ᠴᠠᠰᠤᠨ ᠴᠡᠴᠡᠭ ᠠᠶᠠᠷ ᠠᠶᠠᠷ ᠪᠦᠵᠢᠨ ᠡᠬᠡ ᠲᠡᠯᠡᠬᠡᠢ ᠶᠢ ᠴᠠᠭᠠᠨ ᠦᠩᠭᠡ ᠪᠠᠷ ᠴᠢᠮᠡᠭᠯᠡᠬᠦ ᠦᠶ᠎ᠡ ᠳᠤ᠂ ᠮᠤᠳᠤᠨ ᠮᠦᠴᠢᠷ ᠲᠡᠭᠡᠷ᠎ᠡ ᠴᠠᠰᠤᠨ ᠪᠠᠳᠮᠠᠷᠠᠭ᠎ᠠ | ᠲᠡᠭᠦᠵᠢᠩᠨᠡᠨᠡ᠂ ᠭᠡᠷ ᠪᠠᠶᠢᠰᠢᠩ ᠭᠡᠷᠡᠮ ᠬᠠᠨ᠎ᠠ ᠴᠠᠭᠠᠨ ᠮᠠᠯᠠᠭᠠᠢ ᠵᠡᠭᠦᠨ᠎ᠡ᠃ ᠠᠯᠤᠰ ᠤᠨ ᠠᠭᠤᠯᠠ ᠲᠤᠯᠤᠭᠠᠳ ᠴᠠᠶᠢᠷᠠᠨ ᠰᠦᠮᠡᠯᠵᠡᠨ᠎ᠡ᠃ ᠬᠦᠷᠢᠶᠡᠨ ᠱᠤᠩ | ᠲᠡᠭᠡᠷ᠎ᠡ ᠰᠠᠭᠤᠭᠰᠠᠨ ᠬᠦᠭᠡᠷᠦᠬᠦᠢ ᠨᠢᠭᠡᠨ ᠪᠤᠯᠵᠤᠮᠤᠷ ᠢ ᠱᠤᠬᠤᠭᠤᠷᠠᠬᠠᠨ ᠬᠠᠷᠠᠵᠤ ᠪᠠᠶᠢᠭᠰᠠᠭᠠᠷ᠂ ᠪᠤᠯᠵᠤᠮᠤᠷ ᠪᠠᠷᠢᠬᠤ ᠭᠡᠰᠡᠨ ᠡᠯᠭᠡᠭ ᠤᠨ ᠲᠡᠭᠡᠰᠦ ᠶᠢ | ᠴᠢᠩᠭᠠᠭᠠᠬᠤ ᠪᠠᠨ ᠮᠠᠷᠳᠠᠨ᠎ᠠ᠃ ᠴᠠᠰᠤᠨ ᠤ ᠲᠠᠷᠠᠭ᠎ᠠ ᠬᠦᠷᠢᠶᠡᠨ ᠤ ᠴᠠᠰᠤ ᠶᠢ ᠬᠦᠷᠳᠦᠨ ᠴᠢᠨᠡᠭᠡ ᠱᠦᠭᠦᠷᠳᠡᠨ ᠠᠷᠢᠯᠭᠠᠵᠤ᠂ ᠠᠮᠤ ᠪᠤᠷᠴᠠᠭ ᠰᠠᠶᠢᠵᠠᠳᠠᠬᠤ ᠲᠤᠮᠤ | ᠡᠯᠭᠡᠭ ᠢ ᠮᠤᠳᠤ ᠪᠠᠷ ᠲᠤᠯᠵᠤ᠂ ᠡᠯᠭᠡᠭ ᠤᠨ ᠲᠤᠤᠷ᠎ᠠ ᠠᠳᠬᠤ ᠠᠮᠤ ᠰᠠᠴᠤᠵᠤ᠂ ᠡᠯᠭᠡᠭ ᠤᠨ ᠭᠠᠵᠠᠷ ᠲᠠᠢ ᠬᠦᠷᠦᠯᠴᠡᠵᠦ ᠪᠠᠶᠢᠭ᠎ᠠ ᠲᠤᠤᠷ᠎ᠠ ᠲᠠᠯ᠎ᠠ ᠳᠤ ᠨᠢᠭᠡᠨ ᠨᠠᠷᠢᠨ | ᠤᠷᠳᠤ ᠲᠡᠭᠡᠰᠦ ᠶᠢ ᠤᠶᠠᠵᠤ ᠲᠠᠯᠪᠢᠨ᠎ᠠ᠃ ᠪᠤᠯᠵᠤᠮᠤᠷ ᠤᠳ ᠡᠯᠭᠡᠭ ᠤᠨ ᠲᠤᠤᠷᠠᠬᠢ ᠠᠮᠤ ᠪᠤᠳᠠᠭ᠎ᠠ ᠳᠤ ᠭᠤᠷᠢᠯᠠᠵᠤ ᠨᠢᠰᠤᠨ ᠢᠷᠡᠵᠦ ᠢᠳᠡᠮᠡᠭᠴᠡ ᠡᠯᠭᠡᠭ ᠠᠴᠠ | ᠤᠶᠠᠭᠰᠠᠨ ᠲᠡᠭᠡᠰᠦ ᠶᠢ ᠤᠭᠵᠤᠮ ᠲᠠᠳᠠᠨ ᠪᠤᠯᠵᠤᠮᠤᠷ ᠢ ᠡᠯᠭᠡᠭ ᠲᠤ ᠬᠦᠮᠦᠷᠢᠵᠦ ᠪᠠᠷᠢᠵᠤ ᠠᠪᠤᠨ᠎ᠠ᠃ ᠡᠯᠭᠡᠭ ᠠᠴᠠ ᠤᠶᠠᠭᠰᠠᠨ ᠲᠡᠭᠡᠰᠦᠨ ᠤ ᠨᠢᠭᠡ ᠦᠵᠦᠬᠦᠷ ᠢ | ᠭᠠᠳᠠᠷ ᠡᠭᠦᠳᠡᠨ ᠲᠤᠤᠭᠤᠷ ᠰᠢᠷᠭᠤᠭᠤᠯᠵᠤ᠂ ᠬᠦᠮᠦᠨ ᠨᠢ ᠪᠤᠯᠵᠤᠮᠤᠷ ᠠᠴᠠ ᠨᠢᠭᠤᠵᠤ᠂ ᠡᠭᠦᠳᠡ ᠶᠢ ᠵᠠᠪᠰᠠᠷᠯᠠᠵᠤ ᠰᠡᠮᠡᠭᠡᠷ ᠠᠵᠢᠭᠯᠠᠨ᠎ᠠ᠃ | ᠴᠠᠰᠤᠨ ᠤ ᠲᠠᠷᠠᠭ᠎ᠠ ᠪᠤᠯᠵᠤᠮᠤᠷ ᠪᠠᠷᠢᠬᠤ ᠨᠢ ᠲᠦᠢᠯ ᠤᠨ ᠪᠠᠶᠠᠰᠤᠯ ᠲᠠᠢ᠃ ᠡᠯᠭᠡᠭ ᠲᠠᠳᠠᠬᠤ ᠲᠡᠭᠡᠰᠦ ᠶᠢ ᠠᠬ᠎ᠠ ᠨᠠᠷ ᠠᠳᠬᠤᠳᠠᠭ᠃ ᠪᠢ ᠬᠦᠮᠦᠷᠢᠭᠰᠡᠨ | ᠡᠯᠭᠡᠭ ᠠᠴᠠ ᠫᠦᠷᠴᠢᠬᠢᠨᠡᠨ ᠨᠢᠰᠭᠦ ᠪᠤᠯᠵᠤᠮᠤᠷ ᠢ ᠪᠠᠷᠢᠬᠤ ᠳᠤ ᠬᠠᠮᠵᠢᠨ᠎ᠠ᠂ ᠰᠢᠷᠠᠭᠰᠠᠨ ᠪᠤᠯᠵᠤᠮᠤᠷ ᠤᠨ ᠠᠮᠳᠠ ᠶᠢ ᠪᠤᠳᠤᠬᠤᠯᠠᠷ ᠤᠳᠤ ᠴᠦ ᠭᠡᠰᠡᠨ ᠰᠢᠯᠤᠰᠤ | ᠭᠤᠭᠤᠵᠢᠵᠦ ᠤᠷᠤᠭᠤᠯ ᠢᠶᠠᠨ ᠲᠠᠮᠰᠢᠶᠠᠯᠠᠨᠠ ᠁ | ᠴᠠᠰᠤᠨ ᠤ ᠲᠠᠷᠠᠭ᠎ᠠ ᠪᠢᠳᠡ ᠪᠠᠰᠠ ᠬᠦᠷᠢᠶᠡᠨ ᠤ ᠴᠠᠰᠤ ᠶᠢ ᠱᠦᠭᠦᠷᠳᠡᠨ᠎ᠡ᠃ ᠱᠦᠬᠦᠷᠳᠡᠵᠦ ᠤᠪᠤᠭᠠᠯᠠᠭᠰᠠᠨ ᠴᠠᠰᠤ ᠪᠠᠷ ᠴᠠᠰᠤᠨ ᠬᠦᠮᠦᠨ ᠪᠠᠷᠢᠵᠤ | ᠨᠠᠭᠠᠳᠤᠨ᠎ᠠ᠃ ᠵᠢᠵᠢᠭ ᠴᠢᠯᠠᠭᠤ ᠮᠤᠳᠤ ᠪᠠᠷ ᠴᠠᠰᠤᠨ ᠬᠦᠮᠦᠨ ᠳᠡᠭᠡᠨ ᠨᠢᠳᠤ ᠠᠮᠠ ᠬᠠᠮᠠᠷ ᠵᠤᠬᠢᠶᠠᠵᠦ ᠦᠭᠭᠦ ᠪᠦᠭᠡᠳ ᠪᠠᠰᠠ ᠮᠠᠯᠠᠭᠠᠢ ᠡᠮᠦᠰᠭᠡᠨ᠎ᠡ᠃ ᠮᠠᠭᠤ | ᠠᠯᠴᠢᠭᠤᠷ ᠪᠤᠶᠤ ᠦᠪᠡᠷ ᠤᠨ ᠮᠠᠯᠠᠭᠠᠢ ᠠᠯᠴᠢᠭᠤᠷ ᠢᠶᠠᠨ ᠴᠦ ᠵᠡᠭᠦᠯᠭᠡᠨ᠎ᠡ᠃ ᠪᠢᠳᠠ ᠦᠪᠡᠷ ᠤᠨ ᠪᠠᠷᠢᠭᠰᠠᠨ ᠴᠠᠰᠤᠨ ᠬᠦᠮᠦᠨ ᠢᠶᠠᠨ ᠦᠵᠡᠨ ᠦᠵᠡᠨ ᠪᠠᠶᠠᠷᠯᠠᠨ᠎ᠠ᠃ | ᠡᠷᠬᠢᠵᠦ ᠲᠤᠭᠤᠷᠢᠭᠠᠳ ᠬᠦᠶᠦᠵᠦ ᠲᠤᠭᠯᠠᠵᠤ ᠨᠠᠭᠠᠳᠤᠨ᠎ᠠ᠃ ᠬᠦᠯᠦᠰᠦ ᠭᠠᠷᠳᠠᠯ᠎ᠠ ᠲᠤᠭᠯᠠᠬᠤ ᠳᠤ ᠡᠵᠢ ᠮᠢᠨᠢ ᠵᠢᠪᠠᠷ ᠠᠪᠤᠭᠤᠵᠠᠢ ᠭᠡᠵᠦ ᠰᠠᠨᠠᠭᠤᠯᠤᠨ᠎ᠠ᠃ ᠰᠢᠬᠢᠷ | ᠰᠢᠭ ᠴᠠᠰᠤ ᠶᠢ ᠦᠵᠡᠭᠡᠳ ᠠᠮᠳᠠᠯᠠᠶᠠ ᠭᠡᠵᠦ ᠰᠠᠨᠠᠨ᠎ᠠ᠃ ᠲᠡᠭᠡᠬᠦ ᠳᠤ ᠡᠵᠢ ᠮᠢᠨᠢ᠄ ︽ᠴᠠᠰᠤ ᠢᠳᠡᠵᠦ ᠪᠤᠯᠬᠤ ᠦᠭᠡᠢ ᠰᠢᠦ᠂ ᠬᠠᠨᠢᠶᠠᠳᠤ ᠶᠢᠨ ᠡᠪᠡᠳᠴᠢᠨ ᠤᠯᠤᠨ᠎ᠠ | ︾ ᠭᠡᠵᠦ ᠰᠡᠷᠡᠮᠵᠢᠯᠡᠭᠦᠯᠦᠭᠡᠳ ᠪᠢᠳᠡᠨ ᠳᠤ ᠴᠠᠰᠤ ᠢᠳᠡᠭᠦᠯᠳᠡᠭ ᠦᠭᠡᠢ᠃ ᠲᠡᠭᠡᠬᠦ ᠳᠤ ᠪᠢ ᠲᠡᠭᠷᠢ ᠲᠡᠭᠡᠷ᠎ᠡ ᠶᠠᠭᠠᠬᠢᠭᠠᠳ ᠡᠶᠢᠮᠦ ᠠᠷᠪᠢᠨ ᠰᠢᠬᠢᠷ ᠮᠡᠳᠦ ᠴᠠᠰᠤ | ᠪᠠᠶᠢᠭᠰᠠᠨ ᠪᠤᠢ ᠭᠡᠵᠦ ᠰᠤᠨᠢᠭᠤᠴᠢᠯᠠᠨᠠ᠃ ᠠᠪᠴᠦ ᠢᠳᠡᠵᠦ ᠪᠤᠯᠳᠠᠭ ᠦᠭᠡᠢ ᠴᠦ ᠠᠯᠠᠭᠠᠨ ᠲᠡᠭᠡᠷ᠎ᠡ ᠪᠠᠨ ᠲᠠᠯᠪᠢᠭᠠᠳ ᠤᠪ ᠤᠶᠢᠷᠠᠬᠠᠨ ᠠᠴᠠ ᠰᠢᠨᠵᠢᠵᠦ | ᠪᠠᠭᠠᠷᠬᠠᠳᠠᠭ᠃ ᠲᠡᠭᠡᠬᠦ ᠳᠤ ᠲᠤᠭᠯᠠᠨ ᠭᠦᠶᠦᠭᠡᠳ ᠬᠠᠯᠠᠭᠤᠴᠠᠭᠰᠠᠨ ᠪᠡᠶ᠎ᠡ ᠳᠤ ᠵᠢᠷᠢᠰ ᠭᠢᠳᠡᠯᠡ ᠰᠡᠷᠢᠬᠦᠨ ᠰᠡᠷᠡᠭᠳᠡᠯ ᠦᠭᠴᠦ᠂ ᠠᠶᠠᠷᠬᠠᠨ ᠬᠠᠶᠢᠯᠬᠤ ᠠᠯᠠᠭᠠᠨ ᠤ | ᠮᠢᠨᠢ ᠴᠠᠰᠤ ᠡᠭᠦᠷᠢᠳᠡ ᠪᠦᠳᠦᠨ ᠪᠠᠶᠢᠭᠠᠰᠠᠢ ᠭᠡᠵᠦ ᠬᠦᠰᠡᠨ᠎ᠡ᠃ | ᠡᠪᠦᠯ ᠤᠨ ᠤᠯᠠᠷᠢᠯ ᠤᠨ ᠬᠠᠮᠤᠭ ᠢᠷᠠᠭᠤ ᠠᠶᠠᠯᠭᠤ ᠪᠤᠯ ᠴᠠᠰᠤ ᠤᠷᠤᠵᠤ ᠪᠠᠶᠢᠭ᠎ᠠ ᠠᠨᠢᠷ ᠬᠦᠭᠵᠢᠮ᠃ ᠡᠨᠡ ᠬᠦ ᠨᠠᠮ ᠵᠢᠮ ᠠᠮᠤᠷ ᠠᠮᠤᠭᠤᠯᠠᠩ ᠤᠷᠴᠢᠨ ᠳᠤ | ᠰᠡᠳᠭᠢᠯ ᠮᠢᠨᠢ ᠤᠶᠢᠯᠤᠨ ᠲᠠᠪᠠᠯᠭᠠᠯᠠᠬᠤ ᠪᠠᠨ ᠪᠤᠯᠢᠵᠤ᠂ ᠶᠠᠭ ᠯᠠ ᠨᠠᠮ ᠲᠠᠶᠢᠪᠤᠩ ᠲᠠᠯᠠᠢ ᠶᠢᠨ ᠤᠰᠤ ᠰᠢᠭ ᠮᠡᠯᠳᠡᠯᠵᠡᠨᠡ᠃ ᠡᠨᠡ ᠬᠦ ᠪᠦᠳᠡᠬᠢᠬᠡᠨ ᠴᠠᠭᠠᠨ ᠠᠶᠠᠯᠭᠤ | ᠬᠦᠭᠵᠢᠮ ᠢ ᠰᠤᠨᠤᠰᠤᠭᠰᠠᠭᠠᠷ ᠦᠪᠡᠷ ᠤᠨ ᠡᠷᠬᠡ ᠦᠭᠡᠢ ᠡᠬᠡ ᠪᠠᠶᠢᠭᠠᠯᠢ ᠳᠤ ᠠᠭᠤᠰᠴᠤ᠂ ᠡᠬᠡ ᠪᠠᠶᠢᠭᠠᠯᠢ ᠶᠢᠨ ᠡᠷᠭᠦᠭᠰᠡᠨ ᠭᠤᠴᠤ ᠢᠷᠠᠭᠤ ᠬᠦᠭᠵᠢᠮ ᠳᠤ | ᠰᠤᠭᠳᠤᠭᠤᠷᠠᠵᠤ᠂ ᠪᠤᠳᠤᠯ ᠰᠡᠳᠭᠢᠯ ᠮᠢᠨᠢ ᠲᠠᠬᠢᠨ ᠤᠶᠢᠯᠤᠨ ᠲᠠᠪᠠᠯᠭᠠᠯᠠᠨᠠ᠃ ᠭᠡᠳᠡᠯ᠎ᠡ ᠡᠨᠡ ᠬᠦ ᠲᠠᠪᠠᠯᠭᠠᠨ ᠦᠵᠡᠭᠳᠡᠰᠢ ᠦᠭᠡᠢ᠂ ᠪᠠᠷᠢᠭᠳᠠᠰᠢ ᠦᠭᠡᠢ᠂ ᠵᠦᠪᠬᠡᠨ | ᠲᠤᠨᠤᠯᠵᠠᠭᠰᠠᠭᠠᠷ ᠬᠤᠯᠠ ᠶᠢᠨ ᠬᠤᠯᠠ ᠤᠳᠤᠨ᠎ᠠ ᠁ ᠡᠨᠡ ᠦᠶ᠎ᠡ ᠳᠤ ᠨᠢᠳᠤ ᠪᠠᠨ ᠠᠨᠢᠪᠬᠢᠵᠤ ᠠᠪᠬᠤ ᠳᠤ ᠰᠤᠷᠮᠤᠤᠰᠤᠨ ᠳᠤ ᠨᠠᠭᠠᠯᠳᠤᠭᠰᠠᠨ ᠴᠠᠰᠤ ᠬᠠᠴᠠᠷ | ᠲᠡᠭᠡᠬᠦᠷ ᠠᠶᠠᠷᠬᠠᠨ ᠭᠤᠯᠭᠤᠷᠢᠨᠠ᠃ ᠰᠡᠳᠭᠢᠯ ᠤᠨ ᠢᠶᠠᠨ ᠲᠠᠭᠤᠨ ᠢ ᠴᠢᠩᠨᠠᠵᠤ᠂ ᠦᠪᠡᠷ ᠲᠠᠢ ᠪᠠᠨ ᠶᠠᠷᠢᠯᠴᠠᠬᠤ ᠳᠤ ᠡᠨᠡ ᠲᠡᠯᠡᠬᠡᠢ ᠡᠪᠴᠢᠬᠦᠦ ᠴᠡᠬᠡᠵᠢᠨ ᠳᠤ | ᠠᠭᠤᠰᠴᠢᠬᠠᠭᠰᠠᠨ ᠰᠢᠬ᠂ ᠡᠰᠡᠭᠦᠯ᠎ᠡ ᠦᠪᠡᠷ ᠢᠶᠠᠨ ᠡᠬᠡ ᠪᠠᠶᠢᠭᠠᠯᠢ ᠶᠢᠨ ᠢᠶᠠᠨ ᠨᠢᠬᠡᠨ ᠰᠢᠷᠭᠡᠭ ᠴᠠᠰᠤ ᠪᠤᠯᠴᠢᠬᠠᠭᠰᠠᠨ ᠰᠢᠭ ᠬᠦᠭᠰᠡᠨᠡ᠃ ᠭᠬᠢᠷ ᠦᠭᠡᠢ ᠠᠷᠢᠭᠤᠨ | ᠴᠠᠭᠠᠨ ᠵᠢᠷᠳᠢᠨᠴᠦ ᠳᠤ ᠤᠷᠤᠰᠢᠵᠦ ᠪᠠᠶᠢᠬᠤ ᠪᠠᠨ ᠮᠡᠳᠡᠷᠡᠬᠦ ᠦᠶ᠎ᠡ ᠳᠤ ᠦᠪᠡᠷ ᠢᠶᠠᠨ ᠲᠤᠳᠤᠷ᠎ᠠ ᠠᠴᠠ ᠪᠠᠨ ᠠᠷᠢᠭᠤᠰᠴᠤ ᠲᠤᠩᠭᠠᠯᠠᠭᠰᠢᠵᠤ ᠭᠡᠷᠡᠯᠳᠦᠨ᠎ᠡ︕ | ᠴᠠᠰᠤᠨ ᠳᠤ ᠮᠦᠷ ᠢᠶᠠᠨ ᠭᠠᠷᠭᠠᠬᠤ ᠭᠡᠵᠦ ᠲᠡᠷᠭᠡᠨ ᠬᠦᠷᠳᠦᠨ ᠤ ᠲᠠᠷ ᠢ ᠲᠠᠭᠤᠷᠢᠶᠠᠵᠤ ᠨᠢᠬᠡ ᠨᠢᠭᠡ ᠮᠦᠷ ᠢᠶᠠᠷ ᠵᠢᠭᠳᠡᠷᠡᠬᠦᠯᠦᠨ ᠠᠯᠬᠤᠯᠠᠨ᠎ᠠ᠃ ᠲᠷᠠᠺᠲ᠋ᠤᠷ | ᠮᠠᠰᠢᠨ ᠲᠠᠢ ᠪᠤᠯᠬᠤ ᠶᠢ ᠬᠦᠰᠡᠨ ᠵᠦᠩᠨᠡᠵᠦ ᠪᠠᠶᠢᠭᠰᠠᠨ ᠪᠤᠳᠤᠯ ᠮᠢᠨᠢ ᠨᠡᠶᠢᠭᠡᠮ ᠤᠨ ᠨᠢᠰᠭᠦ ᠮᠡᠳᠦ ᠲᠦᠷᠭᠡᠨ ᠬᠦᠭᠵᠢᠯᠳᠡ ᠪᠠᠷ ᠤᠳᠠᠯ ᠦᠭᠡᠢ ᠪᠡᠶᠡᠯᠡᠭᠳᠡᠵᠦ᠂ ᠡᠷᠦᠬᠡ | ᠪᠦᠷᠢ ᠮᠠᠰᠢᠨ ᠲᠷᠠᠺᠲ᠋ᠤᠷ ᠲᠠᠢ ᠪᠤᠯᠵᠠᠢ᠃ | ᠪᠢᠳᠡ ᠪᠠᠰᠠ ︽ᠴᠠᠰᠤᠨ ᠪᠠᠶᠢᠯᠳᠤᠭᠠᠨ︾ ᠬᠢᠨ᠎ᠡ᠃ ᠦᠰᠦ ᠲᠤᠯᠤᠭᠠᠢ᠂ ᠬᠤᠪᠴᠠᠰᠤ ᠬᠤᠨᠠᠷ᠂ ᠬᠦᠵᠦᠬᠦᠦ ᠰᠡᠭᠡᠷ ᠪᠦᠷ ᠴᠠᠰᠤ ᠪᠤᠯᠴᠢᠬᠠᠭᠰᠠᠨ ᠤᠷᠤᠵᠤ | ᠢᠷᠡᠬᠦ ᠳᠤ ᠡᠵᠢ ᠮᠢᠨᠢ ᠦᠭᠦᠭᠡᠷᠳᠡᠭᠰᠡᠨ ᠰᠢᠬᠦᠮᠵᠢᠯᠡᠭᠰᠡᠨ ᠬᠠᠷᠠᠴᠠ ᠪᠠᠷ ᠰᠢᠷᠪᠢᠵᠦ᠄ ︽ᠡᠨᠡ ᠠᠯᠢᠶ᠎ᠠ ᠪᠠᠨᠳᠢ ᠨᠠᠷ ᠡ᠂ ᠬᠤᠪᠴᠠᠰᠤ ᠬᠤᠨᠠᠷ ᠢᠶᠠᠨ ᠨᠤᠷᠭᠠᠵᠤ᠂ | ᠪᠢᠳᠡᠭᠡᠢ ᠬᠢᠮᠤᠷᠠᠴᠢᠬᠠ ᠳ᠋ᠠ︕︾ ᠭᠡᠵᠦ ᠦᠭᠡᠯᠡᠨ᠎ᠡ᠃ | ︽ᠴᠠᠰᠤᠨ ᠲᠡᠭᠡᠷ᠎ᠡ ᠮᠦᠷ ᠲᠠᠢ᠂ ᠴᠠᠭᠠᠰᠤᠨ ᠲᠡᠭᠡᠷ᠎ᠡ ᠨᠡᠷ᠎ᠡ ᠲᠠᠢ ᠶᠠᠪᠤ︾ ᠭᠡᠳᠡᠭ ᠡᠪᠦᠭᠡᠳ ᠤᠨ ᠰᠤᠷᠭᠠᠯ ᠢ ᠠᠯᠢ ᠭᠡᠵᠢᠶ᠎ᠡ ᠦᠭᠡᠯᠡᠢ ᠪᠤᠯᠤᠭᠠᠳ ᠤᠬᠠᠭᠰᠠᠨ | ᠪᠢᠯᠡ᠃ |