ᠦᠭᠡᠳᠡ ᠭᠡᠶᠢᠮᠤᠷᠢ ᠲᠠᠢ 2025 ᠤᠨ ᠮᠢᠨᠢ
ᠨᠡᠶᠢᠲᠡᠯᠡᠭᠰᠡᠨ ᠴᠠᠭ᠄
2025/1/9
      ᠮᠦᠩᠬᠦᠨ ᠴᠠᠭᠠᠨ ᠰᠠᠷᠠᠨ ᠤ ᠬᠠᠪᠢᠷᠭᠠᠯᠠᠵᠦ ᠲᠡᠷᠭᠡᠯᠰᠢᠬᠦ ᠶᠢᠨ ᠭᠡᠯᠪᠡᠷᠢ ᠮᠡᠳᠦ ᠵᠢᠷᠦᠭᠡ ᠮᠢᠨᠢ ᠬᠠᠭᠤᠴᠢᠨ ᠵᠢᠯ ᠢᠶᠠᠨ ᠦᠳᠡᠬᠦ ᠳᠡᠭᠡᠨ ᠤᠶᠠᠷᠠᠵᠦ ᠬᠠᠩᠭᠠᠶᠢᠷᠠᠭᠠᠳ ᠰᠢᠨ᠎ᠡ ᠤᠨ ᠢᠶᠠᠨ ᠤᠭᠳᠤᠬᠤ ᠳᠠᠭᠠᠨ ᠲᠤᠭᠳᠤᠯᠵᠦ ᠲᠦᠬᠦᠷᠳᠡᠭ ᠨᠢ ᠦᠨᠡᠨ ᠪᠠᠶᠢᠵᠠᠢ᠃       ᠤᠨ ᠵᠢᠯ ᠭᠡᠵᠦ ᠤᠷᠤᠰᠬᠠᠯ ᠨᠢ ᠲᠠᠳᠠᠭᠤᠷᠠᠬᠤ ᠦᠭᠡᠢ ᠮᠦᠩᠭᠡ ᠶᠢᠨ ᠭᠤᠤᠯ ᠴᠦ ᠶᠤᠮ ᠤᠤ︖ ᠡᠰᠡᠬᠦᠯ᠎ᠡ ᠢᠷᠡᠵᠦ ᠪᠤᠴᠠᠬᠤ ᠭᠡᠶᠢᠴᠢᠨ ᠴᠦ ᠶᠤᠮ ᠤᠤ︖ ᠨᠢᠭᠡ ᠮᠡᠳᠡᠬᠦ ᠳᠤ 2024 ᠤᠨ ᠮᠢᠨᠢ ᠪᠢᠳᠡᠨ ᠳᠤ ᠦᠯᠢᠭᠡᠷ ᠲᠡᠦᠭᠡ᠂ ᠦᠨᠡᠨ ᠮᠦᠨ ᠢᠶᠠᠨ ᠦᠯᠡᠳᠡᠭᠡᠭᠡᠳ ᠠᠶᠠᠷᠯᠠᠨ ᠰᠠᠯᠬᠤ ᠳᠤ 2025 ᠤᠨ ᠮᠢᠨᠢ ᠤᠷᠢᠨ ᠲᠤᠯᠠᠭᠠᠨ ᠬᠠᠪᠤᠷ ᠢᠶᠠᠨ ᠲᠠᠭᠠᠭᠤᠯᠤᠭᠠᠳ ᠡᠬᠦᠳᠡᠨ ᠪᠤᠱᠤᠭᠠᠨ ᠲᠡᠭᠡᠷ᠎ᠡ ᠬᠠᠩᠬᠤᠯᠳᠠᠯ᠎ᠠ ᠮᠦᠰᠢᠶᠡᠭᠰᠡᠭᠡᠷ ᠬᠦᠷᠦᠭᠡᠳ ᠢᠷᠡᠯ᠎ᠡ᠃ ᠬᠦᠮᠦᠨ ᠵᠤᠨ ᠳᠠᠭᠠᠨ ᠵᠤᠪᠠᠵᠦ ᠵᠢᠷᠭᠠᠬᠤ ᠶᠢᠨ ᠠᠮᠳᠠ ᠶᠢ ᠮᠡᠳᠡᠬᠦᠯᠳᠡᠭ ᠨᠢ ᠤᠨ ᠵᠢᠯ ᠲᠠ ᠪᠠᠶᠢᠭᠰᠠᠨ ᠠᠵᠤᠭᠤ︕       ᠰᠢᠨ᠎ᠡ ᠤᠨ ᠳᠤ ᠶᠠᠭᠤ ᠪᠦᠬᠦᠨ ᠰᠢᠨ᠎ᠡ ᠪᠠᠷ ᠡᠭᠢᠯᠡᠨ᠎ᠡ᠃ ᠬᠠᠭᠢᠷ ᠬᠦᠢᠳᠡᠨ ᠡᠪᠦᠯ ᠢ ᠨᠢᠴᠦᠬᠦᠨ ᠲᠤᠭᠤᠯᠤᠭᠰᠠᠨ ᠤᠢ ᠮᠤᠳᠤ ᠬᠦᠭᠡᠷᠡᠨ ᠨᠤᠭᠤᠭᠠᠷᠠᠬᠤ ᠳᠤ ᠲᠤᠷᠤᠨ᠎ᠠ ᠵᠦᠭ ᠲᠡᠮᠡᠦᠯᠵᠦ ᠵᠢᠳᠬᠦᠭᠰᠡᠨ ᠭᠤᠤᠯ ᠮᠦᠷᠡᠨ ᠮᠦᠰᠦ ᠪᠠᠨ ᠢᠰᠭᠦᠯᠵᠦ ᠡᠷᠭᠡ ᠴᠢᠯᠦᠭᠡᠳᠡᠢ ᠱᠤᠤᠭᠢᠭᠠᠳ ᠤᠷᠳᠤ ᠶᠢᠨ ᠲᠠᠭᠤᠤ ᠰᠢᠭ ᠤᠷᠮ᠎ᠠ ᠶᠢ ᠰᠡᠷᠬᠦᠭᠡᠵᠦ ᠵᠤᠷᠢᠭ ᠢ ᠮᠢᠨᠢ ᠢᠷᠯᠡᠨ᠎ᠡ᠃ ᠠᠭᠤᠯᠠᠰ ᠬᠤᠷᠠᠭᠰᠠᠨ ᠴᠠᠰᠤ ᠪᠠᠨ ᠰᠢᠯᠭᠡᠭᠡᠵᠦ ᠨᠠᠷᠠᠨ ᠵᠦᠭ ᠦᠨᠳᠡᠯᠵᠡᠬᠦ ᠳᠤ ᠬᠠᠶᠢᠯ ᠤᠨ ᠤᠰᠤᠨ ᠭᠤᠤ ᠵᠢᠯᠠᠭ᠎ᠠ ᠪᠠᠷ ᠭᠤᠷᠴᠢᠭᠢᠨᠡᠨ ᠤᠷᠤᠰᠤᠨ᠎ᠠ᠃ ᠠᠮᠢᠳᠤᠷᠠᠯ ᠦᠭᠡᠳᠡ ᠲᠠᠢ ᠤᠷᠤᠭᠤ ᠲᠠᠢ ᠭᠡᠳᠡᠭ ᠢ ᠠᠭᠤᠯᠠᠰ ᠪᠢᠳᠡᠨ ᠳᠤ ᠦᠵᠡᠬᠦᠯᠳᠡᠭ ᠴᠦ ᠪᠤᠯᠪᠠ ᠤᠤ︖ ᠡᠰᠡᠬᠦᠯ᠎ᠡ ᠮᠦᠩᠭᠡ ᠪᠤᠰᠤ ᠬᠤᠷᠸ᠎ᠠ ᠶᠢᠨ ᠨᠢᠭᠤᠴᠠ ᠶᠢ ᠲᠠᠨᠢᠭᠤᠯᠬᠤ ᠭᠡᠮᠡᠨ ᠦᠭᠭᠢᠶᠡᠮᠦᠷ ᠰᠠᠨᠠᠳᠠᠭ ᠴᠦ ᠪᠢᠯᠢᠦ⁈ ᠲᠠᠭᠤ ᠦᠭᠡᠢ ᠠᠭᠤᠯᠠᠰ ᠤᠨ ᠲᠤᠩᠭᠠᠯᠠᠭ ᠤᠬᠠᠭᠠᠨ ᠭᠡᠵᠦ ᠶᠠᠭᠠᠭᠢᠭᠰᠠᠨ ᠭᠤᠶᠤ︕ ᠠᠭᠤᠯᠠᠰ ᠢ ︽ᠡᠪᠭᠡᠭᠰᠡᠨ ᠰᠤᠳᠤᠷ︾ ᠭᠡᠵᠦ ᠤᠶᠠᠩᠭᠠᠯᠠᠵᠦ ᠰᠢᠯᠦᠭᠯᠡᠬᠦ ᠨᠢ ᠪᠤᠷᠤᠭᠤ ᠦᠭᠡᠢ᠃       ᠢᠴᠡᠭᠡᠯᠡᠭᠰᠡᠨ ᠠᠮᠢᠳᠠᠳ ᠨᠠᠷᠠ ᠵᠢᠪᠠᠷ ᠢᠶᠠᠨ ᠬᠠᠷᠠᠭᠠᠳ ᠨᠠᠶᠢᠷᠠᠮᠳᠠᠭᠤ ᠤᠷᠤᠰᠢᠨ᠎ᠠ ᠭᠡᠵᠦ ᠶᠠᠭᠤᠳᠠᠢ ᠵᠢᠷᠭᠠᠯ ᠪᠢᠯᠡ︖ ᠲᠦᠮᠡᠨ ᠪᠤᠳᠠᠰ ᠲᠡᠯᠭᠡᠷᠡᠭᠰᠡᠨ ᠲᠠᠶᠢᠪᠤᠩ ᠠᠮᠤᠭᠤᠯᠠᠩ ᠤᠷᠴᠢᠨ ᠠᠬᠤᠢ ᠲᠠᠢ ᠠᠭᠤᠯᠵᠠᠨ ᠵᠤᠯᠭᠠᠭᠤᠯᠳᠠᠭ ᠨᠢ ᠡᠰᠡᠨᠢᠯ ᠤᠨ ᠬᠠᠪᠤᠷ ᠪᠤᠶᠤ ᠡᠯᠢᠭᠡᠰᠡᠭ ᠰᠢᠨ᠎ᠡ ᠤᠨ ᠤ ᠢᠪᠡᠭᠡᠯ ᠬᠠᠶᠢᠷ᠎ᠠ ᠪᠢᠵᠠ᠃       ︽ᠤᠨ ᠵᠢᠯ ᠦᠭᠰᠦᠬᠦ ᠲᠤᠰᠤᠮ ᠬᠦᠷᠦᠨ ᠲᠦᠷᠦ ᠮᠢᠨᠢ ᠬᠦᠴᠦᠷᠭᠡᠭᠵᠢᠨ᠎ᠡ᠂ ᠬᠦᠮᠦᠨ ᠵᠤᠨ ᠤ ᠠᠮᠢᠳᠤᠷᠠᠯ ᠬᠦᠭᠵᠢᠨ᠎ᠡ᠃ ᠬᠦᠰᠡᠯ ᠮᠦᠷᠦᠭᠡᠳᠦᠯ ᠮᠢᠨᠢ ᠪᠡᠶᠡᠯᠡᠭᠳᠡᠨ᠎ᠡ᠂ ᠬᠦᠷᠬᠦ ᠢᠷᠡᠭᠡᠳᠦᠢ ᠮᠢᠨᠢ ᠤᠶᠢᠷᠠᠳᠤᠨ᠎ᠠ︾ ᠭᠡᠵᠦ ᠰᠢᠨ᠎ᠡ ᠤᠨ ᠢᠶᠠᠨ ᠪᠠᠶᠠᠷ ᠲᠠᠢ ᠤᠭᠳᠤᠬᠤ ᠳᠤ ᠦᠩᠭᠡᠷᠡᠵᠦ ᠬᠤᠯᠠᠳᠠᠭᠰᠠᠨ ᠪᠠᠭ᠎ᠠ ᠨᠠᠰᠤᠨ ᠤ ᠤᠴᠠᠷᠠᠯ ᠲᠤᠭᠢᠶᠠᠯᠳᠤᠯ ᠲᠡᠷᠡ ᠴᠠᠭ ᠦᠶ᠎ᠡ ᠲᠠᠢ ᠪᠠᠨ ᠤᠢ ᠤᠬᠠᠭᠠᠨ ᠳᠤ ᠤᠪᠤᠨ ᠴᠤᠪᠤᠨ ᠤᠷᠤᠵᠦ ᠢᠷᠡᠨ᠎ᠡ ᠁       ᠪᠠᠭ᠎ᠠ ᠪᠠᠶᠢᠬᠤ ᠳᠤ᠂ ᠠᠶᠢᠯ ᠤᠯᠠᠨ ᠢᠶᠠᠷ ᠢᠶᠠᠨ ᠪᠠᠷᠢᠭᠠᠳᠠ ᠶᠢᠨ ᠬᠦᠷᠢᠶᠡᠨ ᠳᠤ ᠴᠤᠭᠯᠠᠷᠠᠵᠦ ᠲᠤᠭ ᠮᠠᠨᠳᠤᠭᠤᠯᠬᠤ ᠶᠤᠰᠤᠯᠠᠯ ᠳᠤ ᠤᠷᠤᠯᠴᠠᠬᠤ ᠨᠢ ᠰᠢᠨ᠎ᠡ ᠤᠨ ᠢᠶᠠᠨ ᠤᠭᠳᠤᠬᠤ ᠬᠠᠮᠤᠭ ᠤᠨ ᠬᠦᠷ ᠬᠦᠭᠵᠢᠶᠡᠨᠳᠡᠢ᠂ ᠤᠳᠭ᠎ᠠ ᠠᠭᠤᠯᠭ᠎ᠠ ᠲᠠᠢ ᠦᠢᠯᠡ ᠠᠵᠢᠯᠯᠠᠭ᠎ᠠ ᠪᠠᠶᠢᠵᠦ ᠪᠢᠯᠡ᠃ ᠤᠯᠤᠰ ᠤᠨ ᠰᠦᠯᠳᠡ ᠲᠠᠭᠤᠤ ᠦᠨᠳᠦᠷ ᠮᠤᠳᠤᠨ ᠲᠡᠭᠡᠷ᠎ᠡ ᠡᠯᠬᠦᠭᠰᠡᠨ ᠬᠤᠤᠰ ᠯᠠᠪᠠᠷ ᠠᠴᠠ ᠬᠠᠩᠭᠢᠨᠠᠨ ᠲᠠᠭᠤᠷᠢᠰᠬᠤ ᠪᠠᠷ ᠴᠡᠷᠢᠭ ᠬᠤᠪᠴᠠᠰᠤ ᠲᠠᠢ ᠭᠡᠳᠦᠨ ᠵᠠᠯᠠᠭᠤᠰ ᠪᠠᠷᠢᠭᠠᠳᠠ ᠶᠢᠨ ᠭᠡᠷ ᠠᠴᠠ ᠬᠤᠶᠠᠷ ᠮᠦᠷ ᠢᠶᠠᠷ ᠵᠢᠭᠳᠡ ᠠᠯᠬᠤᠭᠰᠠᠭᠠᠷ ᠭᠠᠷᠴᠦ ᠢᠷᠡᠭᠰᠡᠨ ᠢᠶᠠᠨ ᠬᠦᠷᠢᠶᠡᠨ ᠤ ᠵᠡᠬᠦᠨ ᠡᠮᠦᠨ᠎ᠡ ᠬᠦᠷᠴᠦ ᠤᠯᠤᠰ ᠤᠨ ᠲᠤᠭ ᠮᠠᠨᠳᠤᠭᠤᠯᠤᠨ᠎ᠠ᠃       ᠮᠠᠨ ᠤ ᠭᠠᠴᠠᠭᠠᠨ ᠤ ᠬᠢᠨ ᠤᠯᠤᠰ ᠤᠨ ᠲᠤᠭ ᠮᠠᠨᠳᠤᠭᠤᠯᠬᠤ ᠶᠤᠰᠤᠯᠠᠯ ᠢᠶᠠᠷ ᠠᠷᠭ᠎ᠠ ᠶᠢᠨ ᠤᠯᠠᠷᠢᠯ ᠤᠨ ᠰᠢᠨ᠎ᠠ ᠤᠨ ᠢ ᠤᠭᠳᠤᠬᠤ ᠵᠤᠷᠰᠢᠯ ᠢᠶᠠᠨ ᠤᠳᠤ ᠴᠦ ᠭᠡᠰᠡᠨ ᠪᠠᠷᠢᠮᠳᠠᠯᠠᠭᠰᠠᠭᠠᠷ᠃ ᠡᠵᠢ ᠶᠢᠨ ᠭᠡᠯᠡᠬᠦ ᠪᠠᠷ ︽ᠠᠶᠢᠯ ᠤᠨ ᠱᠦᠵᠢ ᠲᠤᠪᠳᠤᠨ ᠡᠪᠦᠭᠡ ᠠᠴᠠ ᠯᠡ ᠡᠭᠢᠯᠡᠭᠰᠡᠨ᠁︾ ᠭᠡᠳᠡᠭ᠃ ᠪᠢ ᠲᠠᠩᠳᠠ ᠭᠠᠶᠢᠬᠠᠨ ᠰᠤᠨᠢᠷᠬᠠᠵᠦ ᠲᠤᠪᠳᠤᠨ ᠡᠪᠦᠭᠡ ᠶᠢᠨ ᠲᠤᠬᠠᠢ ᠡᠵᠢ ᠠᠴᠠ ᠪᠠᠨ ᠠᠰᠠᠭᠤᠬᠤ ᠳᠤ ︽ᠡᠭᠡ ᠤᠷᠤᠨ᠂ ᠠᠷᠠᠳ ᠲᠦᠮᠡᠨ ᠳᠡᠭᠡᠨ ᠲᠦᠢᠯ ᠤᠨ ᠬᠠᠶᠢᠷᠠᠳᠠᠢ᠃ ᠨᠡᠷ᠎ᠡ ᠨᠢᠳᠡᠷ ᠲᠡᠭᠡᠨ ᠲᠠᠩᠴᠡᠭᠰᠡᠨ ᠨᠢᠭᠡᠨ ᠡᠪ ᠬᠠᠮᠳᠤ ᠨᠠᠮ ᠤᠨ ᠭᠡᠰᠢᠬᠦᠨ ᠪᠤᠯᠤᠨ᠎ᠠ︾ ᠭᠡᠵᠦ ᠲᠠᠶᠢᠯᠪᠤᠷᠢᠯᠠᠨ ᠶᠠᠷᠢᠵᠦ ᠦᠭᠴᠠᠢ᠃       ᠤᠳᠤ ᠤᠯᠤᠰ ᠤᠨ ᠲᠤᠭ ᠮᠠᠨᠳᠤᠭᠤᠯᠬᠤ ᠳᠤ ᠭᠠᠴᠠᠭᠠᠨ ᠤ ᠨᠢᠭᠳᠠᠯᠠᠨ ᠪᠤᠳᠤᠭᠴᠢ ᠭᠡᠷ ᠲᠤᠳᠤᠷᠠᠭᠢ ᠲᠠᠭᠤ ᠲᠤᠮᠤᠷᠠᠭᠤᠯᠤᠭᠴᠢ ᠮᠠᠰᠢᠨ ᠤ ᠪᠠᠨ ᠵᠢᠵᠢᠭᠭᠡᠨ ᠲᠠᠷᠤᠪᠴᠢ ᠪᠠᠷ ᠬᠦ᠋ᠷᠢᠶᠡᠨ ᠲᠤᠮᠳᠠ ᠠᠴᠠ ᠵᠠᠭᠢᠷᠤᠨ᠎ᠠ᠃ ᠰᠢᠨᠵᠢᠯᠡᠬᠦ ᠤᠬᠠᠭᠠᠨ ᠤ ᠬᠦᠭᠵᠢᠯᠳᠡ ᠶᠢ ᠪᠢᠰᠢᠷᠡᠬᠦ ᠦᠭᠡᠢ ᠪᠠᠶᠢᠬᠤ ᠶᠢᠨ ᠠᠷᠭ᠎ᠠ ᠦᠭᠡᠢ᠃ ᠦᠳᠡᠰᠢ ᠶᠢᠨ ᠰᠡᠯᠡᠬᠦᠨ ᠳᠤ ᠭᠠᠴᠠᠭᠠᠨ ᠤ ᠬᠦᠷᠢᠶᠡᠨ ᠳᠤ ᠦᠩᠭᠡ ᠪᠦᠷᠢ ᠶᠢᠨ ᠬᠤᠸᠠᠷ ᠫᠤᠤᠵᠢᠩ ᠰᠦᠨᠢ ᠶᠢᠨ ᠤᠭᠳᠠᠷᠭᠤᠢ ᠳᠤ ᠰᠤᠯᠤᠩᠭᠠᠷᠠᠨ᠎ᠠ᠃       ︽ᠨᠠᠮ ᠲᠦᠷᠦ ᠶᠢᠨ ᠰᠠᠶᠢᠨ ᠢᠶᠠᠷ ᠤᠳᠤ ᠴᠢᠨᠢ ᠡᠳᠦᠷ ᠪᠤᠯᠭᠠᠨ ᠰᠢᠨᠡᠯᠡᠵᠦ ᠪᠤᠢ︾ ᠭᠡᠵᠦ ᠡᠪᠦᠭᠡᠳ ᠤᠨ ᠵᠤᠭᠤᠭ ᠦᠷᠬᠦᠯᠵᠢᠯᠡᠭᠡᠳ ᠬᠦᠳᠡᠭᠡ ᠨᠤᠳᠤᠭ ᠲᠤ ᠬᠦᠭᠵᠢᠯ ᠤᠨ ᠠᠭᠤᠷ ᠠᠮᠢᠰᠬᠤᠯ ᠪᠢᠯᠬᠠᠨ᠎ᠠ᠃ ᠵᠠᠯᠠᠭᠤ ᠠᠮᠠᠷᠠᠭ ᠬᠤᠤᠰ ᠤᠳ ᠮᠠᠰᠢᠨ ᠲᠡᠷᠭᠡ ᠪᠠᠨ ᠵᠢᠯᠣᠭᠤᠳᠴᠣ ᠬᠤᠳᠠ ᠤᠷᠤᠭᠠᠳ ᠨᠢᠳᠦ ᠪᠠᠨ ᠬᠤᠵᠢᠷᠯᠠᠵᠦ ᠰᠡᠳᠭᠢᠯ ᠰᠠᠨᠠᠭ᠎ᠠ ᠪᠠᠨ ᠰᠡᠷᠭᠦᠭᠡᠵᠦ ᠢᠷᠡᠨ᠎ᠡ᠃ ᠡᠰᠡᠨᠢᠯ ᠤᠨ ᠬᠠᠪᠤᠷ ᠰᠠᠭᠠᠳᠠᠭᠰᠠᠨ ᠬᠦᠳᠡᠭᠡ ᠨᠤᠳᠤᠭ ᠤᠨ ᠰᠢᠨ᠎ᠡ ᠨᠢᠭᠡᠨ ᠤᠨ ᠪᠠᠶᠠᠷ ᠬᠦᠷ ᠲᠠᠢ ᠲᠤᠤᠵᠠ ᠪᠠᠨ ᠬᠠᠶᠢᠴᠢᠯᠠᠳᠠᠭ ᠶᠤᠮ ᠪᠠᠶᠢᠨ᠎ᠠ᠃       ᠤᠷᠠᠨ ᠬᠦᠬᠦᠭᠡ ᠤᠢ ᠬᠦᠪᠴᠢ ᠳᠤ ᠤᠶᠠᠬᠠᠨ ᠢᠷᠠᠭᠤ ᠲᠤᠩᠭᠤᠳᠴᠦ       ᠤᠷᠤᠭ ᠬᠠᠯᠵᠠᠨ ᠪᠤᠭᠤ ᠬᠠᠳᠠ ᠠᠰᠭ᠎ᠠ ᠲᠠᠮᠵᠢᠨ ᠤᠷᠤᠮᠳᠠᠵᠦ       ᠤᠳᠤᠷ ᠨᠡᠬᠦᠳᠡᠯ ᠤᠨ ᠴᠤᠪᠤᠭ᠎ᠠ ᠠᠯᠤᠰ ᠲᠤ ᠰᠤᠨᠤᠯᠵᠠᠨ ᠬᠤᠯᠠᠳᠠᠵᠦ       ᠤᠨᠠᠭᠠᠨ ᠨᠤᠳᠤᠭ ᠤᠨ ᠬᠠᠪᠤᠷ ᠤᠳᠭ᠎ᠠ ᠲᠡᠬᠦᠯᠳᠡᠷ ᠰᠠᠨᠠᠭᠳᠠᠨ᠎ᠠ ᠁ ᠭᠡᠰᠡᠨ ᠨᠢᠭᠡᠨ ᠰᠢᠯᠦᠭᠴᠢ ᠶᠢᠨ ︽ᠬᠠᠪᠤᠷ︾ ᠭᠡᠮᠡᠬᠦ ᠢᠷᠠᠭᠤ ᠨᠠᠶᠢᠷᠠᠭ ᠤᠨ ᠮᠦᠷ ᠪᠠᠳᠠᠭ ᠮᠢᠨᠦ ᠰᠡᠷᠡᠯ ᠢ ᠴᠢᠪᠠᠭᠳᠠᠨ ᠵᠢᠷᠦᠭᠡᠨ ᠳᠤ ᠮᠢᠨᠢ ᠭᠡᠷᠡᠯᠳᠦᠨ᠎ᠡ᠃ ᠲᠡᠶᠢᠮᠦ ᠡ᠂ ᠰᠢᠨ᠎ᠡ ᠤᠨ ᠢᠶᠠᠨ ᠤᠭᠳᠤᠬᠤ ᠳᠤ ᠰᠦᠨᠢ ᠨᠢ ᠬᠦᠷᠳᠡᠯ᠎ᠡ ᠰᠡᠳᠭᠢᠯ ᠳᠤ ᠲᠤᠯᠠᠭᠠᠨ᠂ ᠲᠦᠭᠡᠭᠰᠡᠨ ᠤᠳᠤᠳ ᠨᠢ ᠨᠠᠷᠠᠪᠴᠢᠨ ᠲᠡᠭᠡᠷ᠎ᠡ ᠰᠠᠭᠤᠭᠠᠳ ᠶᠠᠭᠤ ᠨᠢᠭᠡ ᠰᠢᠪᠡᠨᠡᠮᠡᠷ᠂ ᠨᠠᠷᠠ ᠨᠢ ᠴᠦ ᠤᠤᠯ ᠠᠴᠠ ᠪᠠᠨ ᠡᠷᠳᠡ ᠤᠷᠭᠤᠭᠠᠳ ᠨᠠᠳᠠ ᠤᠷᠤᠭᠤ ᠢᠨᠢᠶᠡᠭᠰᠡᠭᠡᠷ ᠢᠷᠡᠬᠦ‍ ᠰᠢᠭ ᠪᠤᠳᠤᠭᠳᠠᠭᠠᠳ ᠪᠠᠶᠢᠳᠠᠭ ᠢ ᠦᠭᠡ ᠪᠠᠷ ᠭᠡᠷᠭᠢᠨ ᠵᠦᠢᠷᠯᠡᠬᠦ ᠪᠤᠢ︕       ᠵᠡᠬᠦᠳᠦᠨ ᠳᠤ ᠮᠢᠨᠢ ᠴᠢ ᠭᠡᠷᠡᠯ ᠪᠤᠯᠵᠦ ᠰᠤᠯᠤᠩᠭ᠎ᠠ ᠶᠢᠨ ᠦᠩᠭᠡ ᠪᠠᠷ ᠰᠠᠴᠤᠷᠠᠵᠦ ᠢᠷᠡᠨ᠎ᠡ᠂       ᠵᠢᠷᠦᠭᠡᠨ ᠳᠤ ᠮᠢᠨᠢ ᠴᠢ ᠵᠠᠮᠴᠢ ᠪᠤᠯᠵᠦ ᠤᠶᠠᠬᠠᠨ ᠲᠠᠭᠤᠤ ᠪᠠᠷ ᠬᠠᠩᠭᠢᠨᠠᠵᠦ ᠢᠷᠡᠨ᠎ᠡ᠂       ᠵᠦᠩᠨᠡᠯ ᠳᠤ ᠮᠢᠨᠢ ᠴᠢ ᠰᠢᠯᠦᠭ ᠪᠤᠯᠵᠦ ᠵᠢᠷᠭᠠᠯ ᠤᠨ ᠮᠦᠰᠢᠶᠡᠳᠦ ᠪᠠᠷ ᠠᠩᠭᠢᠯᠵᠦ ᠢᠷᠡᠨ᠎ᠡ᠂       ᠵᠦᠢᠴᠢᠯᠡᠯ ᠳᠤ ᠮᠢᠨᠢ ᠴᠢ ᠬᠦᠰᠡᠯ ᠪᠤᠯᠵᠦ ᠰᠠᠶᠢᠬᠠᠨ ᠤ ᠢᠷᠦᠭᠡᠯ ᠢᠶᠠᠷ ᠭᠢᠯᠡᠯᠵᠡᠵᠦ ᠢᠷᠡᠨ᠎ᠡ᠂       ᠦᠶᠦᠭ ᠲᠠᠩᠰᠤᠭ ᠠᠮᠢᠳᠤᠷᠠᠯ᠂ ᠦᠷᠨᠢᠵᠦ ᠲᠡᠯᠭᠡᠷᠡᠬᠦ ᠶᠢᠨ ᠵᠦᠩ᠂ ᠡᠩᠭᠡ ᠠᠮᠤᠭᠤᠯᠠᠩ ᠤᠷᠤᠰᠢᠬᠤᠢ᠂ ᠠᠯᠢᠪᠠ ᠪᠦᠬᠦᠨ ᠴᠢᠮ᠎ᠠ ᠠᠴᠠ ᠰᠢᠨ᠎ᠠ ᠪᠠᠷ ᠡᠭᠢᠯᠡᠨ᠎ᠡ —       ᠦᠭᠡᠳᠡ ᠭᠡᠶᠢᠮᠤᠷᠢ ᠲᠠᠢ 2025 ᠤᠨ ᠮᠢᠨᠢ︕
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ