3. ᠮᠤᠩᠭᠤᠯᠴᠤᠳ ᠤᠨ ᠮᠤᠷᠢᠨ ᠤ ᠰᠢᠲᠦᠯᠭᠡ | ᠮᠤᠩᠭᠤᠯᠴᠤᠳ ᠤᠨ ᠮᠤᠷᠢᠨ ᠤ ᠰᠢᠲᠦᠯᠭᠡ ᠳᠤ ᠤᠩᠭᠤ ᠰᠢᠲᠦᠭᠡᠨ ︵ᠲᠡᠭᠡᠲᠦ ᠰᠢᠲᠦᠭᠡᠨ︶ ᠤ ᠰᠢᠲᠦᠯᠭᠡ᠂ ᠵᠦᠯᠲᠡ ᠰᠢᠲᠦᠯᠭᠡ ︵ᠰᠦᠨᠡᠰᠦ ᠰᠢᠲᠦᠯᠭᠡ︶᠂ | ᠮᠤᠷᠢᠨ ᠤ ᠪᠡᠶ᠎ᠡ ᠪᠠᠶᠢᠲᠠᠯ᠂ ᠵᠠᠩ ᠠᠷᠠᠨᠰᠢᠨ ᠢ ᠪᠠᠭᠲᠠᠭᠠᠬᠰᠠᠨ ᠭᠤᠸ᠎ᠠ ᠲᠠᠭᠠᠰᠢᠶᠠᠯ᠂ ᠤᠶᠢᠯᠡ ᠬᠢᠲᠡᠯ᠂ ᠠᠮᠢ ᠨᠠᠰᠤ ᠪᠠᠨ ᠬᠤᠯᠪᠤᠬᠰᠠᠨ ᠡᠯᠢᠭᠡ ᠦᠨᠲᠡᠯᠵᠡᠮ᠎ᠡ | ᠰᠢᠲᠦᠯᠴᠡᠭᠡᠰᠡᠨ ᠰᠡᠳᠬᠢᠯᠭᠡ ᠵᠡᠷᠭᠡ ᠤᠯᠠᠨ ᠲᠠᠪᠬᠤᠷᠭ᠎ᠠ ᠰᠤᠶᠤᠯ ᠤᠨ ᠠᠭᠤᠯᠭ᠎ᠠ ᠠᠭᠤᠯᠤᠬᠲᠠᠵᠤ ᠪᠠᠶᠢᠲᠠᠭ᠃ ᠮᠤᠩᠭᠤᠯᠴᠤᠳ ᠤᠨ ᠮᠤᠷᠢᠨ ᠤ ᠤᠩᠭᠤ | ᠰᠢᠲᠦᠯᠭᠡ ᠨᠢ ᠬᠠᠲᠠᠨ ᠲᠡᠭᠡᠷ᠎ᠡ ᠵᠢᠷᠤᠬᠤ᠂ ᠡᠯ᠎ᠡ ᠵᠦᠢᠯ ᠤᠨ ᠡᠷᠲᠡᠨᠢ ᠴᠢᠯᠠᠭᠤᠳ ᠢᠶᠠᠷ ᠱᠤᠭᠤᠬᠤ᠂ ᠠᠯᠲᠠ ᠮᠦᠩᠭᠦ᠂ ᠬᠦᠷᠡᠯ ᠭᠠᠥᠯᠢ ᠪᠠᠷ ᠴᠢᠳᠬᠤᠬᠤ ᠮᠡᠲᠦ ᠪᠠᠷ | ᠤᠵᠠᠭᠤᠷ ᠤᠯᠠᠮᠵᠢᠯᠠᠯ ᠢᠶᠠᠨ ᠬᠡᠪ ᠢᠶᠠᠷ ᠵᠠᠯᠭᠠᠮᠵᠢᠯᠠᠬᠰᠠᠨ ᠢᠶᠠᠷ ᠪᠠᠷᠠᠬᠤ ᠦᠭᠡᠢ ᠪᠦᠰ ᠲᠤᠷᠭᠠᠨ ᠲᠠᠯᠪᠠᠭ᠎ᠠ ᠲᠡᠭᠡᠷ᠎ᠡ ᠪᠠᠷᠯᠠᠵᠤ ᠬᠡᠶᠢᠮᠤᠷᠢ ᠭᠡᠮᠡᠨ ᠬᠡᠶᠢᠰᠭᠡᠵᠦ | ᠲᠦᠭᠡᠮᠡᠯᠵᠢᠭᠦᠯᠦᠭᠰᠡᠨ ᠪᠠᠶᠢᠨ᠎ᠠ᠃ ᠮᠤᠩᠭᠤᠯᠴᠤᠳ ᠤᠨ ᠲᠤᠮᠲᠠ ᠮᠤᠷᠢᠨ ᠤ ᠰᠦᠨᠡᠰᠦᠨ ᠰᠢᠲᠦᠯᠭᠡ — ᠵᠦᠯᠲᠡ ᠰᠢᠲᠦᠯᠭᠡ ᠮᠥᠨ ᠤᠯᠠᠮᠵᠢᠯᠠᠨ | ᠬᠠᠲᠠᠭᠠᠯᠠᠭᠲᠠᠭᠰᠠᠭᠠᠷ ᠪᠠᠶᠢᠨ᠎ᠠ᠃ | |