ᠡᠨᠡ 4 ᠵᠦᠢᠯ ᠤᠨ ᠥᠮᠡᠨ ᠤ ᠡᠬᠢᠨ ᠤ ᠬᠤᠭᠤᠴᠠᠭᠠᠨ ᠤ ᠰᠢᠭᠰᠢᠨ ᠪᠠᠶᠢᠴᠠᠭᠠᠯᠲᠠ ᠶᠢ ᠵᠠᠪᠠᠯ ᠴᠢᠬᠤᠯᠠᠴᠢᠯᠠᠬᠤ ᠬᠡᠷᠡᠭᠲᠡᠶ︕
ᠨᠡᠶᠢᠲᠡᠯᠡᠭᠰᠡᠨ ᠴᠠᠭ᠄
2024/4/19
      ᠣᠳᠣᠬᠠᠨ ᠳᠤ᠂ ᠮᠠᠰᠢ ᠣᠯᠠᠨ ᠬᠥᠮᠦᠰ ᠴᠥᠮ ᠪᠡᠶ᠎ᠡ ᠶᠢᠨ ᠪᠠᠶᠢᠴᠠᠭᠠᠯᠲᠠ ᠶᠢ ᠮᠠᠰᠢ ᠴᠢᠬᠤᠯᠠᠴᠢᠯᠠᠵᠤ᠂ ᠵᠠᠷᠢᠮ ᠬᠥᠮᠦᠰ ᠪᠡᠶ᠎ᠡ ᠶᠢᠨ ᠪᠠᠶᠢᠴᠠᠭᠠᠯᠲᠠ ᠬᠢᠬᠦ ᠦᠶ᠎ᠡ ᠳᠤ᠂ ᠡᠮᠴᠢ ᠠᠴᠠ ᠥᠮᠡᠨ ᠡᠪᠡᠳᠴᠢᠨ ᠤ ᠰᠢᠭᠰᠢᠨ ᠪᠠᠶᠢᠴᠠᠭᠠᠯᠲᠠ ᠬᠢᠯᠭᠡᠬᠦ ᠶᠢ ᠰᠠᠨᠠᠭᠤᠯᠳᠠᠭ᠃ ᠣᠳᠣᠬᠠᠨ ᠳᠤ ᠰᠤᠳᠤᠯᠭᠠᠨ ᠤ ᠭᠡᠷᠡᠴᠢ ᠪᠠᠷᠢᠮᠲᠠ ᠨᠡᠯᠢᠶᠡᠳ ᠬᠦᠢᠴᠡᠳ᠂ ᠬᠠᠮᠲᠤ ᠶᠢᠨ ᠲᠠᠨᠢᠯᠲᠠ ᠨᠡᠯᠢᠶᠡᠳ ᠥᠨᠳᠥᠷ᠂ ᠰᠢᠭᠰᠢᠨ ᠪᠠᠶᠢᠴᠠᠭᠠᠯᠲᠠ ᠬᠢᠯᠭᠡᠬᠦ ᠶᠢ ᠬᠠᠮᠤᠭ ᠠᠴᠠ ᠢᠯᠡᠭᠦᠦ ᠰᠠᠨᠠᠭᠤᠯᠵᠦ ᠪᠠᠶᠢᠭ᠎ᠠ ᠥᠮᠡᠨ ᠪᠣᠯ ᠭᠤᠤᠯᠳᠠᠭᠤ ᠠᠭᠤᠰᠬᠢᠨ ᠥᠮᠡᠨ᠂ ᠬᠥᠬᠦᠨ ᠪᠤᠯᠴᠢᠷᠬᠠᠶ ᠶᠢᠨ ᠥᠮᠡᠨ᠂ ᠰᠠᠪᠠ ᠶᠢᠨ ᠬᠦᠵᠦᠭᠦᠨ ᠤ  ᠥᠮᠡᠨ᠂  ᠬᠤᠲᠣᠷᠢᠩᠬᠠᠶ  ᠭᠡᠳᠡᠰᠦ ᠰᠢᠯᠤᠭᠤᠨ ᠭᠡᠳᠡᠰᠦᠨ ᠤ ᠥᠮᠡᠨ ᠪᠣᠯᠤᠨ᠎ᠠ᠃      1. ᠠᠭᠤᠰᠬᠢᠨ ᠥᠮᠡᠨ ᠤ ᠰᠢᠭᠰᠢᠨ ᠪᠠᠶᠢᠴᠠᠭᠠᠯᠲᠠ ᠶᠢ ᠶᠠᠭᠠᠬᠢᠵᠦ ᠬᠢᠬᠦ ᠪᠣᠶ︖ ᠲᠦᠭᠰᠢᠭᠦᠷᠢ ᠶᠡᠬᠡᠲᠡᠶ ᠬᠥᠮᠦᠰ ᠵᠢᠯ ᠪᠤᠯᠭᠠᠨ ᠨᠢᠭᠡ ᠤᠳᠠᠭ᠎ᠠ ᠴᠡᠭᠡᠵᠢᠨ ᠬᠡᠰᠡᠭ ᠤᠨ ᠪᠠᠭ᠎ᠠ ᠬᠡᠮᠵᠢᠶᠡᠨ ᠤ ᠡᠮᠳᠦ ᠡᠷᠭᠢᠭᠦᠯᠭᠡᠨ CT ︵LDCT︶᠎ ᠶᠢᠨ ᠰᠢᠭᠰᠢᠨ ᠪᠠᠶᠢᠴᠠᠭᠠᠯᠲᠠ ᠬᠢᠯᠭᠡᠪᠡᠯ ᠵᠤᠬᠢᠨ᠎ᠠ᠂ ᠬᠠᠷᠢᠨ ᠴᠡᠭᠡᠵᠢᠨ ᠬᠡᠰᠡᠭ ᠤᠨ X ᠰᠠᠴᠤᠷᠠᠭ ᠤᠨ ᠪᠠᠶᠢᠴᠠᠭᠠᠯᠲᠠ ᠬᠢᠯᠭᠡᠭᠰᠡᠨ ᠤ ᠴᠢᠬᠤᠯᠠ ᠥᠬᠡᠶ᠃      2. ᠬᠥᠬᠦᠨ ᠪᠤᠯᠴᠢᠷᠬᠠᠶ ᠶᠢᠨ ᠥᠮᠡᠨ ᠤ ᠰᠢᠭᠰᠢᠨ ᠪᠠᠶᠢᠴᠠᠭᠠᠯᠲᠠ ᠶᠢ ᠶᠠᠭᠠᠬᠢᠵᠦ ᠬᠢᠬᠦ ᠪᠣᠶ︖      ᠡᠩ ᠤᠨ ᠲᠦᠭᠰᠢᠭᠦᠷᠢ ᠲᠠᠢ ᠬᠥᠮᠦᠰ᠄ 1᠎ ᠠᠴᠠ 2 ᠵᠢᠯ ᠪᠣᠯᠬᠤ ᠪᠦᠷᠢ ᠨᠢᠭᠡ ᠤᠳᠠᠭ᠎ᠠ ᠰᠢᠭᠰᠢᠨ  ᠪᠠᠶᠢᠴᠠᠭᠠᠯᠲᠠ ᠬᠢᠯᠭᠡᠪᠡᠯ ᠵᠤᠬᠢᠨ᠎ᠠ᠂ ᠭᠡᠬᠦ ᠳᠡᠭᠡᠨ ᠬᠥᠬᠦᠨ ᠪᠤᠯᠴᠢᠷᠬᠠᠶ ᠶᠢᠨ X ᠰᠠᠴᠤᠷᠠᠭ ᠤᠨ ᠬᠡᠷᠡᠯ ᠵᠢᠷᠤᠭ ︵ᠮᠣᠯᠢᠪᠳᠧᠨ ᠫᠠᠢ︶᠎ ᠢ ᠲᠤᠰᠠᠭᠠᠷ ᠬᠡᠷᠡᠭᠯᠡᠵᠦ ᠪᠤᠯᠬᠤ ᠪᠦᠭᠡᠳ ᠪᠠᠰᠠ ᠬᠥᠬᠦᠨ ᠪᠤᠯᠴᠢᠷᠬᠠᠶ ᠶᠢᠨ ᠬᠡᠲᠦ ᠲᠠᠭᠤᠨ ᠢ ᠲᠤᠰᠠᠭᠠᠷ ᠬᠡᠷᠡᠭᠯᠡᠵᠦ ᠪᠣᠯᠤᠨ᠎ᠠ︔ ᠨᠢᠭᠲᠠ ᠬᠡᠯᠪᠡᠷᠢ ᠶᠢᠨ ᠬᠥᠬᠦᠨ ᠪᠤᠯᠴᠢᠷᠬᠠᠶ ᠳᠤ᠂ ᠬᠥᠬᠦᠨ ᠪᠤᠯᠴᠢᠷᠬᠠᠶ ᠶᠢᠨ X ᠰᠠᠴᠤᠷᠠᠭ ᠢᠶᠠᠷ ᠵᠢᠷᠤᠭ ᠠᠪᠴᠤ ᠬᠥᠬᠦᠨ ᠪᠤᠯᠴᠢᠷᠬᠠᠶ ᠶᠢᠨ ᠬᠡᠲᠦ ᠳᠣᠯᠭᠢᠶᠠᠨ ᠲᠠᠢ ᠬᠠᠮᠳᠤᠷᠠᠭᠤᠯᠤᠨ ᠰᠢᠭᠰᠢᠨ ᠪᠠᠶᠢᠴᠠᠭᠠᠯᠲᠠ ᠬᠢᠯᠭᠡᠪᠡᠯ ᠵᠤᠬᠢᠨ᠎ᠠ᠃  ᠬᠥᠬᠦᠨ ᠪᠤᠯᠴᠢᠷᠬᠠᠶ ᠶᠢᠨ ᠰᠣᠷᠢᠨᠵᠢᠨ ᠳᠠᠷᠪᠢᠯᠲᠠ ᠶᠢ ᠡᠩ ᠤᠨ ᠲᠦᠭᠰᠢᠭᠦᠷᠢ ᠲᠠᠢ ᠬᠥᠮᠦᠰ ᠤᠨ ᠡᠩ ᠤᠨ ᠰᠢᠭᠰᠢᠨ ᠪᠠᠶᠢᠴᠠᠭᠠᠯᠲᠠ ᠳᠤ  ᠭᠡᠷᠡᠭᠯᠡᠬᠦ ᠎ ᠶᠢ ᠰᠠᠨᠠᠭᠠᠴᠢᠯᠠᠬᠤ ᠦᠭᠡᠢ᠃ ᠲᠦᠭᠰᠢᠭᠦᠷᠢ ᠶᠡᠬᠡᠲᠡᠶ ᠬᠥᠮᠦᠰ᠄ ᠵᠢᠯ ᠪᠤᠯᠭᠠᠨ 1 ᠤᠳᠠᠭ᠎ᠠ ᠬᠥᠬᠦᠨ ᠪᠤᠯᠴᠢᠷᠬᠠᠶ ᠶᠢᠨ X ᠰᠠᠴᠤᠷᠠᠭ ᠤᠨ ᠪᠠᠶᠢᠴᠠᠭᠠᠯᠲᠠ ᠬᠢᠯᠭᠡᠵᠦ᠂ 6᠎ ᠠᠴᠠ 12 ᠰᠠᠷ᠎ᠠ ᠪᠤᠯᠬᠤ ᠪᠦᠷᠢ 1 ᠤᠳᠠᠭ᠎ᠠ ᠬᠥᠬᠦᠨ ᠪᠤᠯᠴᠢᠷᠬᠠᠶ ᠶᠢᠨ ᠬᠡᠲᠦ  ‍ᠣᠯᠭᠢᠶᠠᠨ ᠤ ᠪᠠᠶᠢᠴᠠᠭᠠᠯᠲᠠ ᠬᠢᠯᠭᠡᠵᠦ᠂ 6᠎ ᠠᠴᠠ 12 ᠰᠠᠷ᠎ᠠ ᠪᠤᠯᠬᠤ ᠪᠦᠷᠢ 1 ᠤᠳᠠᠭ᠎ᠠ ᠬᠥᠬᠦᠨ ᠪᠤᠯᠴᠢᠷᠬᠠᠶ ᠶᠢᠨ ᠪᠠᠶᠢᠴᠠᠭᠠᠯᠲᠠ ᠬᠢᠯᠭᠡᠪᠡᠯ ᠵᠤᠬᠢᠨ᠎ᠠ︔ ᠴᠢᠬᠤᠯᠠ ᠲᠠᠢ ᠦᠶ᠎ᠡ ᠳᠤ ᠬᠥᠬᠦᠨ  ᠪᠤᠯᠴᠢᠷᠬᠠᠶ ᠎ ᠶᠢᠨ ᠪᠠᠳᠤᠯᠭᠠᠵᠢᠭᠤᠯᠬᠤ ᠰᠣᠷᠢᠨᠵᠢᠨ ᠳᠠᠷᠪᠢᠯᠲᠠ ᠶᠢ ᠨᠡᠮᠡᠵᠦ ᠬᠢᠯᠭᠡᠵᠦ ᠪᠤᠯᠤᠨ᠎ᠠ᠃      3. ᠰᠠᠪᠠ ᠶᠢᠨ ᠬᠦᠵᠦᠭᠦᠨ ᠤ ᠥᠮᠡᠨ ᠤ ᠰᠢᠭᠰᠢᠨ ᠪᠠᠶᠢᠴᠠᠭᠠᠯᠲᠠ ᠶᠢ ᠶᠠᠭᠠᠬᠢᠵᠦ ᠬᠢᠬᠦ ᠪᠣᠶ︖      ᠰᠢᠭᠰᠢᠨ ᠪᠠᠶᠢᠴᠠᠭᠠᠯᠲᠠ ᠬᠢᠯᠭᠡᠬᠦ ᠠᠷᠭ᠎ᠠ ᠳᠤ᠂ ᠭᠤᠣᠯᠳᠠᠭᠤ ᠰᠠᠪᠠ ᠶᠢᠨ ᠬᠦᠵᠦᠭᠦᠨ ᠤ ᠡᠰ ᠤᠨ ᠰᠤᠳᠤᠯᠤᠯ ᠤᠨ ᠪᠠᠶᠢᠴᠠᠭᠠᠯᠲᠠ ︵TCT᠂ ᠨᠢᠮᠭᠡᠨ  ᠳᠠᠪᠬᠤᠷᠭ᠎ᠠ ᠶᠢᠨ ᠰᠢᠩᠭᠡᠨ ᠤ ᠰᠠᠭᠤᠷᠢ ᠡᠰ ᠤᠨ ᠰᠤᠳᠤᠯᠤᠯ ᠤᠨ ᠪᠠᠶᠢᠴᠠᠭᠠᠯᠲᠠ ᠶᠢᠨ ᠮᠡᠷᠭᠡᠵᠢᠯ︶᠂ ᠬᠥᠮᠦᠨ ᠤ ᠬᠥᠬᠦᠨᠴᠢᠷ ᠬᠠᠪᠤᠳᠠᠷ ᠤᠨ ᠸᠢᠷᠦ᠋ᠰ ︵HPV︶ ᠪᠥᠭᠡᠮ ᠬᠦᠴᠢᠯ ᠤᠨ ᠪᠠᠶᠢᠴᠠᠭᠠᠯᠲᠠ ᠪᠤᠢ᠃      4. ᠬᠤᠲᠣᠷᠢᠩᠬᠠᠶ ᠭᠡᠳᠡᠰᠦ ᠰᠢᠯᠤᠭᠤᠨ ᠭᠡᠳᠡᠰᠦᠨ ᠤ ᠥᠮᠡᠨ ᠤ ᠰᠢᠭᠰᠢᠨ ᠪᠠᠶᠢᠴᠠᠭᠠᠯᠲᠠ ᠶᠢ ᠶᠠᠭᠠᠬᠢᠵᠦ ᠬᠢᠬᠦ ᠪᠣᠶ︖      ᠰᠢᠭᠰᠢᠨ ᠪᠠᠶᠢᠴᠠᠭᠠᠯᠲᠠ ᠬᠢᠯᠭᠡᠬᠦ ᠠᠷᠭ᠎ᠠ ᠳᠤ᠂ ᠭᠤᠣᠯᠳᠠᠭᠤ ᠬᠤᠲᠣᠷᠢᠩᠬᠠᠶ ᠭᠡᠳᠡᠰᠦᠨ ᠤ ᠳᠤᠷᠠᠨ ︵ᠰᠢᠭᠰᠢᠨ ᠪᠠᠶᠢᠴᠠᠭᠠᠬᠤ ᠠᠯᠲᠠᠨ ᠪᠠᠷᠢᠮᠵᠢᠶ᠎ᠠ︶᠂ FIT ︵ᠪᠠᠭᠠᠰᠤ ᠰᠢᠭᠡᠰᠦ ᠶᠢᠨ ᠦᠯᠦ ᠬᠠᠯᠳᠠᠭᠠᠬᠤ ᠬᠢᠮᠢ ᠶᠢᠨ ᠰᠢᠯᠭᠠᠨ ᠪᠠᠶᠢᠴᠠᠭᠠᠯᠲᠠ︶᠂ ᠬᠥᠬᠡᠭᠴᠢᠨ ᠬᠡᠯᠪᠡᠷᠢᠲᠦ ᠬᠤᠲᠣᠷᠢᠩᠬᠠᠶ ᠭᠡᠳᠡᠰᠦᠨ ᠤ ᠳᠤᠷᠠᠨ ︵ᠭᠤᠣᠯᠳᠠᠭᠤ ᠠᠯᠤᠰ ᠦᠵᠦᠭᠦᠷ ᠤᠨ ᠬᠤᠲᠣᠷᠢᠩᠬᠠᠶ ᠭᠡᠳᠡᠰᠦ ᠰᠢᠯᠤᠭᠤᠨ ᠭᠡᠳᠡᠰᠦᠨ ᠤ ᠥᠮᠡᠨ ᠤ ᠰᠢᠭᠰᠢᠨ ᠪᠠᠶᠢᠴᠠᠭᠠᠯᠲᠠ ᠳᠤ ᠬᠡᠷᠡᠭᠯᠡᠨ᠎ᠡ︶᠂ ᠬᠤᠲᠣᠷᠢᠩᠬᠠᠶ ᠭᠡᠳᠡᠰᠦᠨ ᠤ CT ᠳᠦᠷᠰᠦ ᠪᠦᠲᠦᠭᠡᠬᠦ ᠮᠡᠷᠭᠡᠵᠢᠯ ︵ᠣᠨᠴᠠᠭᠠᠶ ᠨᠥᠬᠦᠴᠡᠯ ᠲᠤᠤᠷᠠᠬᠢ ᠰᠢᠭᠰᠢᠨ ᠪᠠᠶᠢᠴᠠᠭᠠᠯᠲᠠ ᠳᠤ ᠬᠡᠷᠡᠭᠯᠡᠵᠦ ᠪᠣᠯᠤᠨ᠎ᠠ︶᠂  ᠣᠯᠠᠨ ᠴᠡᠭ ᠤᠨ  ᠪᠠᠭᠠᠰᠤ ᠰᠢᠭᠡᠰᠦ FIT - DNA᠎ ᠶᠢᠨ ᠰᠢᠯᠭᠠᠨ ᠪᠠᠶᠢᠴᠠᠭᠠᠯᠲᠠ ︵ᠣᠨᠴᠠᠭᠠᠶ ᠨᠥᠬᠦᠴᠡᠯ ᠲᠤᠤᠷᠠᠬᠢ ᠰᠢᠭᠰᠢᠨ  ᠪᠠᠶᠢᠴᠠᠭᠠᠯᠲᠠ ᠳᠤ  ᠬᠡᠷᠡᠭᠯᠡᠵᠦ ᠪᠣᠯᠤᠨ᠎ᠠ︶ ᠪᠤᠢ᠃
ᠢᠷᠡᠯᠲᠡ᠄ ᠠᠷᠠᠳ ᠤᠨ ᠮᠣᠩᠭᠤᠯ ᠰᠦᠯᠵᠢᠶ᠎ᠡ