ᠬᠠᠶᠢᠷ᠎ᠠ ᠶᠢᠨ ᠲᠤᠷᠭᠠᠨ ᠰᠢᠪᠡᠨᠡᠭᠡ
ᠨᠡᠶᠢᠲᠡᠯᠡᠭᠰᠡᠨ ᠴᠠᠭ᠄
2025/1/23
      ᠨᠤᠳᠤᠭ ᠤᠨ ᠢᠶᠠᠨ ᠬᠠᠯᠠᠭᠤᠨ ᠡᠯᠡᠰᠦᠨ ᠳᠤ ᠪᠤᠷᠪᠢ ᠪᠠᠨ ᠰᠢᠷᠠᠵᠦ ᠤᠳᠠᠳᠠᠯ᠎ᠠ ᠰᠠᠭᠤᠬᠤ ᠳᠤ ᠤᠨᠢᠶᠠᠷᠳᠤᠬᠰᠠᠨ ᠮᠠᠩᠬᠠᠨ ᠲᠤᠯᠤᠭᠠᠳ ᠡᠷᠳᠡ ᠨᠠᠮᠤᠷ ᠤᠨ ᠠᠭᠠᠭ ᠠᠮᠢᠰᠬᠤᠭ᠎ᠠ ᠪᠠᠷ ᠴᠣᠨᠤᠨ ᠰᠦᠢᠯᠡᠬᠢᠯᠡᠵᠦ ᠬᠢᠶᠠᠭ᠂ ᠰᠢᠷᠠᠯᠵᠢ ᠶᠢᠨ ᠡᠬᠡᠬᠦᠨ ᠦᠨᠦᠷ ᠬᠠᠮᠠᠷ ᠴᠤᠷᠬᠢᠨ᠎ᠠ᠃ ᠨᠤᠳᠤᠭ ᠲᠠᠭᠠᠨ ᠬᠠᠶᠢᠷᠠᠳᠠᠢ ᠲᠦᠮᠡ ᠲᠦᠮᠡᠨ ᠬᠦᠮᠦᠨ ᠤ ᠵᠢᠷᠦᠬᠡᠨ ᠡᠬᠡᠰᠢᠭ ᠢ ᠲᠠᠭᠠᠭᠠᠵᠦ ᠬᠠᠶᠢᠷ᠎ᠠ ᠶᠢᠨ ᠲᠤᠷᠭᠠᠨ ᠰᠢᠪᠡᠨᠡᠭᠡ ᠪᠠᠨ ᠨᠤᠳᠤᠭ ᠤᠨ ᠰᠠᠯᠬᠢᠨ ᠤ ᠬᠤᠩᠭᠤᠷ ᠮᠦᠷᠦᠬᠡᠳᠦᠯ ᠢᠶᠠᠷ ᠰᠡᠪᠰᠢᠨ ᠰᠡᠪᠰᠢᠨ ᠤᠨᠠᠭᠠᠬᠤ ᠳᠤ ᠴᠡᠴᠡᠬᠡᠰ ᠤᠨ ᠨᠡᠬᠦᠳᠡᠯ ᠳᠤ ᠪᠠᠷᠠᠭᠠᠨ ᠡᠬᠦᠯᠡ ᠴᠡᠯᠮᠡᠵᠦ ᠨᠠᠭᠤᠷ ᠤᠨ ᠭᠠᠯᠠᠭᠤᠳ ᠤᠨ ᠪᠤᠴᠠᠬᠤ ᠲᠠᠭᠤᠨ ᠭᠠᠩᠭᠠᠷ ᠭᠤᠩᠭᠤᠷ ᠲᠤᠭᠤᠯᠳᠠᠨ᠎ᠠ᠃       ᠦᠷᠦᠮ᠎ᠡ ᠰᠦ ᠦᠳᠭᠡᠷᠡᠭᠰᠡᠨ ᠰᠠᠶᠢᠬᠠᠨ ᠤᠯᠠᠷᠢᠯ ᠬᠡᠵᠦ ᠡᠵᠢ ᠦᠷ ᠴᠦᠷ ᠢᠶᠠᠷ ᠪᠤᠰᠴᠦ ᠬᠡᠳᠦᠨ ᠦᠨᠢᠶ᠎ᠡ ᠪᠠᠨ ᠰᠢᠪᠳᠦᠷᠴᠦ ᠨᠠᠮᠤᠷ ᠤᠨ ᠰᠠᠭᠠᠯᠢ ᠠᠪᠳᠠᠭ᠃ ᠲᠤᠭᠤᠯ ᠪᠢᠷᠠᠭᠤᠳ ᠤᠨ ᠮᠦᠬᠡᠷᠡᠯᠳᠦᠬᠦ ᠲᠠᠭᠤᠨ ᠰᠢᠩᠭᠡᠷᠡᠵᠦ ᠠᠶᠢᠯ ᠤᠨ ᠠᠪᠠᠭ᠎ᠠ ᠶᠢᠨ ᠪᠦᠳᠦᠬᠦᠨ ᠲᠠᠭᠤ ᠬᠤᠯᠠᠳᠠᠬᠤ ᠪᠠᠷ ᠲᠡᠭᠦᠦ ᠨᠠᠷ ᠢᠶᠠᠨ ᠰᠡᠷᠢᠭᠡᠨ ᠡᠮᠦᠰᠭᠡᠵᠦ ᠵᠡᠬᠦᠯᠬᠡᠨ ᠢᠳᠡᠬᠦᠯᠵᠦ ᠤᠤᠭᠤᠯᠭᠠᠭᠠᠳ ᠬᠠᠰᠢᠶᠠᠨ ᠤ ᠯᠤᠤᠯᠢ ᠠᠷᠪᠠᠢ ᠦᠭᠳᠡᠬᠡᠵᠦ ᠭᠠᠭᠠᠢ ᠲᠠᠬᠢᠶ᠎ᠠ ᠪᠠᠨ ᠲᠡᠵᠢᠬᠡᠳᠡᠭ᠃ ᠤᠯᠠᠭᠠᠨ ᠨᠠᠷᠠ ᠪᠤᠯᠳᠠᠶᠢᠵᠦ ᠡᠷᠳᠡ ᠶᠢᠨ ᠰᠢᠬᠦᠳᠡᠷᠢ ᠡᠭᠰᠢᠬᠦ ᠪᠠᠷ ᠠᠪᠤ ᠮᠢᠨᠢ ᠬᠤᠨᠢᠨ ᠳᠠᠭᠠᠨ ᠭᠠᠷᠳᠠᠭ᠃ ᠰᠢᠯᠪᠢᠬᠦᠷ ᠫᠢᠰ ᠲᠠᠱ ᠲᠤᠤᠭᠠᠷᠴᠦ ᠬᠤᠨᠢᠨ ᠰᠦᠷᠦᠭ ᠠᠯᠭᠤᠷᠬᠠᠨ ᠢᠳᠡᠰᠢᠯᠡᠭᠰᠡᠭᠡᠷ ᠪᠡᠯᠴᠢᠬᠡᠷ ᠲᠤ ᠲᠤᠬᠳᠠᠬᠤ ᠳᠤ ᠡᠵᠢ ᠬᠤᠶᠢᠨ᠎ᠠ ᠠᠴᠠ ᠨᠢ ᠭᠠᠭᠴᠠ ᠡᠯᠵᠢᠬᠡ ᠬᠦᠯᠯᠡᠭᠰᠡᠨ ᠲᠡᠷᠬᠡ ᠪᠠᠨ ᠴᠢᠷᠴᠦ ᠠᠵᠢᠯ ᠳᠠᠭᠠᠨ ᠶᠠᠪᠤᠳᠠᠭ᠃ ᠰᠠᠨᠳᠤᠤ ᠱᠠᠬᠢᠭᠤᠯᠤᠨ ᠬᠢᠯᠠᠯᠵᠠᠭᠤᠯᠬᠤ ᠳᠤ ᠬᠢᠶᠠᠷᠠᠨ ᠤᠨᠠᠬᠰᠠᠨ ᠡᠪᠡᠰᠦ ᠪᠤᠬᠠᠯ ᠢ ᠤᠪᠤᠭᠠᠯᠠᠵᠦ᠂ ᠬᠠᠳᠠᠬᠰᠠᠨ ᠠᠯᠢᠰᠤ ᠪᠠᠨ ᠪᠤᠮᠪᠠᠯᠵᠠᠳᠠᠯ᠎ᠠ ᠲᠡᠭᠡᠭᠡᠭᠡᠳ ᠢᠷᠡᠬᠦ ᠳᠤ ᠠᠯᠢᠰᠤᠨ ᠤᠪᠤᠭᠠᠨ ᠳᠤ ᠨᠢᠭᠤᠯᠴᠠᠵᠦ ᠦᠰᠦ ᠲᠤᠯᠤᠭᠠᠢ ᠪᠠᠨ ᠰᠢᠷᠢᠯᠳᠦᠳᠡᠯ᠎ᠡ ᠬᠦᠶᠦᠳᠡᠭ ᠪᠠᠶᠢᠯ᠎ᠠ ᠪᠢᠳᠠ᠃       ᠡᠯᠵᠢᠬᠡᠨ ᠲᠡᠷᠬᠡ ᠬᠦᠭᠯᠡᠬᠦᠯᠵᠦ᠂ ᠲᠡᠷᠬᠡᠨ ᠶᠠᠰᠢᠩ ᠠᠴᠠ ᠠᠳᠤᠷᠢᠳᠠᠯ᠎ᠠ ᠵᠢᠭᠤᠷᠠᠵᠦ ᠰᠠᠭᠤᠬᠤ ᠳᠤ ᠬᠠᠳᠤᠭᠤᠷ᠂ ᠰᠠᠨᠳᠤᠤ ᠬᠠᠩᠬᠢᠷ ᠵᠢᠩᠭᠢᠷ ᠲᠤᠤᠭᠠᠷᠴᠦ ᠬᠠᠳᠤᠯᠠᠩ ᠤᠨ ᠤᠯᠠᠷᠢᠯ ᠬᠠᠶᠠᠭᠠᠨ ᠳᠤ ᠪᠠᠭᠤᠨ᠎ᠠ᠃ ᠲᠡᠷᠡ ᠵᠢᠯ ᠤᠨ ᠨᠠᠮᠤᠷ ᠪᠢ ᠶᠡᠭᠡ ᠬᠦᠰᠡᠯ ᠡᠪᠦᠷᠯᠡᠵᠦ ᠮᠠᠩᠬᠠᠨ ᠨᠤᠳᠤᠭ ᠠᠴᠠ ᠬᠦᠯ ᠢᠶᠠᠨ ᠰᠤᠭᠤᠯᠵᠦ ᠬᠦᠰᠡᠯ ᠤᠨ ᠲᠠᠷᠳᠠᠩ ᠬᠠᠷᠭᠤᠢ ᠵᠦᠭ ᠲᠡᠪᠳᠡᠷᠢᠭᠰᠡᠨ ᠶᠤᠮ᠃ ᠠᠷᠢᠭᠤᠨ ᠡᠷᠳᠡᠮ ᠢᠶᠠᠨ ᠰᠤᠶᠤᠷᠬᠠᠬᠰᠠᠨ ᠠᠴᠢᠳᠤ ᠪᠠᠭᠰᠢ ᠨᠠᠷ ᠮᠢᠨᠢ ᠡᠪᠦᠬᠡᠷᠡᠵᠦ᠂ ᠭᠠᠯ ᠰᠢᠯ ᠤᠨ ᠢᠶᠠᠨ ᠴᠠᠭᠠᠨ᠎ᠠ ᠠᠴᠠ ᠭᠠᠷ ᠤᠳᠠᠰᠤ ᠱᠠᠭᠠᠶᠢᠨ ᠵᠢᠷᠳᠢᠨᠴᠦ ᠶᠢᠨ ᠰᠤᠨᠢᠨ ᠭᠠᠶᠢᠬᠠᠮᠰᠢᠭ ᠢ ᠠᠩᠬᠠᠷᠴᠦ ᠴᠠᠭ ᠦᠶ᠎ᠡ ᠶᠢᠨ ᠰᠠᠶᠢᠬᠠᠨ ᠳᠤ ᠪᠠᠶᠠᠰᠴᠦ ᠰᠠᠭᠤᠨ᠎ᠠ᠃ ᠲᠦᠷᠪᠡᠨ ᠵᠢᠯ ᠦᠯᠦᠬᠡᠶᠢᠳᠡᠭᠰᠠᠨ ᠡᠬᠡ ᠰᠤᠷᠭᠠᠭᠤᠯᠢ ᠮᠢᠨᠢ ᠠᠶᠢᠯ ᠤᠨ ᠪᠠᠷᠠᠭᠤᠨ ᠲᠡᠨᠵᠢᠨ ᠳᠤ ᠡᠪᠡᠰᠦ ᠰᠦᠷᠡᠯ ᠤᠨ ᠲᠤᠮᠳᠠ ᠰᠦᠷ ᠮᠠᠭᠤᠳᠠᠢ ᠶᠤᠷᠳᠦ᠋ᠢᠨ᠎ᠠ᠃ ᠠ ᠂ ᠡ᠂ ᠢ᠂ ᠠᠷᠠᠪ ᠲᠤᠭ᠎ᠠ ᠶᠢ ᠲᠠᠨ ᠤ ᠪᠠᠨ ᠡᠪᠦᠷ ᠲᠤ ᠲᠤᠬᠯᠠᠨ ᠪᠠᠶᠢᠬᠤ ᠳᠠᠭᠠᠨ ᠨᠢᠳᠦᠯᠡᠭᠰᠡᠨ ᠶᠤᠮ ᠳ᠋ᠧ᠂ ᠰᠤᠷᠭᠠᠭᠤᠯᠢ ᠮᠢᠨᠢ︕ ᠠᠨᠳᠠ ᠶᠢᠨ ᠲᠠᠩᠭᠠᠷᠢᠭ ᠡᠬᠡᠳᠡᠷᠡᠭᠰᠡᠨ ᠤᠨᠠᠭᠠᠨ ᠨᠠᠶᠢᠵᠠ ᠨᠠᠷ ᠲᠠᠷᠢᠶᠠᠨ ᠵᠤᠷᠬ᠎ᠠ ᠪᠠᠷ ᠬᠦᠯᠦᠰᠦ ᠪᠠᠨ ᠤᠷᠤᠰᠬᠠᠨ ᠵᠠᠮᠨᠠᠬᠤ ᠳᠤ ᠠᠪᠤ ᠡᠵᠢ ᠳᠤᠨᠢ ᠪᠢᠰᠢ᠂ ᠬᠤᠪᠢ ᠵᠠᠶᠠᠭᠠᠨ ᠳᠤᠨᠢ ᠭᠤᠮᠤᠳᠠᠵᠦ ᠭᠠᠭᠴᠠᠭᠠᠷ ᠬᠤᠯᠠ ᠶᠠᠪᠤᠬᠰᠠᠨ ᠪᠢᠯᠡ᠃ ᠪᠢᠯᠢᠭ ᠤᠬᠠᠭᠠᠨ ᠤ ᠤᠩᠭᠤᠳ ᠬᠠᠶᠢᠷᠠᠯᠠᠬᠰᠠᠨ ᠨᠤᠳᠤᠭ ᠤᠨ ᠪᠤᠭᠤᠷᠤᠯᠴᠤᠳ ᠬᠤᠶᠢᠨ᠎ᠠ ᠬᠤᠶᠢᠨ᠎ᠠ ᠠᠴᠠ ᠪᠠᠨ ᠬᠤᠷᠸ᠎ᠠ ᠶᠢᠨ ᠵᠢᠮ᠎ᠠ ᠪᠠᠷ ᠪᠤᠴᠠᠬᠤ ᠳᠤ ᠬᠠᠭᠤᠴᠢᠨ ᠦᠯᠢᠬᠡᠷ ᠤᠳ ᠰᠢᠨ᠎ᠡ ᠵᠤᠭᠤᠭ ᠢᠶᠠᠷ ᠰᠤᠯᠢᠬᠳᠠᠨ᠎ᠠ᠃       ᠵᠠᠯᠠᠭᠤ ᠨᠠᠰᠤ ᠵᠠᠬ᠎ᠠ ᠠᠴᠠ ᠪᠠᠨ ᠵᠤᠯᠠᠷᠠᠵᠦ᠂ ᠢᠳᠡᠷ ᠨᠠᠰᠤᠨ ᠤ ᠢᠳᠡᠷᠡᠬᠦᠨ ᠵᠢᠪᠬᠤᠭ᠎ᠠ ᠪᠠᠷ ᠲᠠᠰᠢᠭᠤᠷᠳᠠᠭᠤᠯᠵᠦ ᠬᠢᠭᠰᠡᠨ᠂ ᠪᠦᠳᠦᠬᠡᠭᠰᠡᠨ ︽ᠬᠦᠷᠦᠩᠭᠡ︾ ᠪᠠᠨ ᠬᠠᠨᠳᠢᠪᠯᠠᠬᠤ ᠪᠠᠷ ᠨᠤᠳᠤᠭ ᠤᠨ ᠢᠶᠠᠨ ᠪᠤᠭᠤᠷᠤᠯ ᠡᠷᠬᠢᠨ ᠳᠤ ᠤᠳᠠᠳᠠᠯ᠎ᠠ ᠰᠠᠭᠤᠬᠤ ᠳᠤ ᠲᠠᠰᠤᠷᠠᠬᠰᠠᠨ ᠤᠴᠢᠭ ᠵᠠᠯᠭᠠᠬᠳᠠᠵᠦ ᠬᠠᠶᠢᠷ᠎ᠠ ᠶᠢᠨ ᠲᠤᠷᠭᠠᠨ ᠰᠢᠪᠡᠨᠡᠭᠡ ᠪᠠᠨ ᠭᠠᠵᠠᠷ ᠨᠤᠳᠤᠭ ᠲᠠᠭᠠᠨ ᠢᠯᠡᠬᠡᠨᠡᠮ᠃       ᠠᠪᠤ ᠶᠢᠨ ᠬᠤᠨᠢᠨ ᠳᠤ ᠶᠠᠪᠤᠳᠠᠭ ᠪᠤᠷᠤ ᠴᠤᠪᠤᠭ᠎ᠠ᠂ ᠡᠵᠢ ᠶᠢᠨ ᠦᠳᠦᠷᠮ᠎ᠡ ᠳᠤ ᠤᠪᠤᠭᠠᠯᠠᠬᠰᠠᠨ ᠲᠠᠪᠤᠨ ᠲᠠᠷᠢᠶ᠎ᠠ ᠁ ᠡᠨᠡ ᠪᠦᠬᠦ ᠶᠠᠭᠤᠮ᠎ᠠ ᠠᠴᠠ ᠰᠡᠳᠭᠢᠯ ᠤᠨ ᠲᠠᠮᠢᠷ ᠰᠡᠯᠬᠦᠭᠰᠡᠨ ᠬᠦᠮᠦᠨ ᠤ ᠦᠷ᠎ᠡ ᠪᠢ ᠨᠤᠳᠤᠭ ᠤᠰᠤᠨ ᠳᠠᠭᠠᠨ ᠲᠤᠰᠤᠯ ᠬᠦᠴᠦ ᠪᠠᠨ ᠡᠷᠬᠦᠵᠦ᠂ ᠬᠠᠶᠢᠷ᠎ᠠ ᠶᠢᠨ ᠦᠷᠢ ᠨᠦᠬᠦᠬᠦ ᠪᠠᠷ ᠶᠡᠭᠡ ᠦᠢᠯᠡᠰ ᠤᠨ ᠬᠦᠯᠦᠭ ᠤᠨ ᠵᠢᠯᠤᠭᠤ ᠵᠠᠯᠠᠬᠰᠠᠨ ᠶᠤᠮ᠃ ᠤᠬᠠᠭᠠᠷᠠᠯ ᠲᠦᠬᠡᠷᠬᠡ᠂ ᠰᠤᠶᠤᠯ ᠪᠤᠯᠪᠠᠰᠤᠷᠠᠯ᠂ ᠦᠢᠯᠡᠰ ᠵᠢᠳᠬᠦᠯ ᠤᠨ ᠴᠢᠨᠳᠠᠮᠤᠨᠢ ᠲᠠᠮᠠᠭ᠎ᠠ ᠶᠢ ᠵᠢᠷᠦᠬᠡᠨ ᠳᠡᠭᠡᠨ ᠲᠠᠷᠤᠵᠦ᠂ ᠵᠡᠬᠦᠳᠦᠨ ᠳᠡᠭᠡᠨ ᠲᠡᠪᠡᠷᠢᠵᠦ ᠦᠨᠦᠰᠦᠨ᠂ ᠠᠷᠤᠤᠬᠠᠨ ᠮᠦᠷᠦᠬᠡᠳᠦᠯ ᠤᠨ ᠲᠦᠯᠦᠬᠡ ᠮᠦᠩᠭᠡᠷᠡᠬᠦ ᠪᠠᠷ ᠴᠢᠷᠮᠠᠶᠢᠬᠰᠠᠨ ᠬᠡᠨ ᠨᠢᠬᠡᠨ ᠬᠦᠮᠦᠨ ᠤ ᠬᠠᠯᠠᠭᠤᠨ ᠤᠷᠮᠠᠰ ᠢᠶᠠᠷ ᠰᠢᠷᠬ᠎ᠠ ᠪᠠᠨ ᠠᠨᠠᠭᠠᠵᠦ᠂ ᠪᠢᠯᠢᠭ ᠤᠨ ᠬᠦᠷᠡᠩ ᠤᠨ ᠵᠤ ᠶᠢ ᠴᠠᠩᠳᠤᠭᠤᠯᠤᠨ ᠭᠠᠯᠬᠢᠭᠤᠯᠵᠦ ᠶᠠᠪᠤᠬᠤ ᠳᠤ ᠬᠦᠰᠡᠯ ᠮᠦᠷᠦᠬᠡᠳᠦᠯ ᠶᠠᠮᠠᠷᠬᠠᠨ ᠰᠠᠶᠢᠬᠠᠨ ᠪᠠᠶᠢᠯ᠎ᠠ᠃       ᠵᠤᠨ ᠤ ᠴᠡᠴᠡᠭ ᠤᠨ ᠮᠢᠷᠠᠯᠵᠠᠭᠠᠨ ᠳᠤ ᠡᠷᠪᠡᠬᠡᠢ ᠵᠦᠬᠡᠢ ᠪᠦᠵᠢᠭᠯᠡᠨ᠂ ᠬᠦᠷᠡᠯᠵᠡᠭᠡᠨ᠎ᠡ ᠴᠠᠷᠴᠠᠬᠠᠢ ᠵᠢᠷᠬᠢᠨ ᠲᠤᠩᠭᠤᠳᠬᠤ ᠳᠤ ᠨᠠᠮᠤᠷ ᠤᠨ ᠲᠠᠩᠰᠤᠭ ᠤᠯᠠᠷᠢᠯ ᠬᠠᠶᠢᠷ᠎ᠠ ᠨᠠᠶᠢᠷ ᠦᠬᠡᠢ ᠦᠮᠴᠢᠷᠬᠡᠨ ᠦᠷ᠎ᠠ ᠵᠢᠮᠢᠰ᠂ ᠡᠯᠪᠡᠭ ᠬᠤᠷᠢᠶᠠᠯᠳᠠ ᠶᠢᠨ ᠡᠬᠡᠰᠢᠭ ᠲᠠᠭᠤᠤ ᠪᠠᠷ ᠰᠦᠯᠡᠨ᠎ᠡ᠃ ᠡᠪᠦᠯ ᠢᠷᠡᠬᠦ ᠠᠴᠠ ᠡᠮᠦᠨ᠎ᠡ ᠬᠦᠨᠡᠰᠦᠨ ᠤ ᠪᠦᠷᠢᠳᠭᠡᠯ ᠳᠤ ᠶᠠᠭᠠᠷᠠᠳᠠᠭ ᠬᠦᠮᠦᠰ ᠬᠠᠪᠤᠷ ᠤᠨ ᠠᠭᠤᠷ ᠢᠶᠠᠷ ᠠᠮᠤᠷᠵᠢᠵᠦ ᠰᠢᠨ᠎ᠠ ᠰᠤᠳᠤᠨ ᠶᠠᠭᠤᠮ᠎ᠠ ᠶᠢ ᠬᠦᠯᠢᠶᠡᠵᠦ ᠴᠦᠬᠦᠳᠡᠭ ᠴᠦ ᠨᠠᠰᠤᠨ ᠤ ᠨᠠᠮᠤᠷ ᠲᠤ ᠲᠠᠷᠭᠤ ᠰᠠᠭᠤᠬᠤ ᠪᠠᠷ ᠨᠢᠯᠬᠠᠰᠠᠭ ᠪᠤᠳᠤᠯ ᠵᠡᠬᠦᠳᠦᠨ ᠠᠴᠠ ᠠᠷᠢᠯᠦᠨ᠎ᠠ᠃       ᠰᠢᠨᠡᠬᠡᠨ ᠵᠠᠰᠠᠬᠰᠠᠨ ᠵᠠᠮ ᠬᠡᠷ ᠬᠡᠷ ᠤᠨ ᠡᠬᠦᠳᠡᠨ ᠳᠤ ᠨᠡᠪᠳᠡᠷᠡᠵᠦ᠂ ᠵᠠᠮ ᠲᠠᠭᠠᠬᠰᠠᠨ ᠬᠡᠷ ᠤᠳ ᠤᠨ ᠬᠦᠷᠢᠶ᠎ᠠ ᠬᠠᠰᠢᠶ᠎ᠠ ᠬᠦᠬᠡ᠂ ᠤᠯᠠᠭᠠᠨ ᠲᠤᠭᠤᠰᠭ᠎ᠠ ᠪᠠᠷ ᠠᠯᠠᠬᠯᠠᠨ ᠬᠡ ᠤᠭᠠᠯᠵᠠ ᠨᠢ ᠬᠡᠬᠡᠮᠰᠦᠭ ᠰᠠᠶᠢᠬᠠᠨ᠃ ᠪᠠᠶᠢᠰᠢᠩ ᠤᠨ ᠡᠬᠦᠳᠡᠨ ᠳᠤ ᠪᠦᠳᠦᠬᠦᠨ ᠲᠷᠠᠺᠲ᠋ᠤᠷ ᠬᠦᠷᠴᠢᠬᠢᠨᠡᠵᠦ ᠲᠠᠷᠢᠶ᠎ᠠ ᠬᠠᠳᠤᠬᠤ ᠮᠠᠰᠢᠨ᠂ ᠡᠪᠡᠰᠦ ᠰᠦᠷᠡᠯ ᠲᠠᠷᠤᠰᠢᠭᠤᠯᠬᠤ ᠮᠠᠰᠢᠨ᠂ ᠬᠠᠳᠤᠯᠠᠩ ᠬᠤᠷᠢᠶᠠᠬᠤ ᠮᠠᠰᠢᠨ ᠁ ᠵᠠᠬ᠎ᠠ ᠲᠠᠷᠠᠭᠠᠯᠠᠨ ᠵᠢᠭᠳᠡᠷᠡᠵᠦ ᠴᠢᠨᠡᠬᠡᠯᠢᠭ ᠨᠡᠶᠢᠬᠡᠮ ᠤᠨ ᠦᠩᠭᠡ ᠲᠦᠷᠬᠦ ᠶᠢ ᠮᠡᠳᠡᠬᠡᠯᠡᠬᠦ ᠳᠤ ᠪᠠᠶᠠᠵᠢᠯ ᠤᠨ ᠵᠠᠮ ᠢᠶᠠᠨ ᠡᠯᠬᠦᠭᠰᠡᠨ ᠮᠠᠯᠴᠢᠨ ᠲᠠᠷᠢᠶᠠᠴᠢᠨ ᠰᠤᠩᠭᠤᠭᠤᠯᠢ ᠶᠢᠨ ᠪᠢᠯᠧᠲ ᠢᠶᠠᠨ ᠲᠤᠰᠢᠶᠠᠭᠠᠳ ᠬᠠᠨᠤᠮᠵᠢᠳᠠᠢ᠃ ︽ᠠᠶᠢᠯ ᠬᠦᠮᠦᠨ ᠤ ᠠᠮᠢ ᠨᠢᠬᠡ᠂ ᠰᠠᠭᠠᠬᠠᠯᠳᠠ ᠬᠦᠮᠦᠨ ᠤ ᠰᠠᠨᠠᠭ᠎ᠠ ᠨᠢᠬᠡ︾ ᠬᠡᠳᠡᠭ ᠰᠠᠨ᠃ ᠭᠠᠴᠠᠭᠠᠨ ᠲᠠᠷᠤᠭ᠎ᠠ᠂ ᠱᠦᠵᠢ ᠬᠡᠨ ᠬᠡᠨ ᠮᠠᠨᠢ ᠨᠠᠮ ᠤᠨ ᠲᠦᠷᠦ ᠶᠢᠨ ᠪᠤᠳᠤᠯᠭ᠎ᠠ ᠶᠢ ᠲᠤᠭᠤᠰᠢᠯᠠᠭᠤᠯᠤᠨ ᠠᠶᠢᠯ ᠠᠶᠢᠮᠠᠭ ᠢᠶᠠᠨ ᠲᠠᠭᠠᠭᠤᠯᠤᠨ ᠦᠬᠡᠳᠡᠯᠡᠯ ᠬᠦᠭᠵᠢᠯ ᠤᠨ ᠴᠢᠯᠦᠬᠡᠳᠦ ᠬᠠᠷᠭᠤᠢ ᠶᠢ ᠵᠤᠷᠢᠳᠠᠭ ᠶᠤᠮ ᠪᠣᠯ ᠨᠤᠳᠤᠭ ᠤᠰᠤᠨ ᠤ ᠨᠠᠪᠳᠠᠭ ᠰᠠᠪᠳᠠᠭ᠂ ᠡᠵᠡᠳ ᠰᠠᠬᠢᠭᠤᠰᠤ ᠮᠢᠨᠢ ᠪᠠᠶᠠᠰᠬᠤ ᠨᠢ ᠡ᠃       ᠨᠠᠪᠳᠠᠷᠬᠠᠢ ᠨᠤᠤᠷᠬᠠᠢ ᠰᠢᠪᠠᠷ ᠪᠠᠶᠢᠰᠢᠩ᠂ ᠰᠡᠳᠡᠷᠬᠡᠢ ᠵᠠᠳᠠᠭᠠᠢ ᠬᠠᠰᠢᠶ᠎ᠠ ᠰᠠᠷᠠᠪᠴᠢ ᠪᠠᠨ ᠰᠢᠨᠡᠳᠭᠡᠭᠰᠡᠨ ᠠᠪᠠᠭ᠎ᠠ ᠠᠨᠢᠶ᠎ᠠ ᠨᠠᠷ ᠤᠨ ᠲᠠᠭᠤ ᠱᠤᠤ ᠦᠨᠳᠦᠷᠵᠢᠵᠦ ᠲᠠᠭᠢᠭᠠᠳ ᠲᠢᠶᠠᠨᠵᠢᠨ ︵ᠮᠠᠨ ᠤ ᠭᠠᠴᠠᠭ᠎ᠠ ᠶᠢᠨ ᠨᠢᠬᠡ ᠪᠦᠯᠦᠭ ᠬᠦᠮᠦᠰ ᠲᠢᠶᠠᠨᠵᠢᠨ ᠳᠤ ᠬᠦᠴᠦᠨ ᠤ ᠠᠵᠢᠯ ᠬᠢᠵᠦ ᠪᠤᠢ︶ ᠤᠷᠤᠵᠦ ᠬᠦᠴᠦ ᠶᠠᠪᠤᠬᠤ ᠦᠬᠡᠢ᠂ ᠬᠡᠳᠦᠨ ᠮᠦ ᠲᠠᠷᠢᠶ᠎ᠠ ᠮᠢᠨᠢ ᠪᠢᠳᠡᠨ ᠳᠡᠭᠡᠨ ᠠᠮᠢ ᠠᠮᠢᠵᠢᠷᠠᠯ ᠪᠤᠯᠬᠤ ᠨᠢ᠂ ᠲᠡᠳᠭᠦᠮᠵᠢ ᠶᠢᠨ ᠮᠠᠯ ᠤᠨᠤᠭ᠎ᠠ ᠪᠠᠨ ᠮᠡᠨᠳᠦ ᠤᠨᠳᠤᠷᠤᠭᠤᠯᠤᠶ᠎ᠠ᠂ ᠨᠤᠳᠤᠭ ᠤᠰᠤᠨ ᠤ ᠪᠠᠨ ᠢᠵᠢᠯᠢ ᠲᠠᠰᠤᠯ ᠬᠦᠮᠦᠰ ᠲᠠᠢ ᠪᠠᠨ ᠤᠴᠠᠷᠠᠵᠦ ᠵᠤᠭᠤᠬᠳᠠᠬᠤ ᠳᠤ ᠰᠡᠳᠭᠢᠯ ᠰᠠᠨᠠᠭ᠎ᠠ ᠰᠠᠷᠠᠭᠤᠯᠵᠢᠨ᠎ᠠ ᠬᠡᠵᠦ ᠦᠬᠡ ᠵᠤᠭᠤᠭ ᠲᠡᠯᠬᠡᠵᠦ᠂ ᠤᠶᠤᠳᠠᠯ ᠬᠠᠳᠬᠤᠮᠠᠯ ᠢᠶᠠᠨ ᠡᠬᠢᠯᠡᠬᠦᠯᠦᠨ᠎ᠡ᠃ ᠤᠬᠠᠭᠠᠨ ᠰᠠᠨᠠᠭ᠎ᠠ ᠪᠠᠨ ᠡᠵᠡᠮᠳᠡᠵᠦ᠂ ᠬᠦᠰᠡᠯ ᠲᠡᠮᠡᠦᠯᠦᠯ ᠤᠨ ᠵᠦᠭ ᠴᠢᠭ ᠢᠶᠠᠨ ᠠᠨᠳᠠᠭᠤᠷᠠᠯ ᠦᠬᠡᠢ ᠵᠦᠪ ᠡᠷᠬᠢᠬᠦᠯᠵᠦ᠂ ᠬᠦᠮᠦᠨ ᠠᠷᠠᠳ ᠲᠠᠭᠠᠨ᠂ ᠨᠠᠮ ᠵᠠᠰᠠᠭ ᠲᠠᠭᠠᠨ ᠤᠶᠢᠭ᠎ᠠ ᠦᠬᠡᠢ ᠵᠢᠳᠬᠦᠬᠦ ᠤᠬᠠᠭᠠᠨ ᠤ ᠦᠷ ᠢ ᠴᠠᠶᠢᠯᠭᠠᠵᠦ ᠲᠦᠷᠦᠵᠦ ᠦᠰᠦᠭᠰᠡᠨ ᠴᠠᠭᠠᠨ ᠮᠠᠩᠬᠠᠨ ᠳᠠᠭᠠᠨ ᠴᠠᠬᠢᠷᠮ᠎ᠠ ᠰᠢᠭ ᠠᠮᠢᠵᠢᠷᠠᠯ ᠤᠨ ᠬᠦᠴᠦᠨ ᠲᠠᠢ ᠤᠷᠭᠤᠬᠤ ᠶᠠᠭᠤᠳᠠᠢ ᠰᠠᠶᠢᠬᠠᠨ᠃       ᠠᠮᠢᠳᠤᠷᠠᠯ ᠵᠢᠷᠤᠭ ᠰᠢᠭ ᠰᠠᠶᠢᠬᠠᠨ ᠪᠤᠯᠤᠯ᠎ᠠ᠂ ᠵᠢᠷᠤᠭ ᠰᠢᠭ ᠠᠮᠢᠳᠤᠷᠠᠯ ᠱᠠᠬᠯᠠᠬᠰᠠᠨ ᠤᠶᠤᠳᠠᠯ ᠨᠡᠩ ᠰᠠᠶᠢᠬᠠᠨ ᠡ᠃ ᠬᠦᠬᠡᠬᠤᠳᠡ ᠪᠡᠬᠡᠵᠢᠩ ᠬᠦᠷᠳᠡᠯ᠎ᠠ ᠶᠠᠪᠤᠵᠦ ᠲᠦᠰᠢᠶᠡᠳᠦ ᠬᠠᠳᠬᠤᠮᠠᠯ ᠤᠷᠠᠯᠠᠯ ᠢᠶᠠᠨ ᠭᠠᠶᠢᠬᠠᠭᠤᠯᠤᠬᠰᠠᠨ ᠠᠶᠢᠯ ᠤᠨ ᠪᠦᠰᠡᠬᠦ᠋ᠴᠦᠳ ᠭᠠᠨᠵᠤᠭ᠎ᠠ ᠲᠦᠬᠦᠷᠡᠩ ᠪᠤᠴᠠᠵᠦ ᠶᠠᠪᠤᠨ᠎ᠠ᠃ ᠦᠢᠯᠡ ᠬᠠᠶᠢᠴᠢ ᠪᠠᠨ ᠤᠷᠬᠢᠭᠠᠳ ᠠᠷᠪᠠ ᠬᠤᠷᠢᠨ ᠵᠢᠯ ᠪᠤᠯᠤᠬᠰᠠᠨ ᠠᠪᠠᠭᠠᠶᠢᠴᠤᠤᠯ ᠤᠳᠠᠰᠤ ᠵᠡᠬᠦᠦ ᠪᠠᠨ ᠰᠦᠪᠡᠯᠡᠨ ᠬᠠᠶᠠᠬᠳᠠᠬᠰᠠᠨ ᠬᠤᠷᠤᠭᠤᠪᠴᠢ ᠪᠠᠨ ᠡᠷᠢᠵᠦ ᠮᠤᠩᠭᠢᠨᠠᠨ᠎ᠠ᠃ ᠳᠠᠯᠠ ᠬᠦᠷᠦᠭᠰᠡᠨ ᠡᠵᠢ ᠮᠢᠨᠢ ᠭᠠᠯ ᠰᠢᠯ ᠵᠡᠬᠦᠵᠦ ᠬᠤᠷᠤᠭᠤᠨ ᠡᠷᠳᠡᠮ ᠢᠶᠠᠨ ᠰᠤᠷᠢᠵᠦ ᠡᠬᠢᠯᠡᠯ᠎ᠡ᠃ ᠤᠶᠤᠳᠠᠯ ᠬᠠᠳᠬᠤᠮᠠᠯ ᠢᠶᠠᠷ ᠶᠠᠳᠠᠭᠤ ᠶᠢ ᠲᠡᠳᠬᠦᠬᠦ ᠤᠷᠢᠶᠠᠯᠠᠭ᠎ᠠ ᠶᠢ ᠲᠠᠭᠠᠨ ᠴᠤᠤᠷᠢᠶᠠᠳᠤᠵᠦ ᠱᠠᠪᠢ ᠬᠦᠮᠦᠵᠢᠬᠦᠯᠦᠬᠡᠳ ᠶᠠᠭᠠᠷᠠᠤ᠃ ᠮᠠᠰᠢᠨ ᠲᠧᠭᠨᠢᠭ ᠡᠵᠢ ᠶᠢ ᠨᠦᠷᠢ ᠬᠦᠳᠡᠯᠮᠤᠷᠢ ᠠᠴᠠ ᠴᠢᠯᠦᠬᠡᠯᠡᠵᠦ᠂ ᠠᠵᠢᠯ ᠬᠢᠳᠡᠯ ᠠᠯᠳᠠᠬᠤ ᠳᠤ ᠬᠦᠷᠬᠡᠭᠰᠡᠨ᠂ ᠤᠳᠤ ᠠᠰᠢᠬᠦᠢ ᠰᠠᠶᠢᠨ ᠪᠤᠯᠤᠯ᠎ᠠ᠃       ᠦᠨᠢᠶ᠎ᠡ ᠲᠤᠭᠤᠯ ᠤᠨ ᠮᠦᠬᠡᠷᠡᠯᠳᠦᠬᠦ ᠲᠠᠭᠤᠨ ᠳᠤ ᠦᠳᠡᠰᠢ ᠶᠢᠨ ᠪᠦᠷᠦᠢ ᠢᠳᠡᠭ ᠢᠳᠡᠭ ᠢᠶᠠᠷ ᠨᠠᠭᠠᠰᠢᠯᠠᠵᠦ ᠰᠡᠬᠦᠳᠡᠷᠰᠢᠭᠰᠡᠨ ᠰᠡᠳᠭᠢᠯ ᠤᠨ ᠬᠠᠶᠠᠭ᠎ᠠ ᠶᠢ ᠪᠦᠷᠬᠦᠯ᠎ᠡ᠃ ᠠᠮᠢᠳᠤᠷᠠᠯ ᠤᠨ ᠬᠡᠬᠡᠨ ᠮᠦᠷᠦᠬᠡᠳᠦᠯ ᠬᠦᠷᠳᠡᠯ᠎ᠡ ᠪᠠᠯᠠᠷᠠᠬᠤ ᠬᠠᠷᠠᠩᠭᠤᠢ ᠪᠦᠷᠦᠢ ᠠᠴᠠ ᠡᠮᠦᠨ᠎ᠡ ᠬᠢᠵᠦ ᠬᠦᠢᠴᠡᠳᠭᠡᠬᠦ ᠠᠵᠢᠯ ᠤᠨ ᠦᠷᠢ ᠪᠠᠨ ᠲᠤᠭᠠᠯᠠᠵᠦ ᠬᠦᠰᠢᠭᠰᠡᠨ ᠰᠡᠳᠭᠢᠯ ᠢᠶᠠᠨ ᠲᠠᠭᠠᠭᠠᠵᠦ ᠶᠠᠳᠠᠨ ᠪᠤᠰᠬᠤ ᠳᠤ ᠲᠡᠭᠷᠢ ᠳᠤ ᠨᠠᠯᠠᠷᠠᠬᠰᠠᠨ ᠲᠤᠯᠤᠩ ᠰᠢᠷᠭᠠᠯᠳᠤᠨ ᠬᠤᠪᠢ ᠶᠢᠨ ᠭᠠᠳᠠᠨ᠎ᠠ ᠭᠤᠶᠤᠮᠰᠤᠭ᠃       ᠲᠡᠷᠳᠡᠭᠡ ᠬᠦᠳᠦᠯ ᠠᠴᠠ ᠰᠡᠤᠬᠡ ᠮᠠᠰᠢᠨ ᠵᠢᠷᠪᠢᠯᠵᠡᠨ ᠵᠢᠷᠪᠢᠯᠵᠡᠨ ᠲᠠᠷᠢᠶᠡᠨ ᠤ ᠬᠦᠮᠦᠰ ᠬᠡᠷ ᠵᠦᠭ ᠢᠶᠠᠨ ᠤᠪᠤᠨ ᠴᠤᠪᠤᠨ ᠪᠤᠴᠠᠨ᠎ᠠ᠃ ᠡᠨᠡ ᠵᠢᠯ ᠨᠠᠷᠠᠨ ᠬᠤᠸᠠᠷ ᠤᠨ ᠲᠠᠷᠢᠶ᠎ᠠ ᠢᠯᠡᠳᠳᠡ ᠪᠠᠭᠠᠰᠤᠬᠰᠠᠨ ᠪᠠᠶᠢᠨ᠎ᠠ᠃ ᠬᠡᠳᠦᠨ ᠵᠢᠯ ᠲᠠᠷᠠᠭᠠᠯᠠᠨ ᠨᠠᠷᠠᠨ ᠬᠤᠸᠠᠷ ᠨᠢ ᠨᠠᠮᠤᠷ ᠤᠨ ᠬᠤᠷᠢᠶᠠᠯᠳᠠ ᠶᠢᠨ ᠭᠤᠬ᠎ᠠ ᠦᠵᠦᠬᠦᠷ ᠲᠤ ᠢᠯᠵᠢᠷᠠᠨ ᠰᠦᠢᠳᠴᠦ᠂ ᠬᠦᠷᠦᠩᠭᠡ ᠮᠦᠩᠭᠦ ᠪᠠᠨ ᠬᠦᠨᠳᠡᠷᠦᠨ ᠦᠷᠢ ᠰᠢᠷᠢ ᠳᠤ ᠪᠠᠷᠢᠯᠳᠤᠬᠰᠠᠨ ᠨᠤᠳᠤᠭ ᠤᠨ ᠠᠬ᠎ᠠ ᠲᠡᠭᠦᠦ ᠨᠠᠷ ᠡᠷᠳᠡᠨᠢ ᠰᠢᠰᠢ᠂ ᠰᠢᠷ᠎ᠠ ᠪᠤᠷᠴᠠᠭ ᠭᠤᠤᠯᠳᠠᠭᠤ ᠲᠠᠷᠢᠯ᠎ᠠ᠃ ᠬᠤᠷᠢᠶᠠᠯᠳᠠ ᠶᠢᠨ ᠰᠠᠶᠢᠬᠠᠨ ᠳᠠᠭᠠᠨ ᠰᠤᠭᠳᠤᠭᠤᠷᠠᠭᠰᠠᠨ ᠬᠦᠮᠦᠰ ᠠᠴᠠ ᠠᠵᠠ ᠵᠢᠷᠭᠠᠯ ᠤᠨ ᠦᠨᠦᠷ ᠬᠠᠩᠬᠤᠯᠤᠨ᠎ᠠ᠃ ᠵᠢᠷᠭᠠᠯ ᠤᠨ ᠢᠨᠢᠶᠡᠳᠦ ᠠᠴᠠ ᠲᠤᠭᠤᠯᠳᠠᠬᠤ ᠴᠠᠯᠬᠢᠶᠠᠨ ᠡᠬᠡ ᠭᠠᠵᠠᠷ ᠤᠨ ᠠᠭᠤᠷ ᠢᠶᠠᠷ ᠲᠠᠮᠵᠢᠨ ᠨᠠᠮᠠᠢᠢ ᠢᠯᠪᠢᠵᠦ ᠪᠠᠶᠢᠯ᠎ᠠ᠃       ᠦᠪᠡᠷ ᠢ ᠪᠠᠨ ᠤᠷᠭᠤᠬᠤ ᠤᠯᠠᠭᠠᠨ ᠨᠠᠷᠠᠨ ᠢᠶᠠᠷ ᠴᠡᠨᠡᠭᠯᠡᠵᠦ ᠦᠷ ᠤᠨ ᠬᠢᠷᠠᠭᠤ ᠠᠴᠠ ᠬᠠᠷᠠᠮᠨᠠᠵᠦ ᠬᠡᠷ ᠵᠦᠭ ᠢᠶᠠᠨ ᠡᠷᠬᠢᠬᠦ ᠳᠤ ᠳ᠋ᠧᠩ ᠤᠨ ᠬᠡᠷᠡᠯ ᠦᠬᠡᠳᠡ ᠠᠴᠠ ᠤᠴᠢᠯᠠᠨ᠎ᠠ᠃ ᠲᠦᠷᠦᠭᠰᠡᠨ ᠭᠠᠷᠤᠬᠰᠠᠨ ᠭᠠᠵᠠᠷ ᠠᠴᠠ ᠪᠠᠨ ᠬᠠᠶᠢᠷ᠎ᠠ ᠶᠢᠨ ᠢᠯᠴᠢ ᠤᠭᠤᠬᠢᠭᠤᠯᠵᠦ ᠶᠡᠭᠡ ᠦᠢᠯᠡᠰ ᠤᠨ ᠲᠦᠷᠦᠬᠡ ᠬᠢᠰᠭᠢᠨ ᠦᠨᠳᠡᠶᠢᠬᠦ ᠳᠤ ᠨᠤᠳᠤᠭ ᠤᠰᠤᠨ ᠤ ᠮᠠᠨᠢ ᠪᠤᠭᠤᠷᠤᠯᠴᠤᠳ ︽ᠦᠢᠯᠡᠰ ᠤᠨ ᠰᠠᠶᠢᠬᠠᠨ ᠳᠠᠭᠠᠨ ᠵᠢᠷᠭᠠᠭᠠᠷᠠᠢ︕︾ ᠬᠡᠵᠦ ᠰᠠᠴᠤᠯᠢ ᠡᠷᠬᠦᠨ ᠰᠢᠪᠡᠨᠡᠩᠭᠡᠨ ᠪᠠᠶᠢᠪᠠ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ