ᠠᠩᠬᠠᠷ︕ ᠬᠤᠭᠤᠯᠠ ᠢᠳᠡᠬᠦ ᠦᠶᠡᠰ ᠪᠢᠲᠡᠭᠡᠶ ᠢᠩᠭᠢᠵᠦ ᠬᠢ᠂ ᠡᠷᠡᠭᠦᠯ ᠮᠡᠨᠳᠦ ᠶᠢ ᠨᠥᠯᠥᠭᠡᠯᠡᠨ᠎ᠡ
ᠨᠡᠶᠢᠲᠡᠯᠡᠭᠰᠡᠨ ᠴᠠᠭ᠄
2024/4/15
      ᠲᠡᠳᠡᠭᠡᠷ ᠬᠤᠭᠤᠯᠠ ᠪᠠᠨ ᠲᠦᠷᠭᠡᠨ ᠢᠳᠡᠵᠦ ᠳᠠᠳᠤᠭᠰᠠᠨ ᠬᠥᠮᠦᠰ ᠲᠤ ᠠᠪᠴᠤ ᠬᠡᠯᠡᠪᠡᠯ᠂ ᠶᠡᠭᠡ ᠲᠠᠷᠢᠬᠢ ᠨᠢ ᠴᠠᠳᠤᠬᠰᠠᠨ ᠳᠣᠬᠢᠶ᠎ᠠ ᠣᠯᠬᠤ ᠠᠴᠠ ᠡᠮᠦᠨ᠎ᠡ᠂ ᠲᠡᠳᠡ ᠨᠢᠭᠡᠨᠲᠡ ᠤᠬᠠᠮᠰᠠᠷ ᠦᠭᠡᠢ ᠪᠠᠷ ᠬᠡᠲᠦᠷᠬᠡᠶ ᠣᠯᠠᠨ ᠢᠳᠡᠭᠡᠨ ᠢᠳᠡᠭᠰᠡᠨ ᠪᠠᠶᠢᠳᠠᠭ᠃ ᠢᠡᠭᠭᠢᠵᠦ ᠰᠠᠨᠠᠮᠰᠠᠷ ᠦᠭᠡᠢ ᠪᠠᠷ ᠬᠡᠲᠦᠷᠡᠲᠡᠯ᠎ᠡ ᠢᠳᠡᠬᠦ ᠨᠢ ᠴᠠᠭ ᠤᠨ ᠤᠳᠠᠭᠠᠨ ᠳᠠᠭᠠᠨ ᠪᠡᠶ᠎ᠡ ᠶᠢᠨ ᠬᠦᠨᠳᠦ ᠶᠢ ᠠᠭᠠᠵᠢᠮ ᠢᠶᠠᠷ ᠳᠡᠭᠡᠭᠰᠢᠯᠡᠭᠦᠯᠬᠦ ᠶᠢᠨ ᠤᠯᠠᠮ ᠢᠶᠠᠷ ᠮᠠᠷᠢᠶᠠᠯᠠᠬᠤ᠂ ᠴᠢᠰᠤᠨ ᠤ ᠥᠭᠡᠬᠦ ᠥᠨᠳᠥᠷᠵᠢᠬᠦ ᠭᠡᠮ ᠪᠠ ᠰᠣᠯᠢᠯᠴᠠᠭ᠎ᠠ ᠶᠢᠨ ᠬᠤᠷᠠᠮᠠᠯ ᠭᠡᠮ ᠵᠡᠷᠭᠡ ᠡᠷᠡᠭᠦᠯ ᠮᠡᠨᠳᠦ ᠶᠢᠨ ᠲᠦᠭᠰᠢᠭᠦᠷᠢ ᠶᠢ ᠨᠡᠮᠡᠭᠳᠡᠭᠦᠯᠬᠦ ᠪᠣᠯᠤᠯᠴᠠᠭ᠎ᠠ ᠲᠠᠢ ᠶᠤᠮ᠃ ᠡᠭᠦᠨ ᠠᠴᠠ ᠭᠠᠳᠠᠨ᠎ᠠ᠂ ᠲᠦᠷᠭᠡᠨ ᠵᠠᠯᠭᠢᠬᠤ ᠨᠢ ᠰᠢᠩᠭᠡᠭᠡᠯᠲᠡ ᠶᠢ ᠮᠠᠭᠤᠳᠠᠭᠤᠯᠵᠤ ᠮᠡᠳᠡᠨ᠎ᠡ᠂ ᠤᠴᠢᠷ ᠨᠢ ᠭᠦᠢᠴᠡᠳ ᠰᠠᠶᠢᠨ ᠵᠠᠵᠢᠯᠤᠭᠰᠠᠨ ᠦᠭᠡᠢ ᠢᠳᠡᠭᠡᠨ ᠨᠢ ᠬᠤᠳᠣᠭᠤᠳᠣᠨ ᠤ ᠳᠠᠷᠤᠭᠠᠰᠤ ᠶᠢ ᠬᠦᠨᠳᠦᠷᠡᠭᠦᠯᠳᠡᠭ ᠪᠤᠯᠬᠤᠷ ᠤᠷᠲᠤ ᠬᠤᠭᠤᠴᠠᠭ᠎ᠠ ᠪᠠᠷ ᠢᠡᠭᠭᠢᠭᠡᠳ ᠪᠠᠶᠢᠪᠠᠯ ᠬᠤᠳᠣᠭᠤᠳᠣᠨ ᠦᠷᠪᠢᠰᠦᠯ ᠵᠡᠷᠭᠡ ᠬᠤᠳᠣᠭᠤᠳᠣ ᠭᠡᠳᠡᠰᠦᠨ ᠤ ᠠᠰᠠᠭᠤᠳᠠᠯ ᠢ ᠡᠭᠦᠰᠭᠡᠵᠦ ᠮᠡᠳᠡᠨ᠎ᠡ᠃ ᠣᠳᠣᠬᠠᠨ ᠳᠤ ᠬᠤᠭᠤᠯᠠ ᠢᠳᠡᠬᠦ ᠬᠤᠷᠳᠤᠴᠠ ᠶᠢᠨ ᠲᠤᠬᠠᠢ ᠰᠤᠳᠤᠯᠤᠬᠰᠠᠨ ᠵᠥᠪ ᠣᠨᠣᠪᠴᠢᠲᠠᠶ ᠲᠠᠨᠢᠯᠴᠠᠭᠤᠯᠭ᠎ᠠ ᠭᠡᠵᠦ ᠪᠠᠶᠢᠬᠤ ᠦᠭᠡᠶ᠂ ᠨᠡᠶᠢᠳᠡᠮ ᠳᠡᠭᠡᠨ ᠨᠢᠭᠡ ᠡᠷᠡᠨ ᠤ ᠬᠤᠭᠤᠯᠠ ᠶᠢ ᠢᠳᠡᠬᠦ ᠲᠤᠬᠢᠷᠠᠮᠵᠢᠳᠠᠢ ᠬᠤᠷᠳᠤᠴᠠ ᠨᠢ ᠪᠠᠷᠤᠭ 20 ᠠᠴᠠ 30 ᠮᠢᠨᠦ᠋ᠲ ᠪᠠᠶᠢᠪᠠᠯ  ᠵᠣᠬᠢᠨ᠎ᠠ ᠭᠡᠵᠦ ᠦᠵᠡᠵᠦ ᠪᠤᠢ᠂ ᠤᠴᠢᠷ ᠨᠢ ᠶᠡᠭᠡ ᠲᠠᠷᠢᠬᠢ ᠴᠠᠳᠤᠬᠰᠠᠨ ᠳᠣᠬᠢᠶ᠎ᠠ ᠶᠢ ᠬᠦᠯᠢᠶᠡᠨ ᠠᠪᠬᠤ ᠳᠤ ᠪᠠᠷᠤᠭ ᠡᠳᠦᠶ ᠴᠠᠭ ᠬᠡᠷᠡᠭᠰᠡᠳᠡᠭ᠃ ᠬᠠᠮᠤᠭ ᠰᠡᠭᠦᠯ ᠳᠤ᠂ ᠬᠤᠭᠤᠯᠠ ᠢᠳᠡᠬᠦ ᠦᠶᠡᠰ ᠰᠡᠳᠬᠢᠯ ᠬᠤᠪᠢᠶᠠᠭᠳᠠᠬᠤ ᠠᠴᠠ  ᠵᠠᠶᠢᠯᠠᠬᠤ ᠨᠢ ᠴᠤ ᠮᠠᠰᠢ ᠴᠢᠬᠤᠯᠠ ᠶᠤᠮ᠃ ᠴᠢᠳᠠᠬᠤ ᠶᠢᠨ ᠲᠤᠳᠤᠷ᠎ᠠ ᠪᠢᠲᠡᠭᠡᠶ ᠬᠤᠭᠤᠯᠠ ᠢᠳᠡᠵᠦ ᠪᠠᠶᠢᠭᠠᠳ ᠲᠧᠯᠸᠢᠰ ᠦᠵᠡᠬᠦ ᠪᠤᠶᠤ ᠭᠠᠷ ᠤᠲᠠᠰᠤ ᠪᠠᠷ ᠢᠶᠠᠨ ᠨᠠᠭᠠᠳ᠂ ᠤᠴᠢᠷ ᠨᠢ ᠢᠡᠭᠭᠢᠪᠡᠯ ᠲᠠᠨ ᠤ ᠬᠤᠭᠤᠯᠠ ᠢᠳᠡᠬᠦ ᠬᠤᠷᠳᠤᠴᠠ ᠶᠢ ᠴᠢᠨᠢ ᠥᠪᠡᠷ ᠤᠨ ᠡᠷᠬᠡ ᠦᠭᠡᠢ ᠲᠦᠷᠭᠡᠳᠬᠡᠳᠡᠭ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ