ᠥᠷᠭᠡᠨ ᠣᠯᠠᠨ ᠬᠡᠦᠬᠡᠳ ᠵᠠᠯᠠᠭᠤᠴᠤᠳ ᠪᠠᠭᠠᠴᠤᠳ ᠢ ᠬᠥᠲᠥᠯᠥᠨ ᠵᠢᠯᠣᠭᠤᠳᠴᠤ᠂ ᠡᠨᠡ ᠵᠢᠯ ᠤᠨ ᠡᠪᠦᠯ ᠤᠨ ᠠᠮᠠᠷᠠᠯᠲᠠ ᠶᠢᠨ ᠬᠤᠭᠤᠴᠠᠭᠠᠨ ᠳᠤ | ᠰᠢᠨᠵᠢᠯᠡᠬᠦ ᠤᠬᠠᠭᠠᠨᠴᠢ ᠪᠠᠷ ᠨᠢᠳᠦ ᠪᠠᠨ ᠬᠡᠷᠡᠭᠯᠡᠵᠦ᠂ ᠵᠢᠮ᠎ᠡ ᠶᠣᠰᠣ ᠲᠠᠢ ᠠᠮᠠᠷᠠᠵᠤ᠂ ᠣᠶᠢᠷ᠎ᠠ ᠬᠠᠷᠠᠭ᠎ᠠ ᠶᠢ ᠰᠠᠨᠠᠭᠠᠴᠢᠯᠠᠭ᠎ᠠ ᠠᠴᠠ ᠪᠠᠨ ᠤᠷᠢᠳᠴᠢᠯᠠᠨ | ᠰᠡᠷᠭᠡᠶᠢᠯᠡᠬᠦ ᠶᠢᠨ ᠲᠥᠯᠥᠭᠡ᠂ ᠪᠦᠬᠦ ᠤᠯᠤᠰ ᠤᠨ ᠬᠡᠦᠬᠡᠳ ᠵᠠᠯᠠᠭᠤᠴᠤᠳ ᠪᠠᠭᠠᠴᠤᠳ ᠤᠨ ᠣᠶᠢᠷ᠎ᠠ ᠬᠠᠷᠠᠭ᠎ᠠ ᠶᠢ ᠶᠡᠷᠦᠩᠬᠡᠶᠢᠯᠡᠨ ᠰᠡᠷᠭᠡᠶᠢᠯᠡᠨ ᠡᠵᠡᠮᠳᠡᠬᠦ ᠶᠢ | ᠤᠬᠠᠭᠤᠯᠤᠨ ᠲᠠᠶᠢᠯᠪᠤᠷᠢᠯᠠᠬᠤ ᠪᠦᠯᠬᠦᠮ ᠡᠮᠦᠨᠡᠬᠢ ᠬᠤᠭᠤᠴᠠᠭᠠᠨ ᠤ ᠠᠵᠢᠯ ᠤᠨ ᠰᠠᠭᠤᠷᠢᠨ ᠳᠡᠭᠡᠷ᠎ᠡ᠂ 2025 ᠣᠨ ᠤ ᠡᠪᠦᠯ ᠤᠨ ᠠᠮᠠᠷᠠᠯᠲᠠ ᠶᠢᠨ ᠣᠶᠢᠷ᠎ᠠ | ᠬᠠᠷᠠᠭ᠎ᠠ ᠶᠢ ᠰᠡᠷᠭᠡᠶᠢᠯᠡᠨ ᠡᠵᠡᠮᠳᠡᠬᠦ 20 ᠠᠰᠠᠭᠤᠯᠲᠠ ᠬᠠᠷᠢᠭᠤᠯᠲᠠ ᠳᠤ ᠵᠠᠰᠠᠪᠤᠷᠢ ᠣᠷᠣᠭᠤᠯᠵᠤ᠂ ᠥᠷᠭᠡᠨ ᠣᠯᠠᠨ ᠬᠡᠦᠬᠡᠳ ᠵᠠᠯᠠᠭᠤᠴᠤᠳ ᠪᠠᠭᠠᠴᠤᠳ ᠪᠠ | ᠭᠡᠷ ᠤᠨ ᠠᠬᠠᠮᠠᠳ ᠤᠨ ᠮᠠᠳᠠᠭ ᠢ ᠲᠠᠶᠢᠯᠵᠤ᠂ ᠰᠢᠨᠵᠢᠯᠡᠬᠦ ᠤᠬᠠᠭᠠᠨᠴᠢ ᠪᠠᠷ ᠬᠥᠲᠥᠯᠦᠨ ᠵᠢᠯᠣᠭᠤᠳᠪᠠ᠃ | 04 ᠬᠢᠴᠢᠶᠡᠯ ᠤᠨ ᠭᠠᠳᠠᠨᠠᠬᠢ ᠤᠩᠰᠢᠯᠭ᠎ᠠ᠄ ᠲᠥᠪ ᠰᠠᠭᠤᠵᠤ᠂ ᠭᠡᠷᠡᠯᠲᠦᠭᠦᠯᠭᠡ ᠬᠠᠩᠭᠠᠮᠵᠢᠲᠠᠢ ᠪᠠᠶᠢᠬᠤ | 9. ᠤᠷᠲᠤ ᠬᠤᠭᠤᠴᠠᠭ᠎ᠠ ᠪᠠᠷ ᠨᠣᠮ ᠤᠩᠰᠢᠪᠠᠯ ᠬᠠᠷᠠᠭ᠎ᠠ ᠮᠠᠭᠤᠲᠠᠨ᠎ᠠ ᠤᠤ︖ | ᠬᠠᠷᠢᠭᠤᠯᠲᠠ᠄ ᠡᠯᠧᠺᠳ᠋ᠷᠣᠨ ᠳᠡᠯᠭᠡᠴᠡ ᠦᠵᠡᠬᠦ ᠲᠠᠢ ᠬᠠᠷᠢᠴᠠᠭᠤᠯᠪᠠᠯ᠂ ᠨᠣᠮ ᠣᠩᠰᠢᠬᠤ ᠨᠢ ᠬᠠᠷᠠᠭ᠎ᠠ ᠶᠢ ᠮᠠᠭᠤᠲᠠᠭᠤᠯᠬᠤ ᠪᠠᠷ ᠬᠠᠷᠢᠴᠠᠩᠭᠤᠢ ᠪᠠᠭ᠎ᠠ | ᠪᠠᠶᠢᠳᠠᠭ᠃ ᠭᠡᠪᠡᠴᠦ ᠲᠥᠪ ᠰᠠᠭᠤᠬᠤ ᠦᠭᠡᠢ᠂ ᠣᠶᠢᠷ᠎ᠠ ᠵᠠᠢ ᠳᠤ ᠬᠡᠲᠦ ᠤᠷᠲᠤ ᠴᠠᠭ ᠨᠢᠳᠦ ᠬᠡᠷᠡᠭᠯᠡᠪᠡᠯ ᠨᠢᠳᠦ ᠶᠠᠳᠠᠷᠠᠬᠤ ᠪᠣᠯᠤᠨ᠎ᠠ᠃ ᠨᠣᠮ ᠤᠩᠰᠢᠬᠤ ᠳᠤ | ᠴᠠᠭ ᠢᠶᠠᠨ ᠲᠣᠬᠢᠷᠠᠮᠵᠢᠲᠠᠢ ᠲᠣᠬᠢᠷᠠᠭᠤᠯᠬᠤ ᠶᠢ ᠠᠩᠬᠠᠷᠴᠤ᠂ ᠦᠷᠭᠦᠯᠵᠢᠯᠡᠨ ᠨᠢᠳᠦ ᠬᠡᠷᠡᠭᠯᠡᠬᠦ ᠴᠠᠭ ᠢ ᠬᠠᠮᠤᠭ ᠤᠨ ᠤᠷᠲᠤ ᠳᠤ ᠪᠠᠨ 40 ᠮᠢᠨᠦ᠋ᠲ ᠠᠴᠠ | ᠬᠡᠲᠦᠷᠡᠭᠦᠯᠵᠦ ᠪᠣᠯᠬᠤ ᠦᠭᠡᠢ᠃ ᠨᠠᠰᠤ ᠨᠢ ᠬᠡᠳᠦᠢ ᠪᠠᠭ᠎ᠠ ᠪᠣᠯ ᠦᠷᠭᠦᠯᠵᠢᠯᠡᠨ ᠨᠢᠳᠦ ᠬᠡᠷᠡᠭᠯᠡᠬᠦ ᠴᠠᠭ ᠬᠡᠳᠦᠢ ᠣᠬᠤᠷ ᠪᠠᠶᠢᠬᠤ ᠬᠡᠷᠡᠭᠲᠡᠢ᠃ | 10. ᠡᠪᠦᠯ ᠤᠨ ᠠᠮᠠᠷᠠᠯᠲᠠ ᠳᠤ ᠭᠡᠷ ᠲᠤ ᠪᠠᠨ ᠨᠣᠮ ᠤᠩᠰᠢᠬᠤ ᠳᠤ ᠶᠠᠭᠠᠬᠢᠵᠤ ᠰᠠᠭᠤᠪᠠᠯ ᠳᠠᠭᠠᠷᠠᠬᠤ ᠪᠤᠢ︖ | ᠬᠠᠷᠢᠭᠤᠯᠲᠠ᠄ ᠰᠠᠭᠤᠬᠤ ᠬᠡᠯᠪᠡᠷᠢ ᠵᠥᠪ ᠪᠣᠯ ᠣᠶᠢᠷ᠎ᠠ ᠬᠠᠷᠠᠭ᠎ᠠ ᠲᠠᠢ ᠪᠣᠯᠬᠤ ᠪᠤᠶᠤ ᠣᠶᠢᠷ᠎ᠠ ᠬᠠᠷᠠᠭ᠎ᠠ ᠬᠦᠨᠳᠦᠷᠡᠬᠦ ᠶᠢ ᠪᠦᠲᠦᠮᠵᠢᠲᠡᠢ ᠰᠡᠷᠭᠡᠶᠢᠯᠡᠵᠦ | ᠴᠢᠳᠠᠨ᠎ᠠ᠃ ᠪᠢᠴᠢᠬᠦ ᠪᠤᠶᠤ ᠤᠩᠰᠢᠬᠤ ᠳᠤ ᠨᠢᠳᠦᠨ ᠤ ᠵᠠᠢ ᠵᠣᠬᠢᠰᠲᠠᠢ᠂ ᠲᠣᠯᠣᠭᠠᠢ ᠢᠶᠠᠨ ᠳᠡᠭᠰᠢᠭᠡᠨ ᠪᠠᠶᠢᠯᠭᠠᠵᠤ᠂ ︽ᠨᠢᠭᠡ ᠲᠣᠬᠤᠢ ᠨᠢᠭᠡ ᠨᠢᠳᠤᠷᠭ᠎ᠠ ᠨᠢᠭᠡ | ᠢᠮᠠᠬᠤ︾ ᠶᠢ ᠪᠠᠷᠢᠮᠲᠠᠯᠠᠬᠤ ᠬᠡᠷᠡᠭᠲᠡᠢ᠂ ᠳᠠᠷᠤᠢ ᠨᠢᠳᠦ ᠨᠣᠮ ᠠᠴᠠ ᠨᠢᠭᠡ ᠲᠣᠬᠤᠢ ︵ᠪᠠᠷᠤᠭ 33 ᠰᠡᠨᠲ᠋ᠢᠮᠧᠳ᠋ᠷ︶ ᠵᠠᠶᠢᠲᠠᠢ᠂ ᠴᠡᠭᠡᠵᠢ ᠰᠢᠷᠡᠭᠡᠨ ᠤ ᠢᠷᠮᠡᠭ ᠠᠴᠠ | ᠨᠢᠭᠡ ᠨᠢᠳᠤᠷᠭ᠎ᠠ ︵ᠪᠠᠷᠤᠭ 10 ᠰᠡᠨᠲ᠋ᠢᠮᠧᠳ᠋ᠷ︶ ᠵᠠᠶᠢᠲᠠᠢ᠂ ᠪᠢᠷ ᠠᠳᠬᠤᠬᠤ ᠬᠤᠷᠤᠭᠤ ᠪᠢᠷ ᠤᠨ ᠦᠵᠦᠭᠦᠷ ᠠᠴᠠ ᠨᠢᠭᠡ ᠢᠮᠠᠬᠤ ︵ᠪᠠᠷᠤᠭ 3 ᠰᠡᠨᠲ᠋ᠢᠮᠧᠳ᠋ᠷ︶ | ᠵᠠᠶᠢᠲᠠᠢ ᠪᠠᠶᠢᠬᠤ ᠬᠡᠷᠡᠭᠲᠡᠢ᠃ ᠰᠢᠷᠡᠭᠡᠨ ᠳᠡᠭᠡᠷ᠎ᠡ ᠬᠡᠪᠲᠡᠬᠦ ᠪᠤᠶᠤ ᠣᠷᠣᠨ ᠳᠡᠭᠡᠷ᠎ᠡ ᠬᠡᠪᠲᠡᠵᠦ ᠨᠣᠮ ᠦᠵᠡᠵᠦ ᠪᠣᠯᠬᠤ ᠦᠭᠡᠢ᠂ ᠨᠡᠩ ᠴᠤ ᠶᠠᠪᠤᠵᠤ ᠪᠠᠶᠢᠭ᠎ᠠ ᠲᠡᠷᠭᠡᠨ | ᠳᠡᠭᠡᠷ᠎ᠡ ᠨᠣᠮ ᠦᠵᠡᠵᠦ ᠪᠣᠯᠬᠤ ᠦᠭᠡᠢ᠃ | 11. ᠰᠤᠷᠤᠯᠴᠠᠬᠤ ᠪᠤᠶᠤ ᠨᠣᠮ ᠤᠩᠰᠢᠬᠤ ᠦᠶ᠎ᠡ ᠳᠤ ᠭᠡᠷᠡᠯ ᠤᠨ ᠱᠤᠭᠤᠮ ᠳᠤ ᠶᠠᠮᠠᠷ ᠱᠠᠭᠠᠷᠳᠠᠯᠭ᠎ᠠ ᠲᠠᠢ ᠪᠤᠢ︖ | ᠬᠠᠷᠢᠭᠤᠯᠲᠠ᠄ ᠬᠡᠦᠬᠡᠳ ᠰᠤᠷᠤᠯᠴᠠᠬᠤ ᠦᠶ᠎ᠡ ᠳᠤ ᠭᠡᠷᠡᠯᠳᠦᠭᠦᠯᠭᠡ ᠰᠠᠶᠢᠨ ᠪᠠᠶᠢᠬᠤ ᠬᠡᠷᠡᠭᠲᠡᠢ᠂ ᠭᠡᠷᠡᠯᠳᠦᠭᠦᠯᠭᠡ ᠮᠠᠭᠤ ᠪᠣᠯ ᠬᠡᠦᠬᠡᠳ ᠤᠨ ᠨᠢᠳᠦᠨ ᠳᠤ ᠮᠠᠭᠤ | ᠨᠥᠯᠥᠭᠡ ᠦᠵᠡᠭᠦᠯᠬᠦ ᠪᠣᠯᠤᠨ᠎ᠠ᠃ ᠭᠡᠷ ᠤᠨ ᠠᠬᠠᠮᠠᠳ ᠭᠡᠷ ᠳᠣᠲᠤᠷᠡᠬᠢ ᠬᠠᠷᠠᠭᠠᠨ ᠤ ᠣᠷᠴᠢᠨ ᠢ ᠰᠠᠶᠢᠵᠢᠷᠠᠭᠤᠯᠵᠤ᠂ ᠬᠡᠦᠬᠡᠳ ᠤᠨ ᠪᠢᠴᠢᠭ ᠤᠨ ᠰᠢᠷᠡᠭᠡ ᠶᠢ | ᠥᠷᠥᠭᠡᠨ ᠳᠠᠬᠢ ᠭᠡᠷᠡᠯ ᠤᠨ ᠳᠤᠰᠤᠯᠲᠠ ᠨᠡᠯᠢᠶᠡᠳ ᠰᠠᠶᠢᠨ ᠪᠠᠶᠢᠷᠢᠨ ᠳᠤ ᠲᠠᠯᠪᠢᠬᠤ ᠬᠡᠷᠡᠭᠲᠡᠢ᠃ ᠡᠳᠦᠷ ᠰᠤᠷᠤᠯᠴᠠᠬᠤ ᠦᠶ᠎ᠡ ᠳᠤ᠂ ᠪᠠᠶᠢᠭᠠᠯᠢ ᠶᠢᠨ ᠭᠡᠷᠡᠯ ᠢ | ᠭᠦᠢᠴᠡᠳ ᠠᠰᠢᠭᠯᠠᠨ ᠭᠡᠷᠡᠯᠳᠦᠭᠦᠯᠵᠦ᠂ ᠭᠡᠷᠡᠯ ᠰᠢᠷᠡᠭᠡᠨ ᠳᠡᠭᠡᠷ᠎ᠡ ᠰᠢᠭᠤᠳ ᠲᠤᠰᠬᠤ ᠠᠴᠠ ᠵᠠᠶᠢᠯᠠᠰᠬᠢᠨ᠎ᠡ᠃ ᠣᠷᠣᠶ ᠰᠤᠷᠤᠯᠴᠠᠬᠤ ᠦᠶ᠎ᠡ ᠳᠤ᠂ | ᠭᠡᠷᠡᠯᠲᠦᠭᠦᠯᠭᠡ ᠪᠠᠨ ᠨᠡᠭᠡᠭᠡᠬᠦ ᠠᠴᠠ ᠭᠠᠳᠠᠨ᠎ᠠ᠂ ᠥᠷᠥᠭᠡᠨ ᠳᠣᠲᠣᠷ᠎ᠠ ᠪᠠᠰᠠ ᠵᠣᠬᠢᠬᠤ ᠲᠤᠰᠠᠯᠠᠬᠤ ᠭᠡᠷᠡᠯ ᠢ ᠬᠡᠷᠡᠭᠯᠡᠨ᠂ ᠥᠷᠥᠭᠡᠨ ᠳᠣᠲᠣᠷᠠᠬᠢ ᠢᠯᠡ ᠪᠦᠳᠡᠭᠢ ᠶᠢᠨ | ᠵᠥᠷᠢᠶ᠎ᠡ ᠶᠢ ᠪᠠᠭᠠᠰᠬᠠᠵᠤ᠂ ᠰᠢᠷᠡᠭᠡᠨ ᠳᠡᠭᠡᠷᠡᠬᠢ ᠭᠡᠷᠡᠯ ᠤᠨ ᠱᠤᠭᠤᠮ ᠢ ᠡᠷᠭᠢᠨ ᠲᠣᠭᠤᠷᠢᠨ ᠯᠤᠭ᠎ᠠ ᠵᠣᠬᠢᠴᠠᠯ ᠲᠠᠢ ᠪᠠᠶᠢᠯᠭᠠᠬᠤ ᠬᠡᠷᠡᠭᠲᠡᠢ᠃ ᠰᠢᠷᠡᠭᠡᠨ ᠳ᠋ᠧᠩ | ᠳ᠋ᠧᠩ ᠤᠨ ᠪᠥᠷᠬᠦᠭᠦᠯ ᠲᠠᠢ ᠪᠠᠶᠢᠵᠤ᠂ ᠦᠰᠦᠭ ᠪᠢᠴᠢᠬᠦ ᠭᠠᠷ ᠤᠨ ᠡᠰᠡᠷᠭᠦ ᠲᠠᠯ᠎ᠠ ᠶᠢᠨ ᠡᠮᠦᠨ᠎ᠡ ᠲᠠᠯ᠎ᠠ ᠳᠤ ᠲᠠᠯᠪᠢᠨ᠎ᠠ᠃ |