ᠲᠠᠷᠢᠶᠠᠯᠠᠩ ᠤᠨ ᠬᠤᠷ᠎ᠠ
ᠨᠡᠶᠢᠲᠡᠯᠡᠭᠰᠡᠨ ᠴᠠᠭ᠄
2024/4/19
      ᠲᠠᠷᠢᠶᠠᠯᠠᠩ ᠤᠨ ᠬᠤᠷ᠎ᠠ ᠪᠣᠯ ᠬᠤᠷᠢᠨ ᠳᠦᠷᠪᠡᠨ ᠴᠠᠭ ᠤᠯᠠᠷᠢᠯ ᠤᠨ ᠵᠢᠷᠭᠤᠳᠤᠭᠠᠷ ᠴᠠᠭ ᠤᠯᠠᠷᠢᠯ ᠪᠣᠯᠬᠤ ᠪᠦᠭᠡᠳ ᠬᠠᠪᠤᠷ ᠤᠨ ᠤᠯᠠᠷᠢᠯ ᠤᠨ ᠬᠠᠮᠤᠭ ᠤᠨ ᠰᠡᠭᠦᠯᠴᠢ ᠶᠢᠨ ᠨᠢᠭᠡ ᠴᠠᠭ ᠤᠯᠠᠷᠢᠯ ᠪᠣᠯᠣᠨ᠎ᠠ᠃ ᠡᠷᠲᠡᠨ ᠳᠤ ︽ᠲᠠᠷᠢᠶᠠᠯᠠᠩ ᠤᠨ ᠬᠤᠷ᠎ᠠ ᠪᠠᠷ ᠵᠠᠭᠤᠨ ᠲᠠᠷᠢᠶ᠎ᠠ ᠠᠮᠢᠯᠠᠬᠤᠢ︾ ᠭᠡᠵᠦ᠂ ᠡᠨᠡ ᠴᠠᠭ ᠤᠯᠠᠷᠢᠯ ᠳᠤ ᠦᠷ᠎ᠡ ᠰᠠᠴᠤᠵᠤ᠂ ᠴᠢᠬᠢ ᠰᠠᠭᠤᠯᠭᠠᠵᠤ᠂ ᠲᠠᠷᠢᠶᠠᠨ ᠠᠵᠢᠯ ᠡᠬᠢᠯᠡᠳᠡᠭ᠃ ᠡᠳᠦᠷ ᠰᠦᠨᠢ ᠶᠢᠨ ᠠᠭᠠᠷ ᠤᠨ ᠳᠤᠯᠠᠭᠠᠨ ᠤ ᠵᠦᠷᠢᠶ᠎ᠡ ᠪᠠᠭᠠᠰᠴᠤ᠂ ᠠᠭᠠᠷ ᠤᠨ ᠳᠤᠯᠠᠭᠠᠨ ᠳᠡᠭᠡᠭᠰᠢᠯᠡᠨ᠂ ᠭᠠᠳᠠᠭᠰᠢ ᠭᠠᠷᠴᠤ ᠵᠤᠭᠠᠯᠠᠨ ᠲᠣᠭᠤᠷᠢᠬᠤ ᠳᠤ ᠲᠣᠬᠢᠷᠠᠮᠵᠢᠲᠠᠢ ᠪᠣᠯᠳᠠᠭ᠃ᠡᠨᠡᠬᠦ ᠴᠠᠭ ᠤᠯᠠᠷᠢᠯ ᠳᠤ ᠦᠷᠭᠡᠰᠦᠲᠦ ᠨᠣᠭᠤᠭ᠎ᠠ ᠢᠳᠡᠪᠡᠯ ᠬᠤᠳᠣᠭᠤᠳᠤ ᠭᠡᠳᠡᠰᠦᠨ ᠤ ᠬᠠᠯᠠᠭᠤᠨ ᠬᠤᠣᠷ ᠢ ᠠᠷᠢᠯᠭᠠᠬᠤ ᠳᠤ ᠲᠤᠰᠠᠲᠠᠢ ᠪᠠᠶᠢᠵᠤ᠂ ᠬᠤᠯᠢᠮ᠎ᠠ ᠢᠳᠡᠪᠡᠯ ᠬᠠᠯᠠᠭᠤᠨ ᠢ ᠠᠷᠢᠯᠭᠠᠵᠤ ᠳᠡᠯᠢᠭᠦᠦ ᠶᠢ ᠰᠠᠶᠢᠵᠢᠷᠠᠭᠤᠯᠳᠠᠭ᠃ ᠬᠠᠷᠰᠢᠮᠠᠲᠠᠭᠠᠢ ᠴᠢᠨᠠᠷᠲᠠᠢ ᠬᠦᠮᠦᠰ ᠬᠤᠪᠢ ᠪᠡᠶ᠎ᠡ ᠶᠢᠨ ᠰᠡᠷᠭᠡᠶᠢᠯᠡᠯᠲᠡ ᠪᠠᠨ ᠴᠢᠩᠭᠠᠳᠬᠠᠵᠤ᠂ ᠴᠡᠴᠡᠭ ᠤᠨ ᠲᠣᠭᠤᠰᠣᠨ ᠠᠴᠠ ᠪᠣᠯᠵᠤ ᠬᠠᠮᠠᠷ ᠤᠨ ᠡᠪᠡᠳᠴᠢᠨ᠂ ᠬᠢᠷᠬᠢᠷ᠎ᠡ ᠡᠪᠡᠳᠴᠢᠨ ᠵᠡᠷᠭᠡ ᠬᠦᠳᠡᠯᠬᠦ ᠠᠴᠠ ᠬᠢᠴᠢᠶᠡᠪᠡᠯ ᠵᠣᠬᠢᠨ᠎ᠠ᠃
谷雨.jpg
ᠢᠷᠡᠯᠲᠡ᠄ ᠰᠢᠨ᠎ᠡ ᠪᠠᠷᠭᠤ ᠪᠠᠷᠠᠭᠤᠨ ᠬᠤᠰᠢᠭᠤᠨ ᠤ ᠠᠷᠠᠳ ᠤᠨ ᠵᠠᠰᠠᠭ ᠤᠨ ᠣᠷᠳᠣᠨ