ᠣᠶᠤᠰᠤᠲᠤ | | ᠣᠶᠢᠷ᠎ᠠ ᠶᠢᠨ ᠵᠢᠯ ᠤᠳ ᠲᠤ ᠮᠠᠨ ᠤ ᠣᠷᠣᠨ ᠤ ᠵᠠᠷᠢᠮ ᠠᠶᠢᠮᠠᠭ ᠬᠤᠰᠢᠭᠤ ᠪᠠᠷ ᠬᠤᠷᠠᠭᠠᠨ ᠤ ᠪᠣᠯᠴᠢᠩ ᠴᠠᠶᠢᠬᠤ ᠡᠪᠡᠳᠴᠢᠨ ᠡᠭᠦᠰᠴᠤ᠂ ᠮᠠᠯᠴᠢᠳ ᠤᠨ | ᠮᠠᠯᠵᠢᠬᠤ ᠦᠢᠯᠡᠳᠪᠦᠷᠢᠯᠡᠯ ᠳᠤ ᠪᠠᠭ᠎ᠠ ᠪᠤᠰᠤ ᠬᠤᠬᠢᠷᠠᠯ ᠤᠴᠠᠷᠠᠭᠤᠯᠵᠤ ᠪᠠᠶᠢᠨ᠎ᠠ᠃ ᠲᠣᠰ ᠡᠪᠡᠳᠴᠢᠨ ᠪᠣᠯ ᠭᠤᠤᠯᠳᠠᠭᠤ ᠰᠧᠯᠧᠨ ᠲᠤᠲᠠᠭᠳᠠᠭᠰᠠᠨ ᠭᠠᠵᠠᠷ | ᠤᠷᠣᠨ ᠢᠶᠠᠷ ᠡᠭᠦᠰᠴᠤ ᠤᠲᠠᠭᠠᠨ ᠳᠤ ᠪᠠᠨ ᠤᠷᠣᠨ ᠨᠣᠳᠤᠭ ᠤᠨ ᠴᠢᠨᠡᠷᠳᠡᠢ ᠡᠪᠡᠳᠴᠢᠨ ᠪᠣᠯᠵᠦ ᠲᠠᠷᠬᠠᠨ ᠳᠡᠯᠭᠡᠷᠡᠵᠤ ᠪᠣᠢ᠃ ᠡᠶᠢᠮᠤ ᠠᠴᠠ ᠡᠨᠡ ᠬᠦ ᠡᠪᠡᠳᠴᠢᠨ ᠢ | ᠤᠨᠤᠰᠢᠯᠠᠨ ᠵᠠᠰᠠᠵᠤ ᠤᠷᠢᠳᠴᠢᠯᠠᠨ ᠰᠡᠷᠭᠡᠶᠢᠯᠡᠬᠦ ᠨᠢ ᠲᠤᠩ ᠴᠢᠬᠤᠯᠠ ᠠᠴᠢ ᠬᠤᠯᠪᠤᠭᠳᠠᠯ ᠲᠠᠢ᠃ | ᠬᠤᠷᠠᠭᠠᠨ ᠤ ᠪᠣᠯᠴᠢᠩ ᠴᠠᠶᠢᠬᠤ ᠡᠪᠡᠳᠴᠢᠨ ᠪᠣᠯ ᠪᠢᠴᠢᠯ ᠡᠯᠧᠮᠧᠨ᠋ᠲ ᠰᠧᠯᠧᠨ ᠪᠣᠯᠣᠨ ᠸᠢᠲ᠋ᠠᠮᠢᠨ ᠳᠣᠲᠠᠭᠳᠠᠭᠰᠠᠨ ᠠᠴᠠ ᠬᠡᠯᠬᠢᠶ᠎ᠡ ᠶᠠᠰᠤᠨ ᠤ ᠪᠣᠯᠴᠢᠩ ᠪᠠ | ᠵᠢᠷᠦᠭᠡᠨ ᠤ ᠪᠣᠯᠴᠢᠩ ᠳᠤ ᠬᠤᠪᠢᠰᠤᠯ ᠡᠭᠦᠰᠦᠨ ᠦᠭᠦᠵᠢᠯ ᠪᠣᠢ ᠪᠣᠯᠵᠤ᠂ ᠬᠥᠳᠡᠯᠭᠡᠭᠡᠨ ᠨᠢ ᠬᠠᠷᠰᠢᠯᠠᠭᠳᠠᠵᠤ᠂ ᠵᠢᠷᠤᠭᠡᠨ ᠤ ᠠᠵᠢᠯᠯᠠᠭ᠎ᠠ ᠶᠢ ᠨᠢ ᠴᠤᠴᠢᠮᠠᠭ | ᠮᠠᠭᠤᠳᠠᠭᠤᠯᠳᠠᠭ ᠣᠨᠴᠠᠯᠢᠭ ᠲᠠᠢ ᠨᠢᠭᠡ ᠵᠦᠶᠢᠯ ᠤᠨ ᠰᠣᠯᠢᠯᠴᠠᠭᠠᠨ ᠤ ᠴᠢᠨᠠᠷᠲᠠᠢ ᠲᠥᠯ ᠮᠠᠯ ᠤᠨ ᠡᠪᠡᠳᠴᠢᠨ ᠪᠣᠯᠬᠤ ᠪᠥᠭᠡᠳ ᠦᠭᠦᠯᠲᠡ ᠶᠢᠨ ᠨᠣᠷᠮ᠎ᠠ ᠨᠢ | ᠦᠨᠳᠤᠷ᠂ ᠬᠤᠣᠷ ᠬᠦᠨᠣᠭᠡᠯ ᠶᠡᠭᠡᠳᠠᠢ ᠡᠪᠡᠳᠴᠢᠨ ᠪᠣᠯᠬᠤ ᠶᠤᠮ᠃ | ᠨᠢᠭᠡ᠂ ᠡᠪᠡᠳᠴᠢᠨ ᠤ ᠰᠢᠨᠵᠢ ᠲᠡᠮᠳᠡᠭ | ᠶᠠᠷᠤᠩᠬᠡᠢ ᠳᠤ ᠪᠠᠨ 1 — 2 ᠰᠠᠷ᠎ᠠ ᠪᠣᠯᠵᠤ ᠪᠠᠶᠢᠭ᠎ᠠ ᠬᠤᠷᠠᠭᠠᠨ ᠳᠤ ᠬᠠᠮᠤᠭ ᠤᠨ ᠤᠯᠠᠨ ᠲᠣᠬᠢᠶᠠᠯᠳᠤᠨ᠎ᠠ᠃ ᠲᠣᠰ ᠡᠪᠡᠳᠴᠢᠨ ᠤ ᠡᠪᠡᠳᠴᠢᠨ ᠡᠭᠦᠰᠬᠦ ᠨᠢ | ᠴᠣᠴᠢᠮᠠᠭ᠂ ᠴᠣᠴᠢᠮᠠᠭᠳᠠᠭᠤ ᠪᠣᠯᠤᠨ ᠣᠵᠢᠭ ᠭᠡᠵᠤ ᠭᠤᠷᠪᠠᠨ ᠬᠡᠯᠪᠡᠷᠢ ᠳᠤ ᠬᠤᠪᠢᠶᠠᠨ᠎ᠠ᠃ ᠡᠩ ᠤᠨ ᠪᠠᠶᠢᠳᠠᠯ ᠳᠤ ᠴᠤᠴᠢᠮᠠᠭᠳᠠᠭᠤ ᠬᠡᠯᠪᠡᠷᠢ ᠶᠢᠨ ᠤᠯᠠᠨ | ᠳᠣᠬᠢᠶᠠᠯᠳᠤᠨ᠎ᠠ᠃ | 1. ᠴᠤᠴᠢᠮᠠᠭ ᠬᠡᠯᠪᠡᠷᠢ᠄ ᠤᠯᠠᠩᠬᠢ ᠳᠤ ᠪᠠᠨ ᠰᠢᠨᠵᠢ ᠲᠡᠮᠳᠡᠭ ᠢᠯᠡᠷᠡᠬᠦ ᠦᠭᠡᠢ ᠪᠠᠷ ᠭᠡᠨᠠᠲᠠ ᠦᠭᠦᠨᠡ᠃ ᠴᠤᠴᠢᠮᠠᠭ ᠬᠡᠯᠪᠡᠷᠢ ᠶᠢᠨ ᠦᠶ᠎ᠡ ᠳᠤ ᠢᠳᠡᠰᠢᠨ | ᠲᠤᠷᠠᠰᠢᠯ ᠦᠭᠡᠢ᠂ ᠲᠣᠭᠲᠠᠪᠤᠷᠢ ᠦᠭᠡᠢ ᠪᠣᠯᠬᠤ᠂ ᠮᠠᠶᠢᠯᠠᠬᠤ ᠡᠰᠡᠭᠦᠯ᠎ᠡ ᠶᠠᠮᠠᠷ ᠴᠦ ᠰᠢᠨᠵᠢ ᠳᠡᠮᠳᠡᠭ ᠢᠯᠡᠷᠡᠬᠦ ᠦᠭᠡᠢ ᠪᠠᠷ ᠭᠡᠨᠡᠳᠳᠡ ᠪᠠᠷ ᠦᠬᠦᠳᠡᠭ᠃ | 2. ᠴᠤᠴᠢᠮᠠᠭᠳᠠᠭᠤ ᠪᠠ ᠣᠵᠢᠭ ᠬᠡᠯᠪᠡᠷᠢ᠄ ᠢᠯᠡᠷᠭᠡᠢ ᠰᠢᠨᠵᠢ ᠲᠠᠮᠳᠡᠭ ᠤᠳ ᠢ ᠦᠵᠡᠭᠦᠯᠳᠡᠭ᠃ ᠬᠤᠷᠠᠭᠠᠨ ᠳᠤ ᠲᠣᠰ ᠡᠪᠡᠳᠴᠢᠨ ᠬᠥᠩᠭᠡᠨ ᠲᠣᠰᠪᠡᠯ | ᠬᠦᠳᠡᠯᠭᠡᠭᠡᠨ ᠨᠢ ᠬᠠᠷᠰᠢᠯᠠᠭᠳᠠᠬᠤ᠂ ᠴᠤᠭ ᠰᠦᠯᠲᠡ ᠨᠢ ᠨᠣᠵᠣᠭᠤᠷᠠᠵᠤ ᠬᠦᠳᠡᠯᠭᠡᠭᠡᠨ ᠬᠢᠬᠦ ᠲᠣᠷ᠎ᠠ ᠦᠭᠡᠢ᠂ ᠡᠴᠠᠵᠤ ᠲᠤᠷᠠᠬᠤ ᠴᠢᠰᠤ ᠨᠢ ᠪᠠᠭᠠᠰᠬᠤ᠂ | ᠰᠢᠩᠬᠡᠭᠡᠯᠲᠠ ᠶᠢᠨ ᠠᠵᠢᠯᠯᠠᠭ᠎ᠠ ᠨᠢ ᠰᠠᠮᠠᠭᠤᠷᠠᠬᠤ᠂ ᠵᠠᠷᠢᠮ ᠦᠶ᠎ᠡ ᠳᠤ ᠦᠭᠡᠷ᠎ᠡ ᠲᠡᠵᠢᠭᠡᠯ ᠳᠤ ᠰᠢᠨᠤᠬᠤ᠂ ᠠᠯᠬᠤᠭ᠎ᠠ ᠨᠢ ᠬᠦᠰᠢᠭᠦᠨ ᠪᠣᠯᠵᠤ ᠪᠡᠶ᠎ᠡ ᠶᠢᠨ ᠬᠤᠶᠢᠳᠤ | ᠭᠡᠰᠡᠭ ᠨᠢ ᠭᠤᠶᠢᠪᠢᠯᠵᠠᠬᠤ᠂ ᠵᠣᠭᠰᠣᠬᠤ ᠳᠤ ᠪᠠᠨ ᠳᠥᠷᠪᠡᠨ ᠬᠥᠯ ᠢᠶᠠᠨ ᠰᠤᠯᠪᠢᠨ ᠵᠣᠭᠰᠣᠬᠤ᠂ ᠪᠣᠯᠴᠢᠩ ᠮᠢᠬ᠎ᠠ ᠨᠢ ᠴᠡᠴᠡᠷᠬᠢᠯᠡᠨ᠂ ᠬᠡᠪᠡᠯᠢ ᠨᠢ ᠲᠠᠲᠠᠯᠳᠤᠬᠤ᠂ | ᠬᠦᠵᠦᠭᠦᠦ ᠪᠠᠨ ᠣᠷᠣᠭᠰᠢ ᠰᠤᠩᠭᠠᠨ ᠬᠤᠨᠳᠤᠯᠠᠢ ᠪᠣᠯᠣᠨ ᠲᠠᠯᠤ ᠶᠢᠨ ᠬᠡᠰᠡᠭ ᠲᠤ ᠨᠢ ᠬᠠᠪᠤᠩᠨᠠᠬᠤ᠂ ᠨᠢᠷᠤᠭᠤ ᠨᠢ ᠬᠠᠲᠠᠭᠤ ᠬᠦᠳᠡᠯᠭᠡᠭᠡᠨ ᠬᠢᠬᠦ ᠲᠣᠷ᠎ᠠ ᠦᠭᠡᠢ᠂ | ᠰᠦᠷᠦᠭ ᠠᠴᠠ ᠪᠠᠨ ᠰᠠᠯᠵᠤ ᠬᠡᠪᠳᠡᠬᠦ ᠳᠤᠷᠠᠲᠠᠢ ᠪᠣᠯᠬᠤ ᠪᠠ ᠠᠭᠠᠵᠢᠮ ᠢᠶᠠᠷ ᠰᠠ ᠪᠣᠯᠬᠤ ᠢᠯᠡᠷᠡᠯ ᠲᠠᠢ᠃ ᠬᠦᠨᠲᠤ ᠪᠠᠷ ᠲᠣᠰᠣᠭᠰᠠᠨ ᠦᠶ᠎ᠡ ᠳᠤ ᠵᠢᠷᠦᠭᠡᠨ | ᠴᠣᠬᠢᠯᠭ᠎ᠠ ᠨᠢ ᠲᠦᠷᠭᠡᠰᠴᠤ᠂ ᠮᠢᠨᠦ᠋ᠲ ᠪᠦᠷᠢ 200 ᠠᠴᠠ ᠳᠡᠭᠡᠭᠰᠢ ᠤᠳᠠᠭ᠎ᠠ ᠳᠤ ᠬᠦᠷᠳᠡᠭ᠃ ᠵᠢᠷᠤᠭᠡᠨ ᠬᠡᠮᠨᠠᠯ ᠨᠢ ᠵᠢᠭᠳᠡ ᠪᠣᠰᠤ ᠴᠢᠮᠡᠭᠡ ᠰᠤᠨᠣᠰᠳᠠᠨ᠋ᠠ᠃ | ᠠᠮᠢᠰᠠᠬᠤᠯ ᠨᠢ ᠰᠤᠯᠠ ᠪᠥᠭᠡᠳ ᠲᠦᠷᠭᠡᠨ ᠪᠣᠯᠵᠤ᠂ ᠮᠢᠨᠦ᠋ᠲ ᠪᠦᠷᠢ 70 —— 80 ᠤᠳᠠᠭ᠎ᠠ ᠠᠮᠢᠰᠬᠤᠯᠯᠠᠨ᠎ᠠ᠃ ᠪᠥᠬᠦ ᠪᠡᠶ᠎ᠡ ᠶᠢᠨ ᠪᠣᠯᠴᠢᠩ ᠮᠢᠬ᠎ᠠ ᠨᠢ | ᠮᠣᠳᠣ ᠴᠢᠯᠠᠭᠤ ᠰᠢᠭ᠋ ᠬᠠᠳᠠᠭᠤᠷᠠᠵᠤ᠂ ᠪᠣᠰᠬᠤ ᠳᠤ ᠪᠠᠨ ᠬᠦᠴᠢᠷᠳᠡᠬᠦ᠂ ᠰᠢᠩᠬᠡᠭᠡᠯᠲᠡ ᠶᠢᠨ ᠰᠢᠰᠲ᠋ᠧᠮ ᠤᠨ ᠠᠵᠢᠯᠯᠠᠭ᠎ᠠ ᠨᠢ ᠰᠠᠮᠠᠭᠤᠷᠠᠵᠤ᠂ ᠤᠯᠠᠩᠬᠢ ᠳᠤ ᠪᠠᠨ | ᠴᠢᠴᠠᠯᠠ ᠠᠯᠳᠠᠬᠤ ᠪᠤᠶᠤ ᠵᠠᠷᠢᠮ ᠨᠢ ᠪᠠᠰᠠ ᠬᠤᠷᠭᠤᠰᠤᠯᠠᠬᠤ ᠢᠯᠠᠷᠠᠯ ᠭᠠᠷᠳᠠᠭ᠃ ᠨᠢᠳᠦᠨ ᠵᠣᠪᠬᠢᠨ ᠤ ᠰᠠᠯᠢᠰᠲᠤ ᠪᠦᠷᠭᠦᠪᠴᠢ ᠨᠢ ᠴᠠᠶᠢᠬᠤ ᠪᠣᠶᠦ ᠣᠨᠴᠠ ᠵᠡᠷᠢᠮ | ᠨᠢ ᠨᠢᠳᠤᠨ ᠤ ᠡᠪᠡᠷᠯᠢᠭ ᠪᠦᠷᠭᠦᠪᠴᠢ ᠨᠢ ᠪᠣᠯᠡᠩᠬᠢᠷᠳᠤᠨ ᠵᠦᠭᠡᠯᠡᠷᠠᠵᠤ᠂ ᠬᠠᠷᠠᠭ᠎ᠠ ᠠᠯᠳᠠᠬᠤ ᠪᠤᠶᠦ ᠨᠢᠳᠦ ᠨᠢ ᠪᠦᠯᠳᠠᠶᠢᠬᠦ ᠦᠵᠡᠭᠳᠡᠯ ᠴᠤ ᠪᠠᠶᠢᠳᠠᠭ᠃ ᠰᠢᠭᠡᠰᠦᠨ | ᠳᠠᠬᠢ ᠤᠭᠤᠷᠠᠭ ᠪᠣᠯᠣᠨ ᠰᠢᠬᠢᠷ ᠤᠨ ᠠᠭᠤᠯᠤᠭᠳᠠᠴᠠ ᠨᠢ ᠳᠡᠭᠡᠭᠰᠢᠯᠡᠵᠦ᠂ ᠰᠢᠭᠡᠰᠦ ᠨᠢ ᠬᠦᠷᠷᠡᠩ ᠤᠯᠠᠭᠠᠨ ᠦᠩᠭᠡ ᠲᠠᠢ ᠪᠣᠯᠵᠤ᠂ ᠪᠡᠶ᠎ᠡ ᠶᠢᠨ ᠬᠠᠯᠠᠭᠤᠨ ᠨᠢ ᠬᠡᠪ | ᠲᠤ ᠪᠠᠨ ᠪᠠᠶᠢᠳᠠᠭ᠃ ᠡᠪᠡᠳᠴᠢᠨ ᠤ ᠶᠠᠪᠤᠴᠠ ᠨᠢ ᠨᠢᠭᠡ ᠭᠠᠷᠠᠭ ᠣᠷᠴᠢᠮ ᠦᠷᠭᠦᠯᠵᠢᠯᠡᠨ᠎ᠡ᠃ | ᠣᠵᠢᠭ ᠬᠡᠯᠪᠡᠷᠢ ᠳᠤ ᠰᠢᠯᠵᠢᠪᠡᠯ ᠤᠯᠠᠩᠬᠢ ᠳᠤ ᠪᠠᠨ ᠬᠡᠳᠤᠨ ᠡᠳᠦᠷ ᠦᠷᠬᠦᠯᠵᠢᠯᠡᠳᠡᠭ ᠪᠠ ᠵᠠᠷᠢᠮ ᠦᠶ᠎ᠡ ᠳᠤ ᠡᠪᠡᠳᠴᠢᠨ ᠨᠢ ᠳᠡᠬᠢᠵᠤ ᠴᠤᠴᠢᠮᠠᠭ ᠦᠬᠦᠳᠡᠭ | ᠃ | ᠬᠤᠶᠠᠷ᠂ ᠡᠮᠭᠡᠡ ᠤᠨ ᠬᠤᠪᠢᠷᠠᠯ | ᠡᠮᠬᠡᠭ ᠤᠨ ᠬᠤᠪᠢᠷᠠᠯ ᠤᠨ ᠲᠠᠯ᠎ᠠ ᠪᠠᠷ ᠭᠤᠤᠯᠳᠠᠭᠤ ᠪᠣᠯᠴᠢᠩ ᠮᠢᠬ᠎ᠠ ᠪᠣᠯᠣᠨ ᠡᠯᠢᠭᠡ᠂ ᠵᠢᠷᠤᠭᠡ᠂ ᠳᠡᠯᠢᠭᠦᠦ ᠵᠡᠷᠭᠡ ᠡᠷᠬᠡᠳᠠᠨ ᠳᠤ ᠡᠪᠡᠳᠴᠢᠨ ᠤ | ᠬᠤᠪᠢᠷᠠᠯᠲᠠ ᠭᠠᠷᠤᠭᠰᠠᠨ ᠪᠠᠶᠢᠳᠠᠭ᠃ ᠪᠣᠯᠴᠢᠩ ᠮᠢᠬᠠᠨ ᠤ ᠴᠢᠨᠠᠷ ᠨᠢ ᠬᠤᠪᠢᠷᠠᠭᠠᠳ᠂ ᠪᠣᠯᠭᠤᠭᠰᠠᠨ ᠮᠢᠬ᠎ᠠ ᠰᠢᠭ᠋ ᠦᠨᠡᠰᠦᠨ ᠰᠢᠷ᠎ᠡ ᠦᠩᠬᠡ ᠲᠠᠢ ᠪᠣᠯᠬᠤ ᠪᠥᠭᠡᠳ | ᠲᠡᠭᠡᠷ᠎ᠡ ᠨᠢ ᠴᠠᠭᠠᠨ ᠲᠤᠯᠪᠤ ᠢᠯᠡᠷᠠᠵᠤ᠂ ᠵᠢᠷᠤᠭᠡᠨ ᠤ ᠵᠡᠭᠦᠨ ᠬᠤᠪᠲᠤᠯ ᠨᠢ ᠨᠠᠩ ᠲᠤᠳᠣᠷᠬᠠᠢ ᠪᠠᠶᠢᠳᠠᠭ᠃ ᠵᠢᠷᠤᠬᠡᠨ ᠲᠤᠳᠣᠷ᠎ᠠ ᠨᠢ ᠲᠣᠮᠣ ᠬᠡᠰᠡᠭ ᠨᠥᠵᠢ | ᠡᠭᠦᠰᠦᠭᠰᠡᠨ ᠪᠠᠶᠢᠳᠠᠭ᠃ ᠦᠩᠭᠦᠯᠴᠡᠭ ᠲᠡᠭᠡᠷ᠎ᠡ ᠨᠢ ᠴᠢᠰᠤᠨ ᠲᠤᠯᠪᠤ ᠢᠯᠡᠷᠡᠵᠤ᠂ ᠡᠯᠢᠭᠡ ᠨᠢ ᠬᠠᠪᠤᠳᠴᠤ ᠳᠣᠮᠣᠷᠠᠭᠰᠠᠨ ᠮᠥᠷᠳᠡᠭᠡᠨ ᠡᠯᠢᠭᠡᠨ ᠤ ᠭᠠᠲᠠᠷᠭᠤ ᠪᠠ | ᠪᠥᠭᠡᠷ᠎ᠡ᠂ ᠳᠡᠯᠢᠭᠦᠦ ᠳᠡᠭᠡᠷ᠎ᠡ ᠨᠢ ᠴᠥᠮ ᠴᠠᠭᠠᠨ ᠲᠤᠯᠪᠤ ᠭᠠᠷᠴᠤ ᠠᠷᠠᠰᠤ ᠶᠢ ᠨᠢ ᠥᠪᠴᠢᠬᠦ ᠳᠤ ᠪᠠᠷᠤᠭ ᠯᠠ ᠴᠢᠰᠤ ᠦᠭᠡᠢ ᠪᠣᠯᠴᠢᠬᠠᠭᠰᠠᠨ ᠪᠠᠶᠢᠳᠠᠭ᠃ | ᠭᠤᠷᠪᠠ᠂ ᠤᠨᠤᠰᠢᠯᠠᠬᠤ | ᠣᠨᠣᠰᠢᠯᠠᠬᠤ ᠲᠠᠯ᠎ᠠ ᠪᠠᠷ ᠭᠤᠣᠤᠯᠳᠠᠭᠤ ᠬᠦᠳᠡᠯᠭᠡᠭᠡᠨ ᠨᠢ ᠬᠠᠷᠰᠢᠯᠠᠭᠳᠠᠬᠤ᠂ ᠬᠡᠯᠬᠢᠶ᠎ᠡ ᠶᠠᠰᠤᠨ ᠤ ᠪᠣᠯᠴᠢᠩ ᠪᠣᠯᠣᠨ ᠵᠢᠷᠦᠭᠡᠨ ᠪᠣᠯᠴᠢᠩ ᠳᠤ ᠨᠢ ᠬᠤᠪᠢᠰᠤᠯ | ᠡᠭᠦᠰᠴᠤ᠂ ᠦᠭᠦᠵᠢᠯ ᠪᠣᠢ ᠪᠣᠯᠬᠤ ᠦᠩᠭᠡ ᠨᠢ ᠴᠠᠶᠢᠬᠤ ᠵᠡᠷᠭᠡ ᠣᠨᠴᠠᠭᠠᠢ ᠰᠢᠨᠵᠢ ᠲᠡᠮᠳᠡᠭ ᠢ ᠨᠢ ᠦᠨᠳᠣᠰᠣᠯᠠᠵᠤ᠂ ᠡᠪᠡᠳᠴᠢᠯᠡᠭᠰᠡᠨ ᠤᠯᠠᠡᠷᠢᠯ᠂ ᠨᠠᠰᠤ ᠵᠢᠯ᠂ | ᠲᠡᠵᠢᠭᠡᠯᠭᠡ ᠠᠷᠠᠴᠢᠯᠠᠭ᠎ᠠ ᠶᠢᠨ ᠪᠠᠶᠢᠳᠡᠯ᠂ ᠲᠣᠰ ᠡᠪᠡᠳᠴᠢᠨ ᠦᠷᠭᠦᠯᠵᠢ ᠡᠭᠦᠰᠳᠡᠭ ᠭᠠᠵᠠᠷ ᠤᠷᠣᠨ ᠮᠥᠨ ᠡᠰᠡᠬᠦ ᠪᠣᠯᠤᠨ ᠬᠦᠷᠦᠰᠦᠨ ᠳᠤ ᠠᠭᠤᠯᠤᠭᠳᠠᠬᠤ | ᠰᠧᠯᠧᠨ ᠤ ᠬᠡᠮᠵᠢᠶ᠎ᠡ ᠶᠢ ᠪᠠᠶᠢᠴᠠᠭᠠᠭᠰᠠᠨ ᠦᠷ᠎ᠡ ᠳ᠋ᠦᠩ ᠵᠡᠷᠭᠡ ᠲᠠᠢ ᠤᠶᠠᠯᠳᠤᠭᠤᠯᠤᠨ ᠶᠠᠷᠤᠩᠬᠡᠶᠢᠯᠠᠨ ᠵᠠᠳᠠᠯᠵᠤ ᠰᠢᠨᠵᠢᠯᠡᠪᠡᠯ ᠶᠡᠷᠤᠩᠬᠡᠢ ᠳᠤ ᠪᠠᠨ ᠵᠥᠪ | ᠣᠨᠣᠪᠴᠢᠳᠠᠢ ᠤᠨᠤᠰᠢᠯᠠᠵᠤ ᠴᠢᠳᠠᠨ᠎ᠠ᠃ | ᠳᠥᠷᠪᠡ᠂ ᠰᠡᠷᠭᠡᠶᠢᠯᠡᠨ ᠵᠠᠰᠠᠬᠤ | ᠰᠧᠯᠧᠨ ᠤ ᠨᠠᠶᠢᠷᠠᠯᠭ᠎ᠠ ᠲᠠᠢ ᠡᠮ ᠢᠶᠠᠷ ᠲᠣᠰ ᠡᠪᠡᠳᠴᠢᠨ ᠢ ᠰᠡᠷᠭᠡᠶᠢᠯᠡᠬᠦ ᠪᠤᠶᠤ ᠡᠮᠴᠢᠯᠡᠪᠡᠯ ᠦᠷ᠎ᠡ ᠳ᠋ᠦᠩ ᠨᠢ ᠰᠠᠶᠢᠨ ᠪᠠᠶᠢᠳᠠᠭ ᠭᠡᠳᠡᠭ ᠢ ᠦᠢᠯᠡᠳᠦᠯᠭᠡ | ᠬᠡᠷᠡᠴᠢᠯᠠᠪᠠ᠃ | 1. ᠡᠮᠴᠢᠯᠡᠨ ᠵᠠᠰᠠᠬᠤ ᠠᠷᠭ᠎ᠠ ᠬᠡᠮᠵᠢᠶ᠎ᠡ | ᠬᠤᠷᠠᠭᠠᠨ ᠤ ᠪᠣᠯᠴᠢᠩ ᠴᠠᠶᠢᠬᠤ ᠡᠪᠡᠳᠴᠢᠨ ᠢ ᠡᠮᠴᠢᠯᠡᠬᠦ ᠳᠤ ᠪᠠᠨ ᠭᠤᠣᠯ ᠨᠢ 01% ᠶᠢᠨ ᠲᠣᠲᠠᠭᠤ ᠰᠧᠯᠧᠨ ᠬᠦᠴᠢᠯ ᠤᠨ ᠨᠠᠲᠷᠢ ᠶᠢᠨ ᠠᠭᠤᠰᠤᠮᠠᠯ ᠢ | ᠪᠣᠯᠴᠢᠩ ᠡᠰᠡᠭᠦᠯ᠎ᠡ ᠠᠷᠠᠰᠤᠨ ᠲᠣᠣᠷ᠎ᠠ ᠨᠢ ᠲᠠᠷᠢᠨ᠎ᠠ᠃ | ︵1︶ 15 ᠬᠤᠨᠤᠭ ᠤᠨ ᠳᠣᠲᠣᠷᠠᠬᠢ ᠬᠤᠷᠠᠭᠠᠨ ᠳᠤ 01% ᠶᠢᠨ ᠳᠤᠲᠠᠭᠤ ᠰᠧᠯᠧᠨ ᠬᠦᠴᠢᠯ ᠤᠨ ᠨᠠᠲᠷᠢ ᠶᠢᠨ ᠠᠭᠤᠰᠤᠮᠠᠯ ᠢ 2 — 5ml ᠢᠶᠠᠷ 5 | ᠬᠤᠨᠤᠭ ᠠᠯᠤᠰᠯᠠᠬᠤ ᠪᠦᠷᠢ ᠨᠢᠭᠡ ᠤᠳᠠᠭ᠎ᠠ ᠲᠠᠷᠢᠬᠤ ᠠᠷᠭ᠎ᠠ ᠪᠠᠷ ᠨᠠᠶᠢᠳᠠ 3 ᠤᠳᠠᠭ᠎ᠠ ᠲᠠᠷᠢᠨ᠎ᠠ᠃ | ︵2︶ 15 ᠬᠤᠨᠤᠭ ᠠᠴᠠ ᠳᠡᠭᠡᠭᠰᠢᠬᠢ ᠬᠤᠷᠠᠭᠠᠨ ᠳᠤ 5ml ᠢᠶᠠᠷ 0.1% ᠶᠢᠨ ᠲᠤᠲᠠᠭᠤ ᠰᠧᠯᠧᠨ ᠬᠦᠴᠢᠯ ᠤᠨ ᠨᠠᠲᠷᠢ ᠶᠢᠨ ᠠᠭᠤᠰᠤᠮᠠᠯ ᠢ 7 | ᠬᠤᠨᠤᠭ ᠲᠤ ᠨᠢᠭᠡ ᠤᠳᠠᠭ᠎ᠠ ᠲᠠᠷᠢᠬᠤ ᠠᠷᠭ᠎ᠠ ᠪᠠᠷ ᠨᠡᠶᠢᠳᠠ 4 ᠤᠳᠠᠭ᠎ᠠ ᠲᠠᠷᠢᠨ᠎ᠠ᠃ ᠡᠭᠦᠨ ᠤ ᠬᠠᠮᠳᠤ ᠪᠣᠯᠴᠢᠩ ᠳᠤ ᠨᠢ ᠸᠢᠲ᠋ᠠᠮᠢᠨ D ᠶᠢ ᠲᠠᠷᠢᠪᠡᠯ ᠦᠷ᠎ᠡ | ᠳ᠋ᠦᠩ ᠨᠢ ᠨᠡᠩ ᠰᠠᠶᠢᠨ᠃ | 2. ᠰᠡᠷᠭᠡᠶᠢᠯᠡᠬᠦ ᠠᠷᠭ᠎ᠠ ᠬᠡᠮᠵᠢᠶ᠎ᠡ | ᠬᠤᠷᠠᠭᠠᠨ ᠤ ᠪᠣᠯᠴᠢᠩ ᠴᠠᠶᠢᠬᠤ ᠡᠪᠡᠳᠴᠢᠨ ᠢᠯᠡᠷᠡᠳᠡᠭ ᠭᠠᠵᠠᠷ ᠤᠷᠣᠨ ᠤ ᠬᠤᠷᠠᠭ᠎ᠠ ᠢᠰᠢᠭᠡᠨ ᠳᠤ ᠳᠤᠲᠠᠭᠤ ᠰᠧᠯᠧᠨ ᠬᠦᠴᠢᠯ ᠤᠨ ᠨᠠᠲᠷᠢ ᠶᠢᠨ | ᠠᠭᠤᠰᠣᠮᠠᠯ ᠢ ᠨᠡᠶᠢᠳᠡᠮ ᠲᠡᠷᠢᠪᠡᠯ ᠪᠦᠳᠣᠮᠵᠢᠲᠠᠢ ᠰᠡᠷᠭᠡᠶᠢᠯᠡᠵᠤ ᠴᠢᠳᠡᠨ᠎ᠡ᠃ ᠸᠢᠲ᠋ᠠᠮᠢᠨ ᠢ ᠬᠠᠪᠰᠤᠷᠭᠠᠨ ᠬᠡᠷᠡᠭᠯᠡᠪᠡᠯ ᠨᠠᠩ ᠰᠠᠶᠢᠨ᠃ ᠡᠭᠦᠨ ᠤ ᠬᠠᠮᠲᠤ ᠡᠪᠡᠳᠴᠢᠲᠠᠢ | ᠬᠤᠷᠠᠭ᠎ᠠ ᠶᠢ ᠨᠠᠷᠢᠨ ᠨᠢᠮᠪᠡᠢ ᠠᠷᠠᠴᠢᠯᠠᠨ ᠳᠤᠳᠣᠮᠳᠠᠵᠤ᠂ ᠰᠠᠶᠢᠨ ᠡᠪᠡᠰᠦ ᠪᠠᠯᠴᠢᠭᠡᠷ ᠲᠤ ᠬᠠᠷᠢᠭᠤᠯᠬᠤ ᠳᠤ ᠪᠠᠨ ᠬᠦᠶᠦᠯᠭᠡᠵᠤ ᠬᠠᠷᠠᠶᠢᠯᠭᠠᠬᠤ ᠠᠴᠠ ᠬᠢᠴᠢᠶᠡᠨ | ᠤᠭᠤᠷᠠᠭ᠂ ᠸᠢᠲ᠋ᠠᠮᠢᠨ ᠪᠠ ᠰᠧᠯᠧᠨ ᠤ ᠠᠭᠤᠯᠤᠭᠳᠠᠴᠠ ᠶᠡᠭᠡ ᠲᠡᠵᠢᠭᠡᠯ ᠡᠪᠡᠰᠦ ᠪᠠᠷ ᠨᠦᠭᠦᠪᠦᠷᠢᠯᠡᠨ ᠲᠡᠵᠢᠭᠡᠪᠡᠯ ᠵᠣᠬᠢᠨ᠎ᠠ᠃ | ᠡᠭᠦᠨ ᠠᠴᠠ ᠭᠠᠳᠠᠨ᠎ᠠ ᠬᠡᠭᠡᠯᠲᠡᠢ ᠮᠠᠯ ᠪᠠ ᠲᠦᠯᠯᠡᠭᠰᠡᠨ ᠡᠬᠡ ᠮᠠᠯ ᠤᠨ ᠠᠷᠠᠴᠢᠯᠠᠭ᠎ᠠ ᠮᠠᠯᠯᠠᠭ᠎ᠠ ᠶᠢ ᠰᠠᠶᠢᠵᠢᠷᠠᠭᠤᠯᠤᠨ ᠡᠪᠦᠯ ᠤᠨ ᠤᠯᠠᠷᠢᠯ ᠳᠤ ᠳᠤᠲᠠᠭᠤ | ᠰᠧᠯᠧᠨ ᠬᠦᠴᠢᠯ ᠤᠨ ᠨᠠᠲᠷᠢ ᠶᠢᠨ ᠠᠭᠤᠰᠤᠮᠠᠯ᠂ ᠸᠢᠲ᠋ᠠᠮᠢᠨ E ᠶᠢ ᠬᠤᠨᠢ ᠪᠦᠷᠢ ᠳᠤ 6 - 8ml ᠲᠠᠷᠢᠬᠤ ᠠᠷᠭ᠎ᠠ ᠪᠠᠷ ᠲᠤᠰ ᠡᠪᠡᠳᠴᠢᠨ ᠢ ᠰᠡᠷᠭᠡᠶᠢᠯᠡᠵᠦ | ᠪᠣᠯᠣᠨ᠎ᠠ᠃ ᠮᠦᠨ ᠰᠣᠶᠣᠭᠠᠯᠠᠭᠤᠯᠤᠭᠰᠠᠨ ᠠᠷᠪᠠᠢ᠂ ᠨᠣᠭᠤᠭᠠᠨ ᠢᠶᠠᠷ ᠨᠢ ᠬᠠᠳᠤᠭᠰᠠᠨ ᠰᠢᠷ᠎ᠠ ᠪᠤᠷᠴᠠᠭ᠂ ᠬᠤᠰᠢᠶᠠᠩᠭᠤᠷ ᠵᠡᠷᠭᠡ ᠸᠢᠲ᠋ᠠᠮᠢᠨ E ᠡᠯᠪᠡᠭ ᠠᠭᠤᠯᠬᠤ | ᠲᠡᠵᠢᠭᠡᠯ ᠢᠶᠠᠷ ᠲᠡᠵᠢᠭᠡᠪᠡᠯ ᠵᠣᠬᠢᠨ᠎ᠠ᠃ | | | |