ᠠᠪᠤ ᠦᠬᠢᠨ ᠬᠤᠶᠠᠷ ᠶᠠᠷᠢᠯᠴᠠᠵᠤ ᠪᠠᠶᠢᠯ᠎ᠠ᠃ ᠦᠬᠢᠨ ᠠᠮᠢᠳᠤᠷᠠᠯ ᠨᠢ ᠪᠡᠷᠬᠡᠰᠢᠶᠠᠯ ᠢᠶᠠᠷ ᠲᠦᠬᠦᠷᠠᠩ ᠪᠠᠶᠢᠭ᠎ᠠ ᠶᠢ ᠦᠪᠡᠷ ᠲᠤᠨᠢ ᠬᠦᠨᠳᠤ ᠬᠡᠴᠡᠬᠦᠤ ᠶᠠᠭᠤᠮ᠎ᠠ | ᠶᠡᠭᠡ ᠳᠤᠯᠭᠠᠷᠠᠳᠠᠭ ᠢ ᠡᠶᠢᠮᠤ ᠶᠡᠭᠡ ᠠᠰᠠᠭᠤᠳᠠᠯ ᠢ ᠬᠡᠷᠬᠢᠨ ᠲᠠᠪᠠᠨ ᠳᠤᠭᠤᠯᠬᠤ ᠪᠠᠨ ᠮᠡᠳᠡᠭᠡ ᠦᠬᠡᠢ ᠪᠠᠶᠢᠭ᠎ᠠ ᠪᠠᠨ ᠠᠪᠤ ᠳᠠᠭᠠᠨ ᠶᠠᠷᠢᠵᠠᠢ᠃ | ᠡᠬᠦᠨ ᠢ ᠰᠤᠨᠤᠰᠤᠭᠰᠠᠠ ᠠᠪᠤ ᠨᠢ ︽ᠠᠪᠤ ᠨᠢ ᠴᠢᠮ᠎ᠠ ᠳᠤ ᠶᠡᠭᠡ ᠶᠠᠭᠤᠮ᠎ᠠ ᠦᠵᠡᠬᠦᠯᠦᠶᠠ︕︾ ᠬᠡᠳ ᠦᠬᠢᠨ ᠢ ᠲᠠᠭᠠᠭᠤᠯᠤᠨ ᠭᠠᠯ ᠵᠤᠤᠬᠠᠨ ᠤ ᠪᠠᠨ | ᠦᠷᠦᠬᠡᠨ ᠳᠤ ᠤᠷᠤᠵᠠᠢ᠃ ᠦᠬᠢᠨ ᠤ ᠠᠪᠤ ᠨᠢ ᠠᠯᠳᠠᠷᠳᠡᠢ ᠳᠤᠭᠤᠭᠠᠴᠢ ᠬᠦᠮᠤᠨ ᠪᠠᠶᠢᠯ᠎ᠠ᠃ | ᠵᠤᠤᠬᠠᠨ ᠲᠡᠬᠡᠷ᠎ᠠ ᠢᠵᠢᠯᠢ ᠬᠡᠮᠵᠢᠶ᠎ᠠ ᠲᠠᠢ ᠤᠰᠤ ᠲᠠᠢ ᠢᠵᠢᠯᠢᠬᠡᠨ ᠭᠤᠷᠪᠠᠨ ᠰᠠᠪᠠ ᠲᠠᠯᠪᠢᠵᠠᠢ᠃ ᠡᠬᠢᠨ ᠤ ᠰᠠᠪᠠ ᠲᠠᠢ ᠤᠰᠤᠨ ᠳᠤ ᠯᠤᠤᠪᠠᠩ᠂ | ᠲᠠᠷᠠᠭ᠎ᠠ ᠶᠢᠨ ᠰᠠᠪᠠ ᠲᠠᠢ ᠤᠰᠤᠨ ᠳᠤ ᠨᠢᠬᠡ ᠦᠨᠳᠡᠭᠡ᠂ ᠰᠡᠬᠦᠯ ᠤᠨ ᠰᠠᠪᠠ ᠲᠠᠢ ᠤᠰᠤᠨ ᠳᠤ ᠪᠦᠬᠦᠯᠢ ᠺᠣᠹᠧ ᠬᠢᠵᠤ ᠢᠵᠢᠯᠢ ᠭᠠᠯ ᠲᠡᠬᠡᠷ᠎ᠠ ᠪᠤᠴᠠᠯᠭᠠᠵᠠᠢ᠃ | ᠪᠦᠬᠦᠳᠠ ᠶᠢ ᠨᠢ 20 ᠮᠢᠨᠦ᠋ᠲ ᠪᠤᠴᠠᠯᠭᠠᠭᠠᠳ ᠭᠠᠷᠭᠠᠪᠠ᠃ ᠲᠠᠷᠠᠭ᠎ᠠ ᠨᠢ ᠰᠢᠷᠡᠬᠡᠨ ᠲᠡᠬᠡᠷ᠎ᠠ ᠬᠤᠶᠠᠷ ᠲᠠᠪᠠᠭ᠂ ᠨᠢᠬᠡ ᠠᠶᠠᠭ᠎ᠠ ᠠᠪᠴᠢᠷᠠᠵᠤ ᠲᠠᠯᠪᠢᠭᠠᠳ | ᠲᠠᠪᠠᠭ ᠤᠳ ᠲᠤ ᠦᠨᠳᠡᠭᠡ ᠯᠤᠤᠪᠠᠩ ᠢ ᠠᠶᠠᠭᠠᠨ ᠳᠤ ᠺᠣᠹᠧ ᠶᠢ ᠬᠢᠪᠠ᠃ | — ᠵᠠ᠂ ᠦᠬᠢᠨ ᠮᠢᠨᠢ ᠡᠳᠡᠬᠡᠷ ᠶᠠᠭᠤ ᠪᠤᠢ︖ | — ᠯᠤᠤᠪᠠᠩ᠂ ᠦᠨᠳᠡᠭᠡ᠂ ᠺᠣᠹᠧ᠃ | — ᠲᠡᠬᠡᠪᠡᠯ ᠶᠠᠮᠠᠷᠬᠠᠨ ᠪᠤᠯᠤᠭᠰᠠᠠ ᠪᠠᠶᠢᠭ᠎ᠠ ᠶᠢ ᠨᠢ ᠬᠡᠯᠡᠬᠡᠳ ᠠᠯᠢ᠃ ᠦᠬᠢᠨ ᠯᠤᠤᠪᠠᠩ ᠢ ᠰᠡᠷᠡᠭᠡ ᠪᠠᠷ ᠬᠠᠳᠬᠤᠵᠤ ᠦᠵᠡᠬᠦ ᠳᠤ ᠨᠡᠯᠢᠶᠠᠳ | ᠵᠦᠬᠡᠯᠡᠷᠡᠭᠰᠡᠡ᠂ ᠦᠨᠳᠡᠭᠡ ᠶᠢ ᠬᠠᠯᠢᠰᠤᠯᠠᠬᠤ ᠳᠤ ᠬᠡᠳᠤᠷᠬᠡᠢ ᠶᠡᠭᠡ ᠪᠤᠯᠵᠤ ᠬᠠᠳᠠᠭᠤᠷᠠᠭᠰᠠᠠ᠂ ᠬᠠᠷᠢᠨ ᠺᠣᠹᠧ ᠶᠢ ᠠᠮᠳᠠᠯᠠᠬᠤ ᠳᠤ ᠰᠠᠶᠢᠬᠠᠨ ᠠᠮᠳᠠᠳᠠᠢ ᠪᠤᠯᠤᠭᠰᠠᠠ | ᠪᠠᠶᠢᠪᠠ᠃ | — ᠠᠪᠤ ᠡ᠂ ᠲᠠ ᠶᠠᠭᠠᠬᠢᠭᠠᠳ ᠡᠬᠦᠨ ᠢ ᠨᠠᠳᠠ ᠳᠤ ᠦᠵᠡᠬᠦᠯᠵᠤ ᠪᠠᠶᠢᠭ᠎ᠠ ᠶᠤᠮ ᠪᠤᠢ︖ | — ᠦᠬᠢᠨ ᠮᠢᠨᠢ᠂ ᠪᠦᠬᠦᠳᠠ ᠶᠢ ᠨᠢ ᠨᠢᠬᠡ ᠢᠵᠢᠯᠢ ᠬᠡᠮᠵᠢᠶ᠎ᠠ ᠲᠠᠢ ᠤᠰᠤᠨ ᠳᠤ ᠢᠵᠢᠯᠢᠬᠡᠨ ᠭᠠᠯ ᠲᠠᠬᠡᠷ᠎ᠠ ᠠᠳᠠᠯᠢ ᠬᠤᠭᠤᠴᠠᠭᠠᠨ ᠳᠤ ᠴᠢᠨᠠᠬᠤ ᠳᠤ | ᠪᠦᠬᠦᠳᠠ ᠦᠬᠡᠷ᠎ᠠ ᠦᠬᠡᠷ᠎ᠠ ᠪᠤᠯᠤᠭᠰᠠᠠ ᠪᠠᠶᠢᠨ᠎ᠠ᠃ ᠯᠤᠤᠪᠠᠩ ᠡᠬᠢᠨ ᠳᠡᠭᠡᠨ ᠬᠠᠳᠠᠭᠤ ᠪᠠᠶᠢᠬᠰᠠᠠ ᠴᠤ ᠪᠤᠴᠠᠯᠤᠭᠰᠠᠠ ᠤ ᠲᠠᠷᠠᠭ᠎ᠠ ᠬᠡᠳᠤᠷᠬᠡᠢ ᠵᠦᠬᠡᠯᠡᠷᠡᠭᠰᠡᠡ᠂ | ᠦᠨᠳᠡᠭᠡ ᠰᠢᠩᠬᠡᠨ ᠪᠠᠶᠢᠬᠰᠠᠠ ᠴᠤ ᠪᠤᠴᠠᠯᠤᠭᠰᠠᠠ ᠤ ᠲᠠᠷᠠᠭ᠎ᠠ ᠬᠡᠳᠤᠷᠬᠡᠢ ᠬᠠᠳᠠᠭᠤ ᠪᠤᠯᠤᠭᠰᠠᠠ᠃ ᠬᠠᠷᠢᠨ ᠨᠢᠬᠡ ᠠᠳᠬᠤ ᠭᠠᠰᠢᠭᠤᠨ ᠺᠣᠹᠧ ᠪᠦᠷ ᠰᠠᠶᠢᠬᠠᠨ | ᠠᠮᠳᠠᠳᠠᠢ ᠪᠤᠯᠵᠤ᠂ ᠪᠤᠴᠠᠯᠵᠤ ᠪᠠᠶᠢᠬᠤ ᠳᠠᠭᠠᠨ ᠴᠤ ᠰᠠᠶᠢᠬᠠᠨ ᠦᠨᠤᠷᠳᠤᠵᠤ ᠪᠠᠶᠢᠬᠰᠠᠠ᠃ | — ᠦᠬᠢᠨ ᠮᠢᠨᠢ᠂ ᠴᠢ ᠡᠳᠡᠬᠡᠷ ᠤᠨ ᠠᠯᠢ ᠨᠢ ᠪᠤᠢ︖ ᠪᠡᠷᠬᠡᠰᠢᠶᠠᠯ ᠳᠤᠯᠭᠠᠷᠠᠬᠤ ᠪᠠᠷ ᠢᠶᠠᠨ ᠶᠠᠭᠠᠬᠢᠳᠠᠭ ᠪᠤᠢ︖ ᠯᠤᠤᠪᠠᠩ ᠤᠤ᠂ ᠦᠨᠳᠡᠭᠡ ᠤᠤ᠂ | ᠡᠰᠡᠪᠡᠯ ᠺᠣᠹᠧ ᠤᠤ︖ | ᠤᠩᠰᠢᠬᠴᠢ ᠲᠠ ᠠᠯᠢ ᠨᠢ ᠪᠤᠢ︖ | ᠪᠤᠳᠤᠯᠬᠢᠯᠠᠵᠤ ᠦᠵᠡᠬᠡᠷᠡᠢ᠃ | ︵︽ᠲᠡᠯᠡᠬᠡᠢ ᠶᠢᠨ ᠰᠤᠷᠭᠠᠮᠵᠢᠳᠤ ᠦᠬᠦᠯᠡᠯᠬᠡ︾ ᠠᠴᠠ ᠨᠠᠶᠢᠷᠠᠭᠤᠯᠤᠨ ᠠᠪᠤᠪᠠ︶ |