᠦᠨ ᠢ ᠨᠤᠭᠤᠯᠤᠨ ᠪᠤᠳᠤᠪᠠᠯ ᠯᠢᠲᠷ  ᠪᠦᠷᠢ ᠳᠡᠭᠡᠨ 0.14 ᠠᠴᠠ 0.15 ᠲᠥᠭᠦᠷᠢᠭ ᠦᠰᠴᠦ᠂ 50 ᠯᠢᠲᠷ ᠤᠨ ᠬᠠᠶᠢᠷᠴᠠᠭ ᠢ ᠲᠦᠭᠦᠷᠭᠡᠪᠡᠯ 7 ᠠᠴᠠ 7.5 ᠲᠥᠭᠦᠷᠢᠭ ᠢᠯᠡᠭᠦᠦ ᠵᠠᠷᠤᠴᠠᠭᠤᠯᠬᠤ ᠪᠤᠯᠤᠨ᠎ᠠ᠂ ᠲᠤᠰᠤᠨ ᠤ ᠦᠨ᠎ᠡ ᠶᠢ 4 ᠰᠠᠷ᠎ᠠ ᠶᠢᠨ 1 ᠤ ᠡᠳᠦᠷ ᠤᠨ 24 ᠴᠠᠭ ᠠᠴᠠ ᠲᠤᠬᠢᠷᠠᠭᠤᠯᠤᠨ᠎ᠠ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ