ᠬᠠᠷᠠᠭᠠᠯᠵᠠᠯ︕ ᠨᠥᠬᠦᠪᠥᠷᠢ︕ 14 ᠰᠠᠯᠠᠭ᠎ᠠ ᠮᠥᠴᠢᠷ ᠬᠠᠮᠲᠤᠷᠠᠨ ᠲᠦᠰᠦᠯ ᠳᠠᠷᠤᠮᠠᠯᠯᠠᠨ ᠲᠠᠷᠬᠠᠭᠠᠪᠠ︕
ᠨᠡᠶᠢᠲᠡᠯᠡᠭᠰᠡᠨ ᠴᠠᠭ᠄
2024/4/15
      ᠬᠤᠳᠠᠯᠳᠤᠭᠠᠨ ᠤ ᠶᠠᠪᠤᠳᠠᠯ ᠤᠨ ᠶᠠᠮᠤᠨ ᠵᠡᠷᠭᠡ 14 ᠰᠠᠯᠠᠭ᠎ᠠ ᠮᠥᠴᠢᠷ ᠤᠨ ᠳᠠᠷᠤᠮᠠᠯᠯᠠᠨ ᠲᠠᠷᠬᠠᠭᠠᠭᠰᠠᠨ ︽ᠬᠡᠷᠡᠭᠯᠡᠭᠡᠨ ᠤ ᠵᠦᠢᠯᠡᠰ ᠢ ᠬᠠᠭᠤᠴᠢᠨ ᠢᠶᠠᠷ ᠰᠢᠨ᠎ᠡ ᠶᠢ ᠰᠣᠯᠢᠬᠤ ᠶᠢ ᠠᠬᠢᠭᠤᠯᠬᠤ ᠠᠵᠢᠯᠯᠠᠭ᠎ᠠ ᠶᠢᠨ ᠲᠥᠰᠦᠯ︾᠎ ᠢ 4 ᠰᠠᠷ᠎ᠠ ᠶᠢᠨ 12᠎ ᠤᠨ ᠡᠳᠦᠷ ᠨᠡᠶᠢᠲᠡᠯᠡᠪᠡ᠃ ᠲᠥᠰᠦᠯ ᠳᠤ᠄      ᠮᠠᠰᠢᠨ ᠲᠡᠷᠭᠡᠨ ᠤ ︽ᠡᠨᠧᠷᠭᠢ︾᠎ ᠢᠶᠠᠷ ᠰᠣᠯᠢᠬᠤ ᠶᠢ ᠠᠬᠢᠭᠤᠯᠤᠨ᠎ᠠ᠄ ᠭᠠᠳᠠᠬᠰᠢᠯᠠᠭᠤᠯᠤᠯᠳᠠ ᠶᠡᠬᠡᠲᠡᠶ ᠰᠠᠭᠤᠳᠠᠯ ᠤᠨ ᠮᠠᠰᠢᠨ ᠲᠡᠷᠭᠡ ᠪᠤᠶᠤ ᠨᠥᠬᠦᠴᠡᠯ ᠳᠤ ᠨᠡᠶᠢᠴᠡᠬᠦ ᠰᠢᠨ᠎ᠡ ᠡᠨᠧᠷᠭᠢ ᠶᠢᠨ ᠰᠠᠭᠤᠳᠠᠯ ᠤᠨ ᠮᠠᠰᠢᠨ ᠲᠡᠷᠭᠡ ᠶᠢ ᠭᠡᠷᠡᠭᠯᠡᠭᠡ ᠠᠴᠠ ᠭᠠᠷᠭᠠᠬᠤ ᠶᠢᠨ ᠵᠡᠷᠭᠡᠪᠡᠷ ᠡᠨᠧᠷᠭᠢ ᠠᠷᠪᠢᠯᠠᠳᠠᠭ ᠱᠠᠭᠠᠷᠳᠠᠯᠭ᠎ᠠ ᠳᠤ ᠨᠡᠶᠢᠴᠡᠵᠦ ᠪᠠᠶᠢᠭ᠎ᠠ ᠪᠤᠶᠤ ᠰᠢᠨ᠎ᠡ ᠡᠨᠧᠷᠭᠢ ᠶᠢᠨ ᠮᠠᠰᠢᠨ ᠲᠡᠷᠭᠡ ᠬᠤᠳᠠᠯᠳᠤᠨ ᠠᠪᠤᠭᠰᠠᠨ ᠬᠡᠷᠡᠭᠯᠡᠭᠴᠢᠳ ᠲᠤ ᠲᠣᠭᠲᠠᠭᠰᠠᠨ ᠲᠣᠭᠠᠨ ᠤ ᠨᠥᠬᠦᠪᠥᠷᠢ ᠥᠭᠭᠦᠨ᠎ᠡ᠃      ᠬᠡᠷ ᠤᠨ ᠴᠠᠬᠢᠯᠭᠠᠨ ᠬᠡᠷᠡᠭᠰᠡᠯ ᠢᠶᠠᠨ ︽ᠣᠶᠤᠨᠴᠢ︾ ᠪᠤᠯᠭᠠᠨ ᠬᠤᠪᠢᠷᠠᠭᠤᠯᠬᠤ ᠶᠢ ᠠᠬᠢᠭᠤᠯᠤᠨ᠎ᠠ᠄ ᠨᠥᠬᠦᠴᠡᠯ ᠲᠠᠢ ᠭᠠᠵᠠᠷ ᠣᠷᠣᠨ ᠤ ᠬᠢᠨ ᠬᠡᠷᠡᠭᠯᠡᠭᠴᠢᠳ ᠤᠨ ᠪᠣᠬᠢᠷᠲᠤᠯ ᠥᠬᠡᠶ ᠣᠶᠤᠨᠴᠢ ᠬᠡᠷ ᠤᠨ ᠴᠠᠬᠢᠯᠭᠠᠨ ᠬᠡᠷᠡᠭᠰᠡᠯ ᠬᠤᠳᠠᠯᠳᠤᠨ ᠠᠪᠬᠤ ᠳᠤ ᠨᠥᠬᠦᠪᠥᠷᠢ ᠥᠭᠬᠦ ᠶᠢ ᠵᠣᠷᠢᠭᠵᠢᠭᠤᠯᠤᠨ᠎ᠠ︔ ᠭᠡᠷ ᠤᠨ ᠴᠠᠬᠢᠯᠭᠠᠨ ᠬᠡᠷᠡᠭᠰᠡᠯ ᠤᠨ ᠠᠵᠤ ᠠᠬᠤᠶᠢᠯᠠᠯ ᠤᠳ ᠤᠨ ᠬᠠᠭᠤᠴᠢᠨ ᠴᠠᠬᠢᠯᠭᠠᠨ ᠬᠡᠷᠡᠭᠰᠡᠯ ᠢᠶᠠᠷ ᠡᠨᠧᠷᠭᠢ ᠠᠷᠪᠢᠯᠠᠳᠠᠭ ᠭᠡᠷ ᠤᠨ ᠴᠠᠬᠢᠯᠭᠠᠨ ᠬᠡᠷᠡᠭᠰᠡᠯ ᠰᠣᠯᠢᠵᠤ ᠬᠤᠳᠠᠯᠳᠤᠨ ᠠᠪᠬᠤ ᠬᠡᠷᠡᠭᠯᠡᠭᠴᠢᠳ ᠲᠤ ᠬᠠᠷᠠᠭᠠᠯᠵᠠᠯ ᠦᠵᠡᠭᠦᠯᠬᠦ ᠶᠢ ᠳᠡᠮᠵᠢᠨ᠎ᠡ᠃         ᠬᠡᠷ ᠤᠨ ᠵᠠᠰᠠᠯ ᠴᠢᠮᠡᠭᠯᠡᠯ ᠲᠣᠭᠤᠭᠠᠨ ᠬᠡᠷ ᠤᠨ ᠡᠳ᠋ᠯᠡᠯ ᠠᠷᠢᠭᠤᠨ ᠴᠡᠪᠡᠷ ᠎ ᠤᠨ ᠭᠡᠷ ᠢᠶᠠᠨ ︽ᠰᠢᠨᠡᠳᠬᠡᠬᠦ︾᠎ ᠶᠢ ᠠᠬᠢᠭᠤᠯᠤᠨ᠎ᠠ᠄ ᠡᠯ᠎ᠡ ᠭᠠᠵᠠᠷ ᠤᠨ ᠬᠢᠨ ᠤ ᠬᠠᠭᠤᠴᠢᠨ ᠬᠡᠷ ᠪᠠᠶᠢᠰᠢᠩ ᠢᠶᠠᠨ ᠵᠠᠰᠠᠵᠤ ᠴᠢᠮᠡᠭᠯᠡᠬᠦ᠂ ᠲᠣᠭᠤᠭᠠᠨ ᠬᠡᠷ ᠠᠷᠢᠭᠤᠨ ᠴᠡᠪᠡᠷ ᠤᠨ ᠭᠡᠷ ᠵᠡᠷᠭᠡ ᠪᠠᠨ ᠰᠢᠨᠡᠳᠭᠡᠨ ᠵᠠᠰᠠᠬᠤ ᠪᠠ ᠬᠡᠷ ᠲᠡᠭᠡᠨ ᠰᠠᠭᠤᠵᠤ ᠨᠠᠰᠤᠵᠢᠬᠤ ᠳᠤ ᠳᠣᠭᠢᠷᠠᠬᠤ ᠪᠣᠯᠭᠠᠨ ᠰᠢᠨᠡᠳᠭᠡᠨ ᠵᠠᠰᠠᠬᠤ ᠶᠢ ᠳᠡᠮᠵᠢᠵᠦ᠂ ᠬᠡᠷ ᠪᠦᠯᠢ ᠶᠢᠨ ᠣᠶᠤᠨᠴᠢ ᠡᠳ᠋ᠯᠡᠯ ᠭᠡᠷᠡᠭᠰᠡᠯ ᠤᠨ  ᠭᠡᠷᠡᠭᠯᠡᠭᠡ ᠶᠢ ᠠᠬᠢᠭᠤᠯᠬᠤ ᠶᠢ ᠵᠣᠷᠢᠭᠵᠢᠭᠤᠯᠤᠨ᠎ᠠ ᠭᠡᠵᠦ ᠲᠤᠷᠠᠳᠴᠠᠢ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ