ᠣᠶᠠᠩᠭ᠎ᠠ ᠶᠢᠨ ᠲᠦᠷᠡᠯᠭᠡ ᠲᠠᠢ ᠡᠪᠦᠯᠵᠢᠶ᠎ᠡ
ᠨᠡᠶᠢᠲᠡᠯᠡᠭᠰᠡᠨ ᠴᠠᠭ᠄
2025/1/9
      ᠠᠩᠬᠠᠨ ᠤ ᠴᠠᠰᠣᠨ ᠤ ᠲᠠᠷᠠᠭ᠎ᠠ᠂ ᠬᠦᠳᠡᠭᠡ ᠮᠢᠨᠢ ᠶᠠᠭᠠᠬᠢᠬᠤ ᠶᠢᠨ ᠠᠷᠭ᠎ᠠ ᠦᠭᠡᠢ ᠬᠦᠢᠳᠡᠷᠡᠯ᠎ᠡ᠃ ᠭᠠᠷᠠᠭ ᠤᠨ ᠰᠡᠬᠦᠯᠴᠢ ᠪᠣᠯᠬᠤᠷ ᠪᠢ ᠠᠯᠭᠤᠷᠬᠠᠨ ᠪᠣᠰᠴᠦ ᠡᠷᠳᠡ ᠶᠢᠨ ᠴᠠᠢ ᠪᠠᠨ ᠣᠣᠭᠤᠭᠠᠳ᠂ ᠴᠣᠩᠬᠤᠨ ᠲᠣᠰᠢᠶ᠎ᠠ ᠲᠠᠯᠪᠢᠭᠠᠰᠣᠳᠠᠢ ᠲᠦᠰᠢᠯᠭᠡᠳᠦ ᠰᠠᠨᠳᠠᠯᠢ ᠲᠡᠭᠡᠷ᠎ᠡ ᠪᠠᠨ ᠨᠠᠷᠠ ᠡᠭᠡᠭᠡᠨ ᠰᠠᠭᠤᠯ᠎ᠠ᠃ ᠬᠦᠮᠦᠨ ᠬᠠᠰᠢᠷᠵᠢᠬᠤ ᠲᠣᠰᠣᠮ ᠢᠶᠠᠨ ᠰᠡᠳᠭᠢᠯ ᠤᠨ ᠲᠡᠩᠬᠡᠭᠡ ᠶᠢ ᠡᠷᠬᠢᠮᠯᠡᠳᠡᠭ ᠪᠠᠶᠢᠬᠤ᠃ ᠦᠢᠷ᠎ᠠ ᠶᠢᠨ ᠵᠢᠯ ᠤᠳ ᠲᠤ᠂ ᠪᠢ ᠭᠠᠭᠴᠠᠭᠠᠷ ᠪᠠᠶᠢᠵᠦ᠂ ᠬᠤᠸᠠᠷ ᠴᠡᠴᠡᠭ ᠠᠷᠠᠴᠢᠯᠠᠨ᠂ ᠨᠣᠮ ᠣᠩᠰᠢᠬᠤ ᠶᠢ ᠣᠯᠠᠮ ᠢᠶᠠᠷ ᠡᠷᠬᠢᠮᠨᠡᠬᠦ ᠪᠣᠯᠵᠠᠢ᠃ ᠬᠠᠶᠠ ᠶᠠᠭᠤ ᠪᠦᠬᠦᠨ ᠳᠤ ᠲᠣᠷ᠎ᠠ ᠠᠯᠳᠠᠷᠠᠬᠤ ᠳᠠᠭᠠᠨ᠂ ᠪᠡᠶ᠎ᠡ ᠳᠡᠭᠡᠨ ᠲᠠᠷᠣᠯᠳᠠ ᠦᠭᠭᠦ ᠶᠢ ᠬᠢᠴᠢᠶᠡᠨ᠂ ᠴᠣᠩᠬᠤ ᠪᠠᠷ ᠭᠠᠳᠠᠭᠰᠢ ᠬᠠᠷᠠᠵᠦ ᠰᠠᠭᠤᠬᠤ ᠵᠣᠷᠰᠢᠯ ᠲᠠᠢ ᠪᠣᠯᠣᠭᠰᠠᠨ ᠪᠦᠯᠦᠭᠡ᠃ ᠦᠨᠡᠨᠳᠡᠭᠡᠨ ᠶᠠᠭᠤᠨᠠᠶᠢᠬᠢᠨ ᠭᠠᠳᠠᠨᠠᠬᠢ ᠦᠵᠡᠮᠵᠢ ᠶᠢ ᠦᠵᠡᠬᠦᠪ ᠳ᠋ᠠ᠂ ᠵᠢᠷᠦᠭᠡᠨ ᠤ ᠮᠢᠨᠢ ᠡᠴᠢᠨ᠎ᠡ ᠲᠠᠯᠳᠠ ᠳᠤ ᠠᠷᠯᠠᠭᠠᠳ ᠪᠠᠶᠢᠳᠠᠭ ᠦᠢᠳᠬᠠᠷ ᠭᠠᠵᠠᠷ ᠠᠪᠣᠨ ᠴᠦᠢᠯᠠᠵᠦ᠂ ᠴᠣᠩᠬᠤᠨ ᠰᠢᠯ ᠨᠡᠪᠳᠡᠯᠦᠨ ᠭᠠᠳᠠᠭᠰᠢᠯᠠᠭᠠᠳ᠂ ᠴᠠᠬᠢᠯᠭᠠᠨ ᠣᠳᠠᠰᠣᠨ ᠲᠡᠭᠡᠷ᠎ᠡ ᠪᠣᠰᠣᠨ ᠰᠠᠭᠤᠨ ᠵᠢᠷᠬᠢᠬᠦ ᠪᠣᠷᠣ ᠪᠣᠷᠣ ᠪᠣᠯᠵᠣᠮᠣᠷ ᠤᠳ ᠤᠨ ᠵᠢᠵᠢᠭ ᠬᠠᠷᠠᠬᠠᠨ ᠨᠢᠳᠦᠨ ᠳᠤ ᠠᠭᠤᠰᠣᠭᠰᠠᠨ ᠪᠠᠶᠢᠬᠤ ᠳ᠋ᠠ᠃ ᠪᠢ ᠲᠡᠷᠡ ᠵᠦᠭ ᠪᠠᠷᠠᠯᠠᠭᠰᠠᠭᠠᠷ ᠁ ᠲᠡᠭᠵᠢᠨ ᠬᠦᠭᠡᠷᠦᠬᠦᠨ ᠬᠦᠳᠡᠯᠦᠯ ᠳᠤᠨᠢ ᠬᠠᠶᠢᠷ᠎ᠠ ᠬᠦᠷᠦᠭᠡᠳ᠂ ᠰᠢᠪᠠᠭᠤ ᠪᠣᠯᠬᠤ ᠰᠠᠨ ᠭᠡᠰᠡᠨ ᠪᠠᠭ᠎ᠠ ᠶᠢᠨ ᠦᠶ᠎ᠡ ᠪᠠᠨ ᠲᠣᠷᠠᠰᠣᠩᠬᠠᠨ ᠬᠡᠶᠣᠷᠡᠨ᠎ᠡ᠃ ᠲᠡᠷᠳᠡᠭᠡ ᠡᠬᠦᠯᠡᠰ ᠣᠭᠠᠯᠵᠠᠷᠠᠨ ᠡᠪᠭᠡᠷᠡᠯᠳᠦᠨ᠎ᠡ᠃ ᠣᠷᠢ ᠽᠠᠨᠳᠠᠨ ᠨᠠᠰᠣᠨ ᠤ ᠣᠮᠣᠭᠯᠠᠩ ᠲᠡᠪᠡᠷᠡᠬᠦᠨ ᠬᠦᠰᠡᠯ ᠳᠡᠭᠡᠨ ᠠᠪᠳᠠᠨ ᠲᠠᠪᠬᠢᠭᠤᠯᠬᠤ ᠳᠠᠭᠠᠨ᠂ ᠬᠡᠵᠢᠶ᠎ᠡ ᠨᠢᠭᠡᠨ ᠡᠳᠦᠷ ᠲᠦᠷᠰᠦ ᠪᠠᠨ ᠬᠤᠪᠢᠷᠠᠭᠤᠯᠣᠨ ᠦᠯᠦ ᠮᠡᠳᠡᠭ ᠨᠡᠬᠦᠳᠡᠯᠯᠡᠬᠦ ᠬᠤᠷᠠᠭᠠᠨ ᠴᠠᠭᠠᠨ ᠡᠬᠦᠯᠡᠰ ᠢᠶᠠᠷ ᠬᠡᠪᠡᠷᠡᠭ ᠨᠦᠮᠵᠦᠭ ᠰᠡᠳᠭᠢᠯ ᠢᠶᠠᠨ ᠠᠷᠭᠠᠳᠠᠭᠤᠯᠣᠨ ᠡᠳᠦᠷ ᠬᠤᠨᠤᠭ ᠢ ᠡᠯᠡᠭᠡᠨ᠎ᠡ ᠬᠡᠵᠦ ᠲᠠᠩᠴᠦ ᠪᠣᠳᠤᠭ᠎ᠠ ᠦᠭᠡᠢ ᠶᠠᠪᠣᠯ᠎ᠠ᠃       ᠰᠠᠯᠬᠢ ᠣᠯᠠᠮ ᠰᠢᠷᠦᠬᠦᠰᠴᠦ᠂ ᠨᠠᠷᠠᠨ ᠤ ᠭᠡᠷᠡᠯ ᠪᠦᠳᠡᠬᠢᠷᠡᠬᠦ‍ ᠰᠢᠭ ᠪᠣᠯᠬᠤ ᠪᠠᠷ ᠪᠢ ᠨᠢᠳᠦ ᠪᠠᠨ ᠠᠨᠢᠰᠭᠢᠨ ᠰᠠᠨᠳᠠᠯᠢ ᠳᠠᠭᠠᠨ ᠰᠢᠬᠢᠳᠦᠨ ᠰᠠᠭᠤᠵᠠᠢ᠃ ᠬᠠᠮᠢᠭ᠎ᠠ ᠨᠢᠭᠡᠨᠳᠡᠭᠡ ᠠᠴᠠ ᠯᠢᠩᠪᠦ ᠶᠢᠨ ᠡᠭᠡᠰᠢᠭ ᠮᠠᠨᠳᠣᠨ᠂ ᠣᠯᠠᠮ ᠢᠶᠠᠷ ᠣᠶᠠᠩᠭᠠᠷᠠᠨ ᠨᠠᠭᠠᠰᠢᠯᠠᠬᠤ ᠨᠢ ᠭᠠᠷᠴᠠᠭ᠎ᠠ ᠦᠭᠡᠢ ᠬᠡᠢ ᠰᠡᠷᠡᠯ ᠤᠨ ᠬᠢ᠃ ᠬᠡᠨ ᠨᠢᠭᠡᠨ ᠳᠤ ᠬᠡᠯᠬᠢᠭᠰᠡᠨ ᠬᠡᠨᠡᠭᠭᠡᠨ ᠲᠣᠷᠠᠰᠣᠯ ᠠᠭᠤᠯᠵᠠᠭ᠎ᠠ ᠦᠭᠡᠢ ᠣᠳᠠᠬᠤ ᠪᠠᠷ ᠦᠩᠭᠡ ᠨᠢ ᠠᠶᠠᠨᠳᠠᠭᠠᠨ ᠬᠤᠶᠢᠬᠤ ᠶᠣᠮ ᠡ᠃ ᠨᠠᠷᠠ ᠠᠬᠢᠨ ᠭᠡᠷᠡᠯᠳᠦᠬᠦ ᠪᠠᠷ ᠪᠣᠰᠴᠦ ᠵᠣᠭᠰᠣᠨ ᠂ ᠨᠠᠮᠣᠷ ᠲᠡᠬᠦᠭᠰᠡᠨ ᠨᠠᠪᠴᠢᠨ ᠲᠡᠭᠡᠷ᠎ᠡ ᠪᠠᠨ ︽ᠠᠮᠣᠭᠤᠯᠠᠩ︾ ᠭᠡᠰᠡᠨ ᠦᠰᠦᠭ ᠬᠠᠳᠠᠭᠠᠳ᠂ ᠴᠣᠩᠬᠤ ᠪᠠᠨ ᠨᠡᠭᠡᠭᠡᠭᠡᠳ ᠬᠡᠶᠢᠰᠭᠡᠯ᠎ᠡ᠃ ᠬᠡᠴᠢᠨᠡᠨ ᠰᠦᠨᠢ ᠶᠢᠨ ᠵᠡᠬᠦᠳᠦᠨ ᠳᠡᠭᠡᠨ ᠪᠢ ᠲᠠᠨᠢᠯᠬᠠᠨ ᠨᠢᠭᠡᠨ ᠬᠤᠳᠠ ᠶᠢ ᠭᠠᠨᠢ ᠭᠠᠭᠴᠠᠭᠠᠷ ᠵᠦᠰᠦᠨ ᠵᠦᠰᠦᠨ ᠦᠩᠬᠡᠷᠡᠯ᠎ᠡ ᠳ᠋ᠡ᠃ ᠣᠳᠣ ᠡᠨᠡ ᠨᠠᠪᠴᠢ ᠬᠦᠰᠡᠯ ᠪᠣᠳᠣᠯ ᠢ ᠮᠢᠨᠢ ᠲᠡᠭᠡᠭᠡᠭᠡᠳ᠂ ᠲᠡᠷᠡ ᠨᠢᠭᠡᠨ ᠬᠤᠳᠠ ᠶᠢ ᠬᠡᠳᠦᠯᠬᠦ ᠪᠣᠢ ᠎ᠠ᠃       ᠲᠣᠯᠠᠭᠠᠨ ᠲᠣᠬᠢᠯᠢᠭ ᠡᠪᠦᠯᠵᠢᠶᠡᠨ ᠳᠡᠭᠡᠨ ᠨᠠᠷᠠ ᠡᠭᠡᠭᠡᠭᠡᠳ ᠰᠠᠭᠤᠬᠤ ᠳᠤ᠂ ᠰᠡᠷᠡᠯ ᠮᠡᠳᠡᠷᠡᠮᠵᠢ ᠶᠢᠨ ᠬᠦᠨ ᠳᠤ ᠬᠦᠯᠳᠡᠵᠦ ᠴᠠᠷᠴᠠᠭᠰᠠᠨ ᠨᠢᠭᠡᠨ ᠨᠠᠭᠤᠷ ᠭᠡᠰᠴᠦ ᠦᠶᠡᠷᠯᠡᠨ᠎ᠡ᠃ ᠰᠢᠵᠢᠷᠬᠡᠨ ᠲᠣᠯᠬᠢᠶᠠᠨ ᠠᠴᠠ ᠨᠢ ︽ᠰᠠᠭᠠᠯᠢ ᠶᠢᠨ ᠵᠡᠯᠡᠨ ᠠᠴᠠ ᠣᠷᠭᠤᠬᠤ ᠨᠠᠷᠠ ᠨᠢ ᠴᠢ ᠪᠠᠶᠢᠯ᠎ᠠ᠂ ᠰᠠᠨᠰᠠᠷ ᠤᠨ ᠴᠡᠭᠡᠯ ᠳᠤ ᠲᠡᠬᠦᠯᠢᠬᠦ ᠪᠦᠷᠬᠦᠳ ᠨᠢ ᠴᠢ ᠪᠠᠶᠢᠯ᠎ᠠ᠂ ᠰᠠᠨᠠᠬᠤ ᠶᠢᠨ ᠲᠣᠭᠠᠯᠠᠩ ᠢᠶᠠᠷ ᠮᠠᠨᠳᠣᠬᠤ ᠰᠠᠷᠠ ᠨᠢ ᠴᠢ ᠪᠠᠶᠢᠯ᠎ᠠ᠂ ᠰᠠᠷᠠᠭᠤᠯᠬᠠᠨ ᠭᠡᠭᠡ ᠳᠤᠨᠢ ᠦᠷᠭᠡᠯᠡᠬᠦ ᠣᠳᠣ ᠨᠢ ᠴᠢ ᠪᠠᠶᠢᠯ᠎ᠠ ᠁︾ ᠭᠡᠬᠦ ᠰᠢᠯᠦᠭ ᠤᠨ ᠦᠭᠡᠰ ᠰᠠᠴᠣᠷᠠᠨ᠎ᠠ᠃ ᠵᠢᠷᠦᠭᠡᠨ ᠤ ᠴᠣᠬᠢᠯᠭ᠎ᠠ ᠮᠢᠨᠢ ᠬᠡᠪ ᠲᠡᠭᠡᠨ᠃       ᠢᠳᠡᠷ ᠨᠠᠰᠣ ᠪᠠᠨ ᠮᠦᠳᠳᠦ ᠲᠦᠷᠦᠭᠡᠯᠡᠬᠦ ᠬᠡᠵᠦ ᠪᠠᠶᠢᠭ᠎ᠠ ᠬᠦᠮᠦᠨ ᠨᠠᠮᠵᠢᠭᠤᠬᠠᠨ ᠣᠷᠣᠰᠬᠠᠯ ᠮᠡᠳᠦ᠂ ᠠᠯᠢᠪᠠ ᠲᠣᠭᠳᠣᠯᠣᠯ ᠲᠣᠯᠬᠢᠰᠣᠯ᠂ ᠭᠤᠨᠢᠭ ᠬᠠᠷᠠᠭᠤᠰᠣᠯ ᠢᠶᠠᠨ ᠴᠠᠭᠠᠨ᠎ᠠ ᠪᠠᠨ ᠴᠢᠪ ᠨᠢᠭᠤᠵᠦ᠂ ᠭᠡᠰᠡᠭ ᠲᠡᠭᠡᠨ ᠬᠤᠨᠢᠨ ᠤ ᠭᠡᠭᠡᠷ ᠶᠣᠮ ᠰᠢᠭ᠂ ᠭᠡᠰᠡᠭ ᠲᠡᠭᠡᠨ ᠠᠭᠤᠯᠠᠨ ᠤ ᠪᠣᠭᠤ ᠶᠣᠮ ᠰᠢᠬ᠂ ᠬᠠᠯᠠᠭᠤᠨ ᠲᠠᠢ ᠬᠦᠢᠳᠡᠨ ᠲᠠᠢ ᠠᠮᠢᠳᠣᠷᠠᠯ ᠳᠤ ᠲᠦᠪᠰᠢᠨ ᠲᠦᠯᠭᠡᠨ ᠣᠪᠣᠷ ᠢᠶᠠᠷ ᠬᠠᠨᠳᠣᠵᠦ᠂ ᠪᠡᠶ᠎ᠡ ᠡᠷᠡᠬᠦᠯ᠂ ᠲᠡᠷᠢᠬᠢ ᠰᠡᠷᠬᠡᠢ ᠪᠠᠶᠢᠪᠠᠯ ᠪᠣᠯᠣᠯ᠎ᠠ ᠬᠡᠵᠦ ᠵᠣᠷᠢᠵᠦ ᠵᠢᠳᠬᠦᠯᠡᠬᠦ ᠨᠢ ᠭᠠᠷᠴᠠᠭ᠎ᠠ ᠦᠭᠡᠢ ᠨᠠᠮᠪᠠ ᠰᠠᠭᠤᠭᠰᠠᠨ ᠤ ᠬᠢ᠃       ᠴᠡᠴᠡᠭ ᠤᠨ ᠵᠢᠶᠠᠰᠠᠨ ᠲᠡᠭᠡᠷ᠎ᠡ ᠨᠢᠯ ᠶᠠᠭᠠᠨ ᠰᠠᠷᠭᠠᠢ ᠢᠳᠡ ᠲᠡᠯᠭᠡᠷᠡᠵᠦ᠂ ᠬᠠᠵᠠᠭᠤᠬᠠᠨ ᠳᠤᠨᠢ ᠮᠢᠨᠦ ᠪᠠᠶᠢᠩᠭᠤ ᠣᠷᠪᠠᠭᠤᠯᠳᠠᠭ ᠰᠢᠯᠦᠭ ᠤᠨ ᠨᠣᠮ ᠬᠡᠪᠳᠡᠨ᠎ᠡ ᠃ ᠬᠠᠷᠠᠭ᠎ᠠ ᠮᠢᠨᠢ ᠲᠡᠬᠦᠨ ᠲᠡᠭᠡᠷ᠎ᠡ ᠲᠣᠰᠣᠭᠰᠠᠨ ᠴᠢᠭᠡ᠂ ᠭᠡᠷᠡᠯᠳᠦ ᠢᠨᠢᠶᠡᠮᠰᠦᠭᠯᠡᠯ ᠣᠷᠣᠭᠤᠯ ᠤᠨ ᠮᠢᠨᠢ ᠦᠵᠦᠬᠦᠷ ᠡᠶᠡᠪᠡᠷᠬᠦᠦ ᠰᠠᠯᠬᠢᠨ ᠤ ᠬᠡ ᠮᠡᠳᠦ ᠵᠠᠳᠠᠷᠠᠨ ᠲᠣᠯᠬᠢᠶᠠᠨᠳᠣᠯ᠎ᠠ᠃ ᠬᠠᠩᠭᠠᠢ ᠶᠢᠨ ᠴᠡᠴᠡᠭ ᠰᠢᠣᠬᠡᠨ ᠰᠠᠶᠢᠬᠠᠨ ᠴᠦ ᠲᠡᠯᠭᠡᠭᠰᠡᠨ᠂ ᠣᠷᠢᠨ ᠤ ᠠᠩᠬᠢᠷ ᠰᠢᠣᠬᠠᠨ ᠲᠠᠭᠤᠯᠠᠩᠬᠠᠨ ᠶᠠᠪᠣᠭᠰᠠᠨ ᠰᠠᠷᠭᠠᠢ ᠶᠠᠭᠠᠨ ᠬᠠᠪᠣᠷ ᠨᠠᠮᠣᠷ ᠤᠳ ᠮᠢᠨᠢ ᠨᠢᠭᠡ ᠮᠡᠳᠡᠬᠦᠨ᠎ᠡ ᠨᠠᠳᠠ ᠠᠴᠠ ᠠᠩᠬᠢᠳᠠ ᠬᠤᠯᠠᠳᠠᠭᠰᠠᠨ ᠪᠠᠶᠢᠵᠠᠢ᠃       ᠰᠡᠳᠭᠢᠯ ᠮᠢᠨᠢ ᠶᠠᠭᠤ ᠨᠢᠭᠡᠨ ᠳᠤ ᠲᠡᠷᠪᠡᠭᠰᠡᠨ ᠮᠡᠳᠦ ᠪᠣᠯᠣᠭᠰᠠᠨ ᠴᠦ᠂ ᠴᠠᠢ ᠪᠦᠷᠢᠬᠦ ᠶᠢᠨ ᠭᠱᠠᠨ ᠳᠤ ᠲᠠᠬᠢᠨ ᠲᠠᠶᠢᠪᠣᠩ ᠪᠠᠶᠢᠳᠠᠯ ᠳᠠᠭᠠᠨ ᠪᠣᠴᠠᠯ᠎ᠠ᠃ ᠬᠠᠩᠭᠠᠢ ᠭᠤᠪᠢ ᠶᠢᠨ ᠢᠶᠠᠨ ᠦᠷᠦᠴᠡᠨ ᠳᠤ ᠲᠣᠷ᠎ᠠ ᠵᠣᠷᠢᠭ ᠢᠶᠠᠷ ᠲᠣᠭᠯᠠᠵᠦ ᠦᠰᠦᠭᠰᠡᠨ ᠪᠢ ᠬᠡᠵᠦ ᠣᠭ ᠨᠢ ᠮᠦᠨ ᠴᠦ ᠴᠡᠬᠡᠵᠢᠨ ᠳᠡᠭᠡᠨ ᠲᠠᠯ᠎ᠠ ᠨᠣᠳᠤᠭ ᠲᠠᠢ ᠬᠦᠮᠦᠨ᠃ ᠰᠠᠶ᠎ᠠ ᠪᠣᠮᠠᠨ ᠴᠡᠴᠡᠭᠡᠰ ᠨᠢ ᠮᠦᠴᠡᠭᠡᠷᠭᠡᠨ ᠲᠡᠯᠭᠡᠷᠡᠵᠦ᠂ ᠬᠠᠷᠠᠵᠠ ᠪᠣᠯᠠᠭ ᠤᠨ ᠣᠰᠣ ᠨᠢ ᠭᠤᠷᠴᠢᠬᠢᠨᠠᠨ ᠣᠷᠣᠰᠴᠦ᠂ ᠵᠦᠢᠯ ᠵᠢᠰᠦᠮ ᠤᠨ ᠰᠢᠪᠠᠭᠤᠳ ᠨᠢ ᠡᠯᠢᠨ ᠬᠠᠯᠢᠨ ᠨᠢᠰᠦᠯᠳᠦᠭᠡᠳ᠂ ᠰᠡᠷᠬᠦᠯᠡᠩ ᠴᠣᠪᠣᠭᠤ ᠵᠦᠷ ᠭᠤᠷ᠎ᠠ ᠨᠢ ᠴᠠᠬᠢᠯᠭᠠᠨ ᠰᠢᠭ ᠴᠠᠬᠢᠯᠤᠭᠠᠳ ᠁ ᠭᠡᠳᠡᠯ᠎ᠡ ᠦᠨᠦ ᠪᠢ ᠬᠤᠯᠠ ᠶᠢᠨ ᠠᠨᠢᠷ ᠢ ᠴᠢᠮᠡᠭᠡᠯᠡᠭᠰᠡᠨ ᠠᠵᠢᠷᠭ᠎ᠠ ᠮᠡᠳᠦ ᠰᠦᠷᠦᠭ ᠵᠠᠬᠠᠯᠠᠨ ᠵᠣᠭᠰᠣᠭᠠᠳ᠂ ᠱᠣᠣᠬᠢᠶᠠᠨᠳᠦ ᠬᠤᠷᠸ᠎ᠠ ᠶᠢᠨ ᠨᠠᠷᠬᠢᠶᠠᠨᠳᠦ ᠦᠵᠡᠭᠳᠡᠯ ᠢ ᠦᠭᠡᠷ᠎ᠡ ᠵᠢᠷᠳᠢᠨᠴᠦ ᠠᠴᠠ ᠢᠷᠡᠭᠰᠡᠨ ᠬᠦᠮᠦᠨ ᠮᠡᠳᠦ ᠰᠢᠨᠵᠢᠨ᠂ ᠲᠡᠷᠡᠴᠢᠯᠡᠨ ᠠᠯᠢ ᠬᠡᠳᠦ᠋ᠨ ᠠᠴᠠ ᠦᠶᠡᠷᠬᠡᠵᠦ ᠲᠠᠰᠣᠯᠴᠠᠭᠰᠠᠨ ᠬᠦᠮᠦᠰ ᠲᠠᠢ ᠪᠠᠨ ᠨᠠᠷᠬᠢᠨ ᠲᠡᠪᠵᠢᠶᠡᠷᠡᠬᠦ ᠶᠢ ᠴᠦ ᠲᠡᠪᠴᠢᠬᠦ ᠪᠣᠯᠣᠭᠰᠠᠨ ᠮᠢᠨᠢ ᠦᠯᠡᠳᠡᠭᠡ ᠬᠠᠭᠠᠰ ᠨᠠᠰᠣ ᠪᠠᠨ ᠤᠳᠬ᠎ᠠ ᠠᠭᠤᠯᠭ᠎ᠠ ᠲᠠᠢ ᠦᠩᠭᠡᠷᠡᠬᠦᠯᠬᠦ ᠶᠢ ᠰᠠᠨᠠᠭᠠᠴᠢᠯᠠᠵᠦ ᠪᠠᠶᠢᠭ᠎ᠠ ᠨᠢ ᠲᠠᠷᠡ᠃ ᠨᠠᠮᠠᠢᠢ ᠬᠤᠬᠢᠷᠠᠭᠤᠯᠳᠠᠭ ᠵᠦᠢᠯ᠂ ᠵᠦᠪ ᠡᠨᠧᠷᠬᠢ ᠦᠭᠳᠡᠭ ᠦᠭᠡᠢ ᠬᠦᠮᠦᠨ ᠬᠠᠷ᠎ᠠ ᠠᠴᠠ ᠬᠤᠯᠠ ᠪᠠᠶᠢᠵᠦ᠂ ᠠᠮᠢᠬᠠᠨ ᠳᠠᠭᠠᠨ ᠪᠡᠷᠢ ᠴᠡᠴᠡᠭ ᠰᠢᠭ ᠣᠯᠠᠷᠢᠯ ᠢᠶᠠᠨ ᠲᠠᠭᠠᠨ ᠲᠡᠯᠭᠡᠷᠡᠵᠦ ᠬᠤᠬᠢᠷᠠᠬᠤ ᠨᠢ ᠴᠠᠭ ᠤᠨ ᠦᠩᠭᠡ ᠶᠢ ᠲᠠᠭᠠᠵᠦ ᠭᠠᠩᠭᠠᠷᠠᠬᠤ ᠠᠴᠠ ᠬᠠᠪᠢ ᠦᠭᠡᠢ ᠰᠠᠶᠢᠬᠠᠨ ᠡ᠃       ᠪᠦᠷᠢᠭᠰᠡᠨ ᠴᠠᠢ ᠶᠢᠨ ᠮᠢᠨᠢ ᠠᠭᠤᠷ ᠨᠠᠷᠠᠨ ᠤ ᠭᠡᠷᠡᠯ ᠢ ᠵᠦᠰᠦᠩᠭᠡᠨ ᠠᠭᠠᠵᠢᠮ ᠢᠶᠠᠷ ᠵᠠᠮᠬᠠᠷᠠᠨ᠎ᠠ᠃ ᠦᠩᠭᠡᠷᠡᠭᠰᠡᠨ ᠢᠶᠠᠨ ᠰᠠᠨᠠᠭᠠᠯᠵᠠᠬᠤ ᠦᠭᠡᠢ᠂ ᠢᠷᠡᠭᠡᠳᠦᠢ ᠶᠢᠨ ᠲᠦᠯᠦᠭᠡ ᠪᠣᠳᠣᠯᠭᠠᠰᠢᠷᠠᠬᠤ ᠦᠭᠡᠢ᠂ ᠵᠦᠪᠬᠡᠨ ᠦᠨᠦᠳᠦᠷ ᠢᠶᠠᠨ ᠨᠠᠨᠳᠢᠩᠨᠠ ᠬᠡᠵᠦ ᠬᠡᠨ ᠨᠢᠭᠡ ᠨᠢ ᠬᠡᠯᠡᠵᠦ ᠦᠩᠭᠡᠷᠡᠭᠰᠡᠨ ᠪᠢᠯᠡ︖ ᠪᠦᠯᠢᠶᠡᠭᠡᠨ ᠴᠠᠢ ᠪᠠᠨ ᠣᠭᠤᠴᠢᠯᠠᠭᠠᠳ᠂ ᠺᠣᠮᠫᠢᠦ᠋ᠲ᠋ᠧᠷ ᠢᠶᠠᠨ ᠲᠡᠯᠭᠡᠨ᠂ ᠬᠠᠭᠠᠰ ᠲᠣᠳᠠᠭᠤ ᠣᠷᠬᠢᠭᠰᠠᠨ ᠵᠣᠬᠢᠶᠠᠯ ᠢᠶᠠᠨ ᠵᠠᠯᠭᠠᠭᠠᠳ ᠰᠡᠳᠭᠢᠮᠵᠢᠯᠡᠬᠦ ᠶᠢ ᠵᠣᠷᠢᠳᠠᠯ᠎ᠠ᠂ ᠨᠢᠭᠡᠨ ᠰᠢᠷ᠎ᠠ ᠠᠯᠠᠭ ᠮᠣᠣᠷ ᠴᠣᠩᠬᠤᠨ ᠲᠠᠶᠢᠵᠠᠨ ᠲᠡᠭᠡᠷ᠎ᠡ ᠮᠢᠨᠢ ᠦᠰᠦᠷᠦᠨ ᠭᠠᠷᠴᠦ ᠢᠷᠡᠭᠡᠳ ︽ᠮᠢᠶᠦᠦ ᠮᠢᠶᠦᠦ︾ ᠬᠡᠵᠦ ᠬᠤᠶᠠᠷᠳᠠ ᠮᠢᠶᠠᠯᠠᠯ᠎ᠠ᠃       ᠨᠢᠳᠦᠨ ᠡᠮᠦᠨ᠎ᠡ ᠮᠢᠨᠢ ᠠᠯᠢ ᠭᠡᠳᠦ᠋ᠨ ᠰᠡᠳᠡᠷᠯᠡᠭᠰᠡᠨ ᠮᠣᠣᠷ ᠮᠢᠨᠢ ᠢᠯᠡᠷᠡᠬᠦ ᠳᠤ᠂ ᠬᠦᠭᠡᠷᠦᠬᠦᠢ ᠲᠡᠬᠦᠨ ᠤ ᠮᠢᠨᠢ ᠦᠷ᠎ᠡ ᠰᠠᠳᠦ ᠤᠤ ᠬᠡᠵᠦ ᠪᠣᠳᠣᠨ ᠦᠷᠬᠦᠭᠡᠴᠢᠬᠡᠬᠦ ᠠᠴᠠ ᠪᠠᠨ ᠪᠣᠯᠭᠤᠮᠵᠢᠯᠠᠵᠦ᠂ ᠵᠦᠭᠡᠷ ᠯᠡ ᠰᠢᠷᠳᠡᠵᠦ ᠰᠠᠭᠤᠵᠠᠢ᠃ ᠲᠡᠷᠡ ᠴᠦ ᠨᠠᠳᠠ ᠣᠷᠣᠭᠤ ᠰᠢᠷᠳᠡᠨ᠎ᠡ᠃ ᠬᠠᠷ᠎ᠠ ᠪᠠᠭ᠎ᠠ ᠶᠢᠨ ᠲᠠᠨᠢᠯ ᠶᠣᠮ ᠰᠢᠭ ᠡᠶᠡᠯᠳᠡᠩᠬᠡᠨ ᠬᠠᠷᠠᠴᠠ ᠪᠠᠷ ᠮᠣᠣᠷ ᠪᠢᠳᠡ ᠬᠤᠶᠠᠷ ᠦᠭᠡᠳᠡ ᠦᠭᠡᠳᠡ ᠠᠴᠠ ᠪᠠᠨ ᠰᠢᠷᠳᠡᠯᠴᠡᠨ ᠰᠠᠭᠤᠬᠤ ᠬᠤᠭᠤᠷᠣᠨᠳᠦ᠂ ᠦᠨᠦ ᠮᠣᠣᠷ ᠮᠢᠨᠢ ᠰᠠᠨᠠᠭᠠᠨ ᠳᠤ ᠪᠠᠭᠤᠨ᠎ᠠ᠃ ᠲᠡᠷᠡ ᠠᠩᠬ᠎ᠠ ᠣᠳᠠᠭ᠎ᠠ ᠪᠠᠨ ᠬᠠᠳᠠᠪᠴᠢ ᠶᠢ ᠮᠢᠨᠢ ᠲᠠᠪᠠᠭᠤ ᠦᠶᠡᠰ᠂ ᠰᠦᠬᠦᠮ ᠬᠢᠷᠢᠳᠡᠢ ᠣᠷᠳᠦ᠂ ᠦᠯᠦᠰᠴᠦ ᠦᠯᠪᠡᠷᠦᠭᠡᠳ ᠭᠤᠷᠢᠩᠭᠤᠳᠠᠬᠤ ᠳᠠᠭᠠᠨ ᠰᠢᠬᠠᠭᠰᠠᠨ ᠶᠠᠭᠤᠮ᠎ᠠ ᠬᠠᠷᠠᠭᠳᠠᠵᠦ ᠪᠠᠶᠢᠭᠰᠠᠨ᠃ ᠬᠤᠭᠤᠯᠠ ᠣᠮᠳᠠ ᠦᠢᠷᠠᠳᠣᠭᠤᠯᠪᠠᠯ᠂ ᠠᠶᠣᠵᠦ ᠰᠣᠴᠢᠭᠠᠳ ᠮᠣᠳᠣᠨ ᠣᠷᠣᠨ ᠤ ᠲᠣᠣᠭᠤᠷ ᠰᠢᠷᠭᠤᠯᠠᠨ ᠨᠢᠭᠤᠭᠳᠠᠵᠦ᠂ ᠭᠠᠷᠴᠦ ᠢᠷᠡᠬᠦ ᠪᠠᠨ ᠪᠣᠯᠢᠴᠢᠬᠠᠨ᠎ᠠ᠃ ᠬᠡᠵᠢᠶ᠎ᠡ ᠬᠤᠶᠢᠨ᠎ᠠ ᠨᠢ ᠵᠢᠭᠠᠬᠠᠨ ᠲᠠᠰᠬᠤ ᠰᠢᠦ ᠪᠣᠯᠣᠭᠰᠠᠨ ᠴᠦ᠂ ᠪᠣᠯᠭᠤᠭᠠᠭᠰᠠᠨ ᠮᠢᠬ᠎ᠠ ᠶᠢ ᠴᠢᠨᠢ ᠲᠡᠮᠡᠢ ᠲᠣᠭᠤᠬᠤ ᠦᠭᠡᠢ᠂ ᠭᠠᠳᠠᠨ᠎ᠠ ᠭᠠᠷᠣᠭᠠᠳ ᠬᠤᠯᠣᠭᠠᠨ᠎ᠠ ᠪᠡᠷᠢᠬᠤ ᠬᠡᠵᠦ ᠮᠡᠷᠡᠶᠢᠨ᠎ᠡ᠃ ᠲᠠᠷᠢᠶ᠎ᠠ ᠲᠦᠮᠦᠰᠦ ᠦᠭᠡᠢ ᠭᠠᠵᠠᠷ ᠬᠤᠯᠣᠭᠠᠨ᠎ᠠ ᠶᠠᠭᠤᠨ ᠳᠠᠭᠠᠨ ᠲᠣᠬᠳᠠᠨ᠎ᠠ ᠪᠣᠢ ᠳ᠋ᠠ᠃ ᠶᠠᠭᠠᠬᠢᠬᠤ ᠪᠣᠢ᠂ ᠠᠷᠠᠴᠢᠭ᠎ᠠ ᠦᠭᠡᠢ ᠬᠡᠬᠡᠷ᠎ᠡ ᠶᠢᠨ ᠠᠮᠢᠳᠠᠨ ᠡ᠂ ᠭᠡᠭᠡᠷ᠎ᠡ ᠶᠢᠨ ᠠᠮᠢᠳᠠᠨ ᠭᠡᠭᠡᠷ᠎ᠡ ᠳᠡᠭᠡᠨ ᠪᠠᠶᠢᠭ ᠬᠡᠵᠦ ᠲᠡᠶᠢᠰᠢ ᠨᠢ ᠵᠠᠯᠠᠪᠠᠯ᠂ ᠡᠷᠬᠢᠵᠦ ᠬᠠᠷᠠᠨ ᠬᠡᠳᠦᠨᠳᠡ ᠮᠢᠶᠠᠯᠠᠭᠠᠳ᠂ ᠠᠭᠯᠠᠭ ᠤᠨ ᠬᠦᠨ ᠢ ᠵᠣᠷᠢᠭᠠᠳ ᠣᠳᠣᠯ᠎ᠠ ᠰᠢᠦ᠃       ᠰᠢᠷ᠎ᠠ ᠠᠯᠠᠭ ᠮᠣᠣᠷ ᠰᠠᠬᠠᠯ ᠢᠶᠠᠨ ᠰᠡᠷᠪᠡᠯᠵᠡᠬᠦᠯᠦᠨ᠂ ᠲᠣᠯᠣᠭᠠᠢ ᠪᠠᠨ ᠵᠢᠭᠠᠬᠠᠨ ᠬᠢᠯᠵᠶᠢᠯᠬᠡᠨ ᠨᠠᠮᠠᠢᠢ ᠣᠷᠮᠠᠳᠠᠶᠢᠬᠠᠨ ᠰᠢᠷᠳᠡᠬᠦ ᠨᠢ ᠦᠨᠢ ᠡᠷᠳᠡᠨ ᠤ ᠨᠢᠭᠡᠨ ᠦᠯᠢᠭᠡᠷ ᠢ ᠬᠠᠭᠤᠴᠢᠯᠠᠬᠤ ᠮᠡᠳᠦ᠃ ᠰᠠᠯᠬᠢ ᠨᠡᠩᠳᠡ ᠲᠣᠭᠰᠢᠷᠠᠵᠦ᠂ ᠲᠡᠬᠦᠨ ᠤ ᠦᠰᠦ ᠤᠩᠭᠠᠰᠤ ᠶᠢ ᠨᠢ ᠦᠷᠪᠦᠯᠵᠡᠬᠦᠯᠦᠨ ᠭᠡᠶᠢᠰᠭᠡᠨ᠎ᠡ᠃ ᠲᠡᠷᠡ ᠣᠭᠳᠣ ᠬᠦᠳᠡᠯᠦᠯ ᠦᠬᠡᠢ ᠰᠠᠭᠤᠬᠤ ᠨᠢ ᠢᠳᠡ ᠨᠠᠮᠣᠷ ᠢᠶᠠᠷ ᠰᠠᠯᠬᠢ ᠰᠦᠷᠦᠭᠡᠳ ᠵᠣᠭᠰᠣᠳᠠᠭ ᠦᠪᠡᠷ ᠲᠠᠢ ᠮᠢᠨᠢ ᠡᠭᠡᠭᠡ ᠠᠳᠠᠯᠢᠬᠠᠨ᠃ ᠭᠠᠭᠴᠠᠭᠠᠷᠳᠠᠯ ᠳᠤ ᠣᠯᠵᠠᠯᠠᠭᠳᠠᠭᠰᠠᠨ ᠬᠦᠮᠦᠨ ᠳᠤ᠂ ᠰᠠᠷᠠᠨᠠᠢ ᠶᠢᠨ ᠨᠢᠭᠡᠨ ᠬᠡᠯᠳᠡᠰ᠂ ᠪᠠᠳᠣᠴᠠᠭᠠᠨ ᠤ ᠣᠯᠠᠶᠢᠭᠰᠠᠨ ᠨᠠᠪᠴᠢ᠂ ᠲᠡᠷᠡᠴᠢᠯᠡᠨ ᠢᠳᠡᠰᠢ ᠵᠦᠭᠡᠭᠡᠨ ᠵᠦᠷᠢᠯᠳᠦᠳᠡᠭ ᠰᠢᠷᠭᠤᠯᠵᠢ ᠬᠦᠷᠳᠡᠯ᠎ᠡ ᠲᠠᠶᠢᠴᠢᠨ ᠬᠠᠨᠢ ᠨᠢ ᠪᠣᠯᠳᠠᠭ ᠶᠣᠮ ᠴᠢᠨᠢ ᠁       ᠬᠡᠴᠡᠬᠦᠦ ᠭᠠᠭᠴᠠᠭᠠᠷᠳᠠᠵᠦ ᠳ᠋ᠠ ᠭᠡᠳ ᠪᠢ ᠴᠣᠩᠬᠤ ᠪᠠᠨ ᠨᠡᠭᠡᠭᠡᠳᠡᠯ᠎ᠡ ᠲᠡᠷᠡ ᠬᠦᠳᠡᠯᠭᠡᠭᠡᠨ ᠦᠭᠡᠢ᠂ ᠨᠠᠮᠠᠢᠢ ᠰᠢᠨᠵᠢᠵᠦ ᠯᠡ ᠪᠠᠶᠢᠨ᠎ᠠ᠃ ᠭᠠᠷ ᠢᠶᠠᠨ ᠬᠢᠴᠢᠶᠡᠮᠵᠢᠳᠡᠶᠢᠭᠡᠨ ᠰᠣᠩᠭᠠᠭᠰᠠᠭᠠᠷ ᠦᠰᠦ ᠶᠢ ᠨᠢ ᠢᠯᠪᠢᠬᠦ ᠳᠤ᠂ ᠲᠡᠷᠡ ᠪᠠᠷ ᠬᠡᠨᠡᠳᠳᠡ ᠴᠢᠬᠢ ᠪᠠᠨ ᠰᠡᠷᠳᠡᠶᠢᠯᠬᠡᠨ ᠬᠠᠵᠠᠭᠤ ᠲᠡᠶᠢᠰᠢ ᠪᠠᠨ ᠰᠡᠷᠡᠮᠵᠢᠳᠡᠶᠢᠭᠡᠨ ᠠᠵᠢᠭᠯᠠᠨ᠂ ᠣᠭᠯᠣ ᠦᠰᠦᠷᠦᠨ ᠪᠠᠭᠤᠭᠠᠳ ᠡᠷᠬᠢᠨ ᠲᠣᠭᠤᠷᠢᠨ ᠢᠶᠠᠨ ᠰᠠᠶᠢᠳᠣᠷ ᠰᠢᠬᠦᠭᠡᠳ ᠡᠷᠬᠢᠨ ᠬᠠᠷᠠᠬᠤᠶᠢᠴᠠ ᠪᠣᠯᠣᠭᠠᠳ ᠶᠠᠪᠣᠵᠦ ᠣᠳᠣᠯ᠎ᠠ᠃       ᠪᠢ ᠺᠣᠮᠫᠢᠦ᠋ᠲ᠋ᠧᠷ ᠤᠨ ᠢᠶᠠᠨ ᠡᠮᠦᠨ᠎ᠡ ᠢᠷᠡᠵᠦ ᠰᠠᠭᠤᠭᠠᠳ᠂ ᠦᠨᠦᠬᠢ ᠪᠠᠨ ᠡᠪᠯᠡᠬᠦᠯᠬᠦ ᠬᠡᠬᠦ ᠳᠤ᠂ ᠰᠡᠳᠭᠢᠯ ᠰᠠᠨᠠᠭ᠎ᠠ ᠰᠢᠷ᠎ᠠ ᠠᠯᠠᠭ ᠮᠣᠣᠷ ᠢ ᠲᠠᠭᠠᠭᠠᠳ ᠶᠠᠪᠣᠴᠢᠬᠠᠭᠰᠠᠨ ᠬᠡᠮᠡᠷ᠂ ᠬᠤᠪ ᠬᠤᠭᠤᠰᠣᠨ᠃ ᠪᠢ ᠲᠠᠬᠢᠭᠠᠳ ᠯᠡ ᠨᠠᠷᠠ ᠡᠭᠡᠭᠡᠭᠡᠳ ᠰᠠᠭᠤᠯ᠎ᠠ᠃ ᠦᠳᠡ ᠭᠤᠣᠯᠯᠠᠭᠰᠠᠨ ᠨᠠᠷᠠᠨ ᠤ ᠭᠡᠷᠡᠯ ᠨᠡᠩ ᠬᠤᠷᠴᠠ᠂ ᠨᠠᠩ ᠢᠯᠴᠢ ᠲᠠᠢ᠃ ᠬᠤᠷᠠᠭᠠᠨ ᠡᠬᠦᠯᠡᠰ ᠠᠯᠣᠰᠷᠠᠨ᠂ ᠬᠡᠮᠡᠷᠯᠢᠭ ᠲᠣᠷᠭ᠎ᠠ ᠰᠢᠭ ᠰᠡᠮᠡᠵᠡᠨ ᠡᠬᠦᠯᠡ ᠭᠠᠭᠴᠠ ᠬᠤᠶᠠᠷ ᠢᠶᠠᠷ ᠬᠦᠪᠪᠦᠨ᠎ᠡ᠃ ᠡᠩ ᠤᠨ ᠦᠶᠡᠰ ᠠᠳᠡ ᠲᠡᠨᠳᠡ ᠲᠡᠮᠡᠢ ᠬᠡᠳᠦᠨ ᠶᠠᠭᠤᠮ᠎ᠠ ᠲᠠᠳᠠᠯᠠᠬᠤ ᠳᠤ᠂ ᠨᠢᠭᠡ ᠮᠣᠨᠳᠠᠭ ᠶᠠᠭᠤᠮ᠎ᠠ ᠪᠦᠳᠦᠭᠡᠴᠢᠬᠡᠮᠡᠷ ᠬᠡᠶᠢᠷᠬᠡᠨ᠎ᠡ᠃ ᠭᠡᠳᠡᠯ᠎ᠡ ᠶᠠᠭ ᠲᠣᠭᠤᠷᠪᠢᠬᠤ ᠬᠡᠬᠦ ᠪᠠᠷ ᠨᠢ ᠲᠠᠷᠢᠬᠢ ᠲᠣᠯᠣᠭᠠᠢ ᠰᠦᠪᠡᠭᠴᠢ ᠪᠠᠨ ᠣᠯᠬᠤ ᠦᠭᠡᠢ ᠮᠡᠩᠳᠡᠭᠡᠳ᠂ ᠵᠢᠷᠦᠭᠡ ᠰᠡᠳᠭᠢᠯ ᠴᠦ ᠬᠠᠮᠢᠭᠠᠭᠤᠷ ᠲᠡᠨᠦᠳᠡᠭ ᠢ ᠪᠣᠣ ᠮᠡᠳᠡ᠂ ᠰᠠᠨᠠᠭ᠎ᠠ ᠣᠨᠤᠭ᠎ᠠ ᠨᠡᠶᠢᠯᠡᠵᠦ ᠦᠭᠭᠦ ᠦᠭᠡᠢ ᠨᠢ ᠬᠠᠴᠢᠨ᠃       ︽ᠪᠢᠴᠢᠵᠦ ᠭᠠᠷᠬᠤ ᠦᠭᠡᠢ ᠴᠦ ᠰᠢᠬᠠᠵᠦ ᠪᠠᠶᠢᠭᠠᠳ ᠪᠢᠴᠢᠨ᠎ᠡ︾ ᠬᠡᠵᠦ ᠨᠢᠭᠡᠨ ᠠᠯᠳᠠᠷᠳᠦ ᠵᠣᠬᠢᠶᠠᠯᠴᠢ ᠦᠬᠦᠯᠡᠭᠰᠡᠨ ᠶᠣᠮ᠃ ᠪᠣᠳᠣᠬᠤ ᠳᠤ ᠮᠦᠨ ᠵᠣᠬᠢᠬᠤ ᠦᠭᠡ ᠡ᠃ ᠠᠯᠢᠪᠠ ᠪᠦᠬᠦᠨ ᠬᠦᠩᠭᠡᠨ ᠬᠠᠭᠤᠮᠠᠭᠠᠢ ᠳᠤ ᠣᠯᠵᠠᠯᠠᠭᠳᠠᠭᠰᠠᠨ ᠴᠠᠭ ᠲᠤ᠂ ᠦᠪᠡᠷ ᠢ ᠪᠠᠨ ᠡᠷᠢᠵᠦ ᠣᠯᠣᠨ᠂ ᠵᠢᠩᠬᠢᠨᠢ ᠬᠦᠰᠡᠵᠦ ᠪᠠᠶᠢᠭ᠎ᠠ ᠵᠦᠢᠯ ᠢᠶᠠᠨ ᠲᠠᠨᠢᠵᠦ ᠣᠯᠬᠤ ᠭᠡᠭᠴᠢ ᠶᠠᠭᠤᠨ ᠠᠴᠠ ᠴᠦ ᠴᠢᠬᠤᠯᠠ ᠪᠣᠶᠦ᠃ ᠠᠮᠠᠨ ᠳᠤ ᠣᠷᠣᠳᠠᠯ᠎ᠠ ᠠᠷᠪᠠᠨ ᠲᠠᠪᠠᠭ᠎ᠠ ᠡ᠃ ᠲᠦᠭᠡᠷᠢᠭᠳᠡᠯ ᠢ ᠲᠡᠪᠴᠢᠨ᠂ ᠨᠡᠷ᠎ᠡ ᠠᠯᠳᠠᠷ ᠬᠢᠭᠡᠳ ᠠᠰᠢᠭ ᠲᠣᠰᠠ ᠶᠢ ᠣᠭᠤᠷᠣᠨ᠂ ᠨᠠᠮ ᠬᠦᠮ ᠳᠤ ᠲᠠᠰᠴᠦ᠂ ᠶᠠᠭᠤ ᠨᠢᠭᠡ ᠶᠢ ᠪᠦᠳᠦᠭᠡᠨ᠎ᠡ ᠭᠡᠳᠡᠭ ᠨᠢᠭᠡ ᠪᠣᠳᠣᠪᠠᠯ ᠦᠪᠡᠷ ᠢ ᠪᠠᠨ ᠲᠡᠭᠦᠰ ᠦᠢᠯᠠᠭᠠᠳᠠᠭ ᠰᠢᠨᠲᠠᠰᠣᠯᠢᠭ ᠬᠦᠮᠦᠨ ᠤ ᠬᠦᠰᠡᠯᠳᠡ ᠵᠣᠷᠢᠯᠳᠠ ᠪᠠᠶᠢᠭ᠎ᠠ᠃       ᠬᠡᠷᠪᠡ ᠢᠷᠡᠬᠦ ᠲᠦᠷᠦᠯ ᠪᠠᠶᠢᠪᠠᠯ ᠬᠡᠵᠦ ᠪᠢ ᠲᠦᠰᠦᠭᠡᠯᠡᠬᠦ ᠲᠣᠷ᠎ᠠ ᠦᠭᠡᠢ᠃ ᠪᠣᠷᠬᠠᠨ ᠳᠤ ᠰᠦᠰᠦᠭᠯᠡᠨ᠂ ᠣᠯᠤᠭ᠎ᠠ ᠦᠭᠡᠢ ᠵᠦᠢᠯ ᠢᠶᠠᠨ ᠣᠯᠬᠤ ᠬᠡᠵᠦ ᠭᠤᠷᠢᠳᠠᠬᠤ ᠦᠭᠡᠢ᠃ ᠣᠯᠳᠠᠭᠰᠠᠨ ᠡᠨᠡ ᠨᠠᠰᠣᠨ ᠳᠠᠭᠠᠨ ᠯᠠ ᠪᠡᠶᠡᠯᠡᠭᠡ ᠦᠭᠡᠢ ᠵᠦᠢᠯ ᠤᠨ ᠢᠶᠠᠨ ᠲᠦᠯᠦᠭᠡ ᠮᠠᠬᠠᠷᠠᠵᠦ ᠶᠠᠪᠣᠬᠤ ᠶᠢ ᠪᠠᠷᠢᠮᠳᠠᠯᠠᠬᠤ ᠲᠣᠷᠠᠳᠠᠢ᠃ ᠪᠡᠶᠡᠯᠡᠭᠰᠡᠨ ᠴᠦ ᠲᠡᠷᠡ᠂ ᠪᠡᠶᠡᠯᠡᠭᠡ ᠦᠭᠡᠢ ᠴᠦ ᠲᠡᠷᠡ᠂ ᠬᠦᠮᠦᠨ ᠤ ᠬᠤᠷᠸ᠎ᠠ ᠳᠤ ᠢᠷᠡᠭᠰᠡᠨ ᠤ ᠮᠢᠨᠢ ᠦᠨ᠎ᠡ ᠴᠡᠨ᠎ᠡ ᠬᠡᠵᠦ ᠡᠨᠡ᠃ ᠨᠢᠴᠦᠬᠦᠨ ᠢᠷᠡᠭᠰᠡᠨ ᠰᠢᠭ ᠢᠶᠠᠨ ᠨᠢᠴᠦᠬᠦᠨ ᠣᠳᠬᠤ ᠶᠢᠨ ᠴᠠᠭ᠂ ᠨᠠᠮᠠᠢᠢ ᠣᠷᠣᠯᠠᠭᠠᠳ ᠦᠯᠡᠳᠡᠬᠦ ᠨᠢ ᠲᠡᠷᠡᠰᠦᠨ ᠳᠤ ᠰᠢᠪᠡᠨᠡᠭᠰᠡᠨ ᠭᠡᠳᠦᠨ ᠦᠭᠡ ᠮᠢᠨᠢ ᠪᠠᠶᠢᠬᠤ᠃ ᠠᠯᠢ ᠡᠰᠡᠬᠦᠯ᠎ᠡ ᠭᠤᠨᠢᠬᠤ ᠶᠢᠨ ᠴᠠᠭ᠂ ᠴᠠᠭᠠᠰᠣᠨ᠎ᠠ ᠲᠠᠳᠠᠯᠠᠭᠰᠠᠨ ᠬᠡᠨᠡᠨ ᠦᠴᠢᠯ ᠤᠨ ᠦᠭᠡᠳᠡᠰᠦ ᠮᠢᠨᠢ ᠪᠠᠶᠢᠬᠤ᠃       ᠬᠠᠮᠢᠭ᠎ᠠ ᠨᠢᠭᠡᠨᠳᠡᠭᠡ ᠠᠴᠠ ᠯᠢᠩᠪᠦ ᠶᠢᠨ ᠡᠭᠡᠰᠢᠭ ᠮᠠᠨᠳᠣᠵᠦ᠂ ᠣᠶᠠᠩᠭᠠᠷᠠᠨ ᠣᠶᠠᠩᠭᠠᠷᠠᠭᠰᠠᠭᠠᠷ ᠠᠮᠣᠭᠤᠯᠠᠩ ᠡᠪᠦᠯᠵᠢᠶ᠎ᠡ ᠶᠢ ᠮᠢᠨᠢ ᠲᠣᠭᠤᠷᠢᠭᠠᠳ ᠰᠢᠷᠦᠩᠬᠠᠶᠢᠯᠠᠨ᠎ᠠ᠃ ᠡᠨᠡ ᠡᠭᠡᠰᠢᠭ ᠮᠠᠨᠳᠣᠭᠠᠳ ᠪᠠᠶᠢᠭᠠᠰᠠᠢ᠂ ᠲᠦᠷᠢᠯᠭᠡᠨ ᠳᠤᠨᠢ ᠬᠠᠪᠣᠷ ᠡᠷᠳᠡ ᠶᠢᠨ ᠢᠷᠭᠤᠢ ᠰᠢᠭ ᠴᠠᠰᠣᠨ ᠤ ᠲᠣᠣᠷ᠎ᠠ ᠠᠴᠠ ᠴᠣᠬᠤᠶᠢᠬᠤ ᠰᠠᠨ᠃
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ