ᠰᠢᠨ᠎ᠡ ᠣᠨ
ᠨᠡᠶᠢᠲᠡᠯᠡᠭᠰᠡᠨ ᠴᠠᠭ᠄
2025/1/9
      ᠬᠦᠦ ᠲᠠᠢ ᠮᠢᠨᠢ ᠬᠦᠲᠦᠯᠦᠯᠴᠡᠭᠡᠳ ᠢᠷᠡᠨ᠎ᠡ ᠬᠡᠨ᠎ᠡ       ᠲᠡᠶᠢᠮᠦ ᠨᠢᠭᠡᠨ ᠬᠡᠷᠡᠯᠲᠦ ᠴᠠᠭ ᠮᠦᠴᠡ ᠶᠢ       ᠬᠦᠯᠢᠶᠡᠭᠡᠳ ᠳᠣᠭᠳᠣᠯᠬᠤ ᠵᠢᠷᠦᠬᠡ ᠮᠢᠨᠢ       ᠲᠣᠳᠣᠭᠰᠢ ᠪᠠᠨ ᠳᠦᠷᠡᠯᠵᠡᠨ᠎ᠡ       ᠴᠠᠰᠣ ᠦᠭᠡᠢ       ᠴᠠᠭᠠᠨ᠎ᠠ ᠪᠠᠨ ᠨᠢᠭᠡᠯᠡ ᠤᠶᠢᠲᠡᠢ ᠡᠪᠦᠯ ᠤᠨ ᠡᠳᠦᠷ ᠢ       ᠴᠠᠰᠣᠨ ᠮᠡᠲᠦ ᠤᠶᠠᠰᠬᠠᠬᠤ ᠨᠢ       ᠬᠡᠦᠬᠡᠳ ᠰᠢᠭ ᠣᠨ ᠰᠠᠷ᠎ᠠ ᠤᠳ ᠡ       ᠨᠠᠮᠣᠷ ᠤᠨ ᠰᠢᠷ᠎ᠠ ᠨᠠᠪᠴᠢᠨ ᠤ ᠬᠠᠯᠠᠭᠤᠨ ᠰᠢᠭ᠋      ᠨᠢᠯ ᠬᠠᠯᠠᠭᠤᠨ ᠮᠦᠷᠦᠭᠡᠳᠦᠯ ᠠᠰᠠᠭᠠᠵᠦ       ᠬᠡᠵᠢᠭᠡᠨ ᠤ ᠪᠠᠨ ᠮᠦᠩᠭᠦᠨ ᠰᠣᠷ ᠤᠨ ᠲᠣᠭᠠᠯᠠᠩ ᠢᠶᠠᠷ       ᠦᠪᠡᠷ ᠢᠶᠠᠨ ᠪᠢ ᠬᠠᠭᠤᠴᠢᠷᠠᠨ᠎ᠠ       ᠬᠦᠦ ᠳᠡᠭᠡᠨ ᠰᠢᠨ᠎ᠡ ᠲᠡᠷᠯᠢᠭ ᠡᠰᠭᠡᠨ᠎ᠡ       ᠤᠶᠠᠭᠠᠨ ᠳᠡᠭᠡᠷ᠎ᠡ ᠰᠢᠨ᠎ᠡ ᠤᠨ ᠲᠠᠢ ᠬᠠᠮᠳᠦ       ᠬᠦᠯᠦᠭ ᠰᠢᠭ ᠳᠠᠪᠬᠢᠭᠠᠳ ᠪᠠᠭᠤᠬᠤ       ᠬᠦᠭᠵᠢᠯᠲᠡᠢ ᠬᠤᠷᠤᠮ ᠳᠤᠨᠢ ᠴᠢᠮᠡᠭ ᠪᠣᠯᠭᠠᠵᠣ ᠁       ᠬᠤᠷᠢᠨ ᠲᠠᠪᠣᠨ ᠨᠠᠰᠣ ᠶᠢ ᠨᠢ ᠪᠡᠯᠭᠡᠰᠢᠶᠡᠨ ᠪᠠᠶᠢᠵᠣ       ᠬᠦᠰᠡᠯ ᠮᠦᠷᠦᠭᠡᠳᠦᠯ ᠢᠶᠠᠨ ᠰᠢᠪᠡᠨᠡᠨ ᠪᠠᠶᠢᠵᠣ       ᠬᠠᠶᠢᠷ᠎ᠠ ᠰᠠᠨᠠᠯ ᠢᠶᠠᠨ ᠰᠢᠩᠭᠡᠭᠡᠨ ᠪᠠᠶᠢᠵᠣ       ᠰᠣᠷᠣᠯᠭ᠎ᠠ ᠠᠮᠢᠳᠣᠷᠠᠯ ᠢ ᠨᠢ ᠵᠥᠩᠨᠡᠨ ᠪᠠᠶᠢᠵᠣ       ᠰᠠᠶᠢᠨ ᠤ ᠢᠷᠦᠭᠡᠯ ᠢᠶᠠᠨ ᠳᠡᠪᠰᠢᠭᠦᠯᠦᠨ ᠪᠠᠶᠢᠵᠣ       ᠬᠤᠷᠭᠤᠢ ᠲᠣᠷᠭ᠎ᠠ ᠪᠠᠷ ᠡᠮᠵᠢᠶᠡᠷᠢ ᠳᠠᠷᠣᠵᠣ       ᠬᠤᠯᠠ ᠣᠶᠢᠷ᠎ᠠ ᠶᠢ ᠨᠢ ᠲᠡᠩᠴᠡᠭᠦᠯᠦᠨ ᠬᠠᠪᠠᠵᠤ       ᠬᠦᠦ ᠳᠡᠭᠡᠨ ᠲᠡᠷᠯᠢᠭ ᠤᠶᠤᠵᠤ ᠬᠦᠯᠢᠶᠡᠨ᠎ᠡ       ᠬᠦᠦ ᠮᠢᠨᠢ ᠰᠢᠨ᠎ᠡ ᠣᠨ ᠶᠣᠮ       ᠬᠦᠰᠡᠯ ᠮᠦᠷᠦᠭᠡᠳᠦᠯ ᠤᠨ ᠰᠢᠨ᠎ᠡ ᠰᠢᠯᠦᠭ ᠶᠤᠮ
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ