ᠴᠠᠭ ᠠᠭᠤᠷ ᠤᠨ ᠤᠷᠢᠳᠴᠢᠯᠠᠭᠰᠠᠨ ᠮᠡᠳᠡᠭᠡ᠄ 4 ᠰᠠᠷ᠎ᠠ ᠶᠢᠨ 17 — 19 ᠤ ᠡᠳᠦᠷ ᠪᠣᠯᠲᠠᠯ᠎ᠠ ᠠᠭᠠᠷ ᠤᠨ ᠳᠤᠯᠠᠭᠠᠨ ᠢᠯᠡᠳᠲᠡ ᠳᠣᠷᠣᠭᠰᠢᠯᠠᠵᠤ᠂ ᠰᠠᠯᠬᠢᠨ ᠤ ᠬᠦᠴᠦ ᠨᠡᠯᠢᠶᠡᠳ ᠶᠡᠭᠡ ᠪᠠᠶᠢᠵᠤ᠂ ᠲᠦᠯ ᠮᠠᠯ ᠤᠨ ᠬᠦᠢᠲᠡᠨ ᠠᠴᠠ ᠰᠡᠷᠭᠡᠶᠢᠯᠡᠬᠦ ᠠᠵᠢᠯ ᠢ ᠰᠠᠶᠢᠲᠤᠷ ᠬᠢᠬᠦ ᠴᠢᠬᠤᠯᠠᠲᠠᠢ ᠪᠠᠶᠢᠨ᠎ᠠ
ᠨᠡᠶᠢᠲᠡᠯᠡᠭᠰᠡᠨ ᠴᠠᠭ᠄
2024/4/17
      ᠬᠦᠢᠲᠡᠨ ᠤᠷᠤᠰᠬᠠᠯ ᠤᠨ ᠨᠥᠯᠥᠭᠡᠯᠡᠯ ᠠᠴᠠ ᠪᠣᠯᠵᠤ᠂ 4 ᠰᠠᠷ᠎ᠠ ᠶᠢᠨ 17 — 19 ᠤ ᠡᠳᠦᠷ ᠪᠣᠯᠲᠠᠯ᠎ᠠ᠂ ᠮᠠᠨ ᠤ ᠬᠤᠰᠢᠭᠤᠨ ᠳᠤ ᠳᠠᠬᠢᠨ ᠶᠡᠭᠡ ᠰᠠᠯᠬᠢ ᠰᠠᠯᠬᠢᠯᠠᠵᠤ᠂ ᠳᠤᠯᠠᠭᠠᠨ ᠤ ᠬᠡᠮᠵᠢᠶ᠎ᠡ ᠳᠣᠷᠣᠭᠰᠢᠯᠠᠬᠤ ᠪᠣᠯᠣᠨ᠎ᠠ᠃ ᠵᠢᠱᠢᠯᠲᠡ ᠪᠠᠷ᠄ 17 — 19 ᠤ ᠡᠳᠦᠷ ᠪᠠᠷᠠᠭᠤᠨ ᠬᠤᠶᠢᠨ᠎ᠠ ᠠᠴᠠ 6 ~ 7 ᠳᠡᠰ ᠤᠨ ᠰᠠᠯᠬᠢ ᠰᠠᠯᠬᠢᠯᠠᠵᠤ᠂ ᠬᠡᠰᠡᠭ ᠭᠠᠵᠠᠷ ᠲᠤ 8 ᠳᠡᠰ ᠬᠦᠷᠬᠦ ᠪᠣᠯᠣᠨ᠎ᠠ︔ 18 ᠤ ᠡᠳᠦᠷ ᠡᠯ᠎ᠡ ᠭᠠᠵᠠᠷ ᠤᠨ ᠠᠭᠠᠷ ᠤᠨ ᠳᠤᠯᠠᠭᠠᠨ 4~8 ᠭᠷᠡᠳᠦ᠋ᠰ ᠳᠣᠷᠣᠭᠰᠢᠯᠠᠵᠤ᠂ ᠬᠡᠰᠡᠭ ᠭᠠᠵᠠᠷ ᠤᠨ ᠳᠤᠯᠠᠭᠠᠨ ᠤ ᠬᠡᠮᠵᠢᠶ᠎ᠡ 8 ᠭᠷᠠᠳᠦ᠋ᠰ ᠢ ᠬᠡᠲᠦᠷᠡᠨ᠎ᠡ᠃      ᠨᠦᠯᠦᠭᠡ ᠬᠢᠭᠡᠳ ᠰᠠᠨᠠᠭᠤᠯᠤᠮᠵᠢ᠄      ᠲᠤᠰ ᠤᠳᠠᠭ᠎ᠠ ᠶᠡᠭᠡ ᠰᠠᠯᠬᠢ ᠰᠠᠯᠬᠢᠯᠠᠵᠤ ᠳᠤᠯᠠᠭᠠᠨ ᠤ ᠬᠡᠮᠵᠢᠶ᠎ᠡ ᠳᠣᠷᠣᠭᠰᠢᠯᠠᠨ᠂ ᠰᠠᠯᠬᠢᠨ ᠤ ᠬᠦᠴᠦ ᠨᠡᠯᠢᠶᠡᠳ ᠶᠡᠭᠡ ᠪᠣᠯᠬᠤᠷ᠂ ᠵᠠᠮ ᠬᠠᠷᠢᠯᠴᠠᠭ᠎ᠠ ᠪᠠ ᠣᠯᠠᠨ ᠲᠦᠮᠡᠨ ᠤ ᠶᠠᠪᠤᠵᠤ ᠰᠠᠭᠤᠬᠤ ᠳᠤ ᠠᠰᠢᠭ ᠦᠭᠡᠢ ᠨᠥᠯᠥᠭᠡ ᠦᠵᠡᠭᠦᠯᠬᠦ ᠪᠣᠯᠣᠨ᠎ᠠ᠂ ᠵᠠᠮ ᠬᠠᠷᠢᠯᠴᠠᠭᠠᠨ ᠤ ᠰᠠᠯᠠᠭ᠎ᠠ ᠮᠥᠴᠢᠷ ᠰᠡᠷᠭᠡᠶᠢᠯᠡᠯᠲᠡ ᠶᠢ ᠴᠢᠩᠭᠠᠳᠬᠠᠬᠤ ᠶᠢᠨ ᠬᠠᠮᠲᠤ᠂ ᠲᠦᠷ ᠴᠠᠭ ᠤᠨ ᠪᠠᠷᠢᠯᠭ᠎ᠠ᠂ ᠮᠠᠯ ᠤᠨ ᠬᠠᠰᠢᠶ᠎ᠠ ᠰᠠᠷᠠᠪᠴᠢ᠂ ᠲᠦᠬᠦᠭᠡᠷᠦᠮᠵᠢᠲᠦ ᠲᠠᠷᠢᠶᠠᠯᠠᠩ ᠵᠡᠷᠭᠡ ᠶᠢ ᠰᠡᠷᠭᠡᠶᠢᠯᠡᠨ ᠪᠠᠬᠢᠵᠢᠭᠦᠯᠬᠦ ᠠᠵᠢᠯ ᠢ ᠰᠠᠶᠢᠲᠤᠷ ᠬᠢᠬᠦ ᠴᠢᠬᠤᠯᠠᠲᠠᠢ ᠪᠠᠶᠢᠨ᠎ᠠ᠃ ᠮᠠᠯ ᠠᠵᠤ ᠠᠬᠤᠢ ᠶᠢᠨ ᠰᠠᠯᠠᠭ᠎ᠠ ᠮᠥᠴᠢᠷ ᠲᠦᠯ ᠮᠠᠯ ᠤᠨ ᠬᠦᠢᠲᠡᠨ ᠠᠴᠠ ᠰᠡᠷᠭᠡᠶᠢᠯᠡᠨ ᠳᠤᠯᠠᠭᠠᠯᠠᠬᠤ ᠠᠵᠢᠯ ᠢ ᠰᠠᠶᠢᠲᠤᠷ ᠬᠢᠵᠦ᠂ ᠣᠯᠠᠨ ᠲᠦᠮᠡᠨ ᠶᠠᠪᠤᠵᠤ ᠰᠠᠭᠤᠬᠤ ᠳᠠᠭᠠᠨ ᠰᠠᠶᠢᠲᠤᠷ ᠳᠤᠯᠠᠭᠠᠯᠠᠬᠤ ᠶᠢ ᠠᠩᠬᠠᠷᠬᠤ ᠬᠡᠷᠡᠭᠲᠡᠢ᠃                       ᠰᠢᠨ᠎ᠡ ᠪᠠᠷᠭᠤ ᠪᠠᠷᠠᠭᠤᠨ ᠬᠤᠰᠢᠭᠤᠨ ᠤ ᠴᠠᠭ ᠠᠭᠤᠷ ᠤᠨ ᠲᠣᠪᠴᠢᠶ᠎ᠠ                                2024 ᠣᠨ ᠤ 4 ᠰᠠᠷ᠎ᠠ ᠶᠢᠨ 16 ᠤ ᠡᠳᠦᠷ
附图1.jpg
 
附图2.jpg
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ