ᠡᠶᠢᠮᠦ ᠰᠦᠯᠵᠢᠶᠡᠨ ᠤ ᠲᠣᠭᠯᠠᠭᠠᠮ ᠢ ᠶᠠᠭᠠᠬᠢᠭᠰᠠᠨ ᠴᠤ ᠪᠤᠤ ᠠᠪ︕ ᠡᠶᠢᠮᠦ ᠲᠣᠭᠯᠠᠭᠠᠮ ᠨᠢ ᠠᠮᠤᠷ ᠲᠦᠪᠰᠢᠨ ᠤ ᠠᠶᠤᠯᠲᠠᠶ ᠮᠥᠷᠲᠡᠭᠡᠨ ᠣᠯᠠᠩᠬᠢ ᠨᠢ ︽ᠭᠤᠷᠪᠠ ᠦᠭᠡᠢ︾ ᠦᠢᠯᠡᠳᠬᠦᠨ ᠪᠤᠯᠤᠨ᠎ᠠ
ᠨᠡᠶᠢᠲᠡᠯᠡᠭᠰᠡᠨ ᠴᠠᠭ᠄
2024/3/27
      ᠰᠦᠯᠵᠢᠶ᠎ᠡ ᠲᠡᠭᠡᠷ᠎ᠡ ᠬᠦᠭᠵᠢᠶᠡᠨᠲᠠᠢ ᠬᠤᠳᠠᠯᠳᠤᠵᠤ ᠪᠠᠶᠢᠭ᠎ᠠ ︽ᠲᠡᠯᠪᠡᠷᠡᠬᠦ  ᠪᠠᠭᠯᠠᠭᠠᠳᠤ︾ ᠲᠣᠭᠯᠠᠭᠠᠮ ᠨᠢ ᠤᠯᠠᠨ ᠬᠡᠯᠪᠡᠷᠢ ᠵᠦᠢᠯ ᠤᠨ ᠬᠢ ᠪᠠᠶᠢᠵᠤ᠂ ︽ᠲᠠᠷᠤᠪᠴᠢ ᠶᠢ ᠨᠢ ᠲᠤᠪᠰᠢᠬᠤ᠂ ᠰᠠᠵᠢᠯᠠᠭᠤᠯᠬᠤ ᠪᠤᠶᠤ ᠰᠢᠳᠡᠪᠡᠯ︾ ᠳᠠᠷᠤᠶ ᠳᠡᠯᠪᠡᠷᠡᠳᠡᠭ᠃ ︽ᠲᠡᠯᠪᠡᠷᠡᠬᠦ ᠪᠠᠭᠯᠠᠭᠠᠳᠤ︾ ᠲᠣᠭᠯᠠᠭᠠᠮ ᠨᠢ ᠨᠢᠭᠡ ᠵᠢᠵᠢᠭ ᠪᠠᠭᠯᠠᠭ᠎ᠠ ᠰᠢᠩᠭᠡᠨ ᠪᠡᠶᠡᠲᠦ ᠪᠠ ᠨᠤᠨᠲᠠᠭ ᠬᠡᠯᠪᠡᠷᠢᠲᠦ ᠬᠠᠲᠠᠭᠤ ᠪᠡᠶᠡᠲᠦ ᠪᠣᠳᠠᠰ ᠢᠶᠠᠷ ᠪᠦᠷᠢᠯᠳᠦᠵᠡᠢ᠃ ︽ᠲᠡᠯᠪᠡᠷᠡᠬᠦ ᠪᠠᠭᠯᠠᠭᠠᠳᠤ︾  ᠲᠣᠭᠯᠠᠭᠠᠮ ᠨᠢ ᠬᠡᠦᠬᠡᠳ ᠤᠨ ᠲᠣᠭᠯᠠᠭᠠᠮ ᠤᠨ ᠪᠠᠷᠢᠮᠵᠢᠶ᠎ᠡ ᠲᠠᠢ ᠨᠡᠶᠢᠴᠡᠬᠦ ᠦᠭᠡᠢ ᠪᠦᠬᠡᠳ ᠲᠤᠰ ᠲᠥᠷᠥᠯ ᠤᠨ ᠲᠣᠭᠯᠠᠭᠠᠮ ᠳᠠᠬᠢ ᠬᠢᠮᠢ ᠶᠢᠨ ᠪᠣᠳᠠᠰ ᠨᠢ ᠬᠥᠮᠦᠨ ᠤ ᠪᠡᠶ᠎ᠡ ᠶᠢᠨ ᠡᠷᠡᠭᠦᠯ ᠮᠡᠨᠳᠦ ᠳᠤ ᠬᠤᠣᠷ ᠬᠥᠨᠥᠭᠡᠯ ᠲᠠᠢ ᠶᠤᠮ᠃ ︽ᠲᠡᠯᠪᠡᠷᠡᠬᠦ ᠪᠠᠭᠯᠠᠭᠠᠳᠤ︾ ᠲᠣᠭᠯᠠᠭᠠᠮ ᠨᠢ  ᠦᠨᠳᠦᠰᠦᠨ ᠳᠡᠭᠡᠨ ︽ᠭᠤᠷᠪᠠ ᠦᠭᠡᠢ︾ ᠦᠢᠯᠡᠳᠬᠦᠨ ᠪᠤᠯᠬᠤ ᠪᠦᠭᠡᠳ ᠪᠡᠶ᠎ᠡ ᠮᠠᠬᠠᠪᠣᠳ ᠲᠤ ᠬᠤᠣᠷ ᠬᠥᠨᠥᠭᠡᠯ ᠠᠪᠴᠢᠷᠠᠬᠤ ᠳᠤ ᠬᠦᠷᠪᠡᠯ  ᠦᠨᠳᠦᠰᠦ ᠰᠤᠷᠪᠤᠯᠵᠢ ᠶᠢ ᠨᠢ ᠡᠷᠢᠬᠦ ᠶᠢᠨ ᠠᠷᠭ᠎ᠠ ᠦᠭᠡᠢ ᠪᠠᠶᠢᠵᠤ᠂ ᠡᠷᠬᠡ ᠪᠠᠨ ᠬᠠᠮᠠᠭᠠᠯᠠᠬᠤ ᠠᠷᠭ᠎ᠠ ᠦᠭᠡᠢ  ᠪᠤᠯᠳᠠᠭ᠃ ᠡᠨᠡ ᠲᠤᠬᠠᠶ ᠬᠠᠮᠢᠶ᠎ᠠ ᠪᠥᠬᠦᠶ ᠰᠠᠯᠠᠭ᠎ᠠ ᠮᠥᠴᠢᠷ ᠠᠴᠠ ᠥᠷᠭᠡᠨ ᠣᠯᠠᠨ ᠬᠡᠷ ᠤᠨ ᠠᠬᠠᠮᠠᠳ ᠪᠣᠯᠤᠨ ᠵᠠᠯᠠᠭᠤᠴᠤᠳ ᠪᠠᠭᠠᠴᠤᠳ ᠲᠤ᠄ ᠡᠶᠢᠮᠦ ᠲᠥᠷᠥᠯ ᠤᠨ ᠠᠶᠤᠯᠲᠠᠶ ᠰᠦᠯᠵᠢᠶᠡᠨ ᠤ ᠲᠣᠭᠯᠠᠭᠠᠮ ᠢ ᠬᠤᠳᠠᠯᠳᠤᠨ ᠠᠪᠬᠤ ᠠᠴᠠ ᠪᠠᠨ ᠬᠢᠴᠢᠶᠡᠬᠦ ᠬᠡᠷᠡᠭᠲᠡᠶ ᠭᠡᠵᠦ ᠰᠠᠨᠠᠭᠤᠯᠪᠠ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ